ᠵᠤᠵᠢ ᠰᠡᠷᠡᠭᠡᠨᠡᠨᠭ – ᠯ ᠂ ᠸᠠᠩᠭᠠᠨ Зож сэрээнэн – Л ᠂ Вангаан
ᠵᠤᠵᠢ ᠰᠡᠷᠡᠭᠡᠨᠡᠨᠭ
( ᠱᠣᠭ ᠥᠭᠦᠯᠡᠯᠭᠡ)
ᠯ · ᠸᠠᠩᠭᠠᠨ
ᠰᠡᠷᠡᠭᠡᠨᠡᠩ ᠭᠤᠸᠠᠢ ᠥᠩᠭᠡᠷᠡᠳᠡᠭ ᠨᠠᠮᠤᠷ ᠵᠢᠷᠠᠨ ᠨᠠᠰᠤ ᠬᠦᠷᠴᠦ᠂ ᠨᠢᠭᠡᠳᠦᠯ ᠣᠢ ᠶ᠋ᠢ ᠨᠢ ᠲᠡᠮᠳᠡᠭᠯᠡᠵᠦ ᠨᠢᠵᠢᠭᠡᠷ ᠨᠠᠢᠷ ᠪᠣᠯᠤᠭᠰᠠᠨ ᠶᠤᠮ ᠪᠠᠢᠬ᠎ᠠ᠂ ᠠᠷᠭ᠎ᠠ ᠦᠭᠡᠢ ᠳᠡ᠃ ᠰᠡᠷᠡᠭᠡᠨᠡᠩ ᠭᠤᠸᠠᠢ ᠶ᠋ᠢᠨ ᠣᠢ ᠳᠡᠭᠡᠷ᠎ᠡ ᠨᠢᠭᠡᠳᠦᠯ ᠭᠠᠷ ᠢ᠋ᠶ᠋ᠠᠨ ᠭᠠᠷᠭᠠᠯ ᠦᠭᠡᠢ ᠴᠦ᠍ ᠶᠠᠭᠠᠬᠢᠬᠤᠪ᠂ ᠵᠢᠳᠬᠦᠯ ᠴᠦ᠍ ᠭᠡᠵᠦ ᠵᠦᠢᠷᠯᠡᠰᠢ ᠦᠭᠡᠢ᠂ ᠤᠬᠠᠮᠰᠠᠷ ᠰᠠᠨᠠᠭᠠᠴᠢᠯᠠᠭ᠎ᠠ ᠴᠤ᠌ ᠭᠡᠵᠦ ᠶᠣᠰᠣᠲᠠᠢ ᠦᠯᠢᠭᠡᠷ ᠵᠢᠱ᠌ᠢᠶ᠎ᠡ ᠪᠣᠯᠤᠭᠰᠠᠨ ᠬᠥᠮᠦᠨ ᠶᠦ᠍ᠮ ᠰᠢᠦ᠃
ᠡᠨᠡ ᠣᠢ ᠳ᠋ᠤ᠌ ᠣᠨᠴᠠᠯᠢᠭ ᠰᠣᠨᠢᠨ ᠶᠠᠭᠤᠮ᠎ᠠ ᠪᠣᠯᠤᠭᠰᠠᠨ ᠶᠤᠮ ᠭᠡᠨ᠎ᠡ ᠪᠢᠯᠡ᠃ ᠨᠢᠭᠡ ᠨᠢ ᠨᠢᠭᠡᠳᠦᠯ ᠦ᠋ᠨ ᠲᠥᠪ ᠳᠡᠭᠡᠷ᠎ᠡ ᠪᠡᠨ ᠨᠠᠢ᠍ᠮᠠᠨ ᠬᠠᠨ᠎ᠠ ᠲᠠᠢ ᠲᠣᠮᠣ ᠭᠡᠷ ᠪᠠᠷᠢᠭᠠᠳ ᠨᠢᠭᠡᠳᠦᠯ ᠦ᠋ᠨ ᠤᠳᠤᠷᠢᠳᠤᠯᠭ᠎ᠠ ᠠ᠋ᠴᠠ ᠵᠣᠷᠢᠭᠤᠳᠠ ᠮᠣᠨᠲ᠋ᠶᠣᠷ( ᠴᠠᠬᠢᠯᠭᠠᠴᠢᠨ) ᠡᠭᠦᠷᠭᠡ ᠥᠭᠴᠦ ᠲᠡᠷᠡ ᠭᠡᠷ ᠲᠦ᠍ ᠳᠥᠷᠪᠡᠨ ᠴᠢᠳᠧᠩ( ᠴᠠᠬᠢᠯᠭᠠᠨ ᠳ᠋ᠧᠩ) ᠲᠠᠯᠪᠢᠭᠤᠯᠵᠤ ᠡᠳᠦᠷ ᠰᠢᠭ ᠭᠡᠷᠡᠯᠲᠦᠭᠦᠯᠦᠭᠰᠡᠨ ᠶᠦ᠍ᠮ ᠭᠡᠨ᠎ᠡ ᠪᠢᠯᠡ᠃ ᠬᠣᠶᠠᠷ ᠲᠤ᠌ ᠨᠠᠢᠷ ᠤ᠋ᠨ ᠳᠤᠮᠳᠠ ᠰᠡᠷᠡᠭᠡᠨᠡᠩ ᠭᠤᠸᠠᠢ ᠲᠡᠷᠡ ᠴᠢᠳᠧᠩ ᠦ᠋ᠨ ᠭᠡᠷᠡᠯ ᠡᠴᠡ ᠰᠠᠨᠠᠭ᠎ᠠ ᠲᠥᠷᠥᠵᠦ ᠠᠮᠠ ᠨᠢ ᠬᠠᠯᠠᠭᠰᠠᠨ ᠳ᠋ᠠᠭᠠᠨ ᠳᠡᠭᠡᠷ᠎ᠡ ᠦᠶ᠎ᠡ ᠳ᠋ᠦ᠍ ᠤᠯᠠᠭᠠᠨᠪᠠᠭᠠᠲᠤᠷ ᠬᠣᠲᠠ ᠣᠷᠣᠭᠠᠳ ᠬᠥᠭ ᠢ᠋ᠶ᠋ᠡᠷ ᠲᠠᠷᠢᠵᠤ ᠲᠡᠭᠦᠨ ᠢ᠋ ᠪᠡᠨ ᠬᠣᠷᠢᠭᠠᠳ ᠵᠢᠯ ᠨᠢᠭᠤᠵᠤ ᠨᠡᠷᠡᠯᠬᠡᠵᠦ ᠶᠠᠪᠤᠭᠰᠠᠨ ᠲᠤᠬᠠᠢ ᠫᠢᠶᠠᠩ( ᠱᠣᠭ ᠲᠠᠢ ᠶᠠᠪᠤᠳᠠᠯ) ᠢ᠋ᠶ᠋ᠠᠨ ᠶᠠᠷᠢᠵᠤ᠂ ᠳᠠᠷᠤᠭ᠎ᠠ ᠮᠠᠨᠢ ᠴᠤ᠌ ᠳᠥᠷᠪᠡᠨ ᠴᠢᠳᠧᠩ ᠲᠠᠯᠪᠢᠭᠤᠯᠤᠭᠰᠠᠨ ᠤ᠋ ᠪᠠᠨ ᠬᠡᠷᠡᠭ ᠢ᠋ ᠪᠦᠲᠦᠭᠡᠭᠰᠡᠨ ᠶᠦ᠍ᠮ ᠭᠡᠨ᠎ᠡ ᠪᠢᠯᠡ᠃ ᠲᠡᠭᠦᠨ ᠡᠴᠡ ᠥᠭᠡᠷ᠎ᠡ ᠴᠠᠭ ᠲᠤ᠌ ᠪᠣᠯ ᠰᠡᠷᠡᠭᠡᠨᠡᠩ ᠭᠤᠸᠠᠢ ᠳᠠᠭᠤ ᠴᠥᠭᠡᠬᠡᠨ ᠲᠡᠢ ᠠᠳᠠᠭᠠᠷ ᠵᠠᠩ ᠲᠠᠢ᠂ ᠬᠢᠬᠦ ᠶ᠋ᠢ ᠮᠡᠳᠡᠬᠦ ᠡᠴᠡ ᠪᠢᠰᠢ ᠬᠡᠯᠡᠬᠦ ᠶᠠᠷᠢᠬᠤ ᠶ᠋ᠢ ᠮᠠᠷᠲᠠᠭᠰᠠᠨ ᠶᠤᠮ ᠰᠢᠭ᠋ ᠬᠥᠮᠦᠨ᠂ ᠬᠠᠶᠠ ᠨᠤᠲᠤᠭ ᠤ᠋ᠨ ᠵᠠᠷᠢᠮ ᠬᠥᠭᠰᠢᠳ ᠵᠣᠵᠢ ᠰᠡᠷᠡᠭᠡᠨᠡᠩ ᠭᠡᠳᠡᠭ ᠶᠦ᠍ᠮ᠃ ᠴᠣᠬᠣᠮ ᠣᠪᠣᠭ ᠨᠢ ᠪᠣᠯ ᠭᠠᠯᠳᠠᠨ ᠶᠤᠮ ᠃ ᠵᠣᠵᠢ ᠭᠡᠳᠡᠭ ᠡᠨᠡ ᠬᠣᠴᠢ ᠶ᠋ᠢ ᠰᠡᠷᠡᠭᠡᠨᠡᠩ ᠭᠤᠸᠠᠢ ᠳ᠋ᠤ᠌ ᠬᠣᠷᠢᠨ ᠬᠡᠳᠦᠨ ᠵᠢᠯ ᠦ᠋ᠨ ᠤᠷᠢᠳ ᠨᠤᠲᠤᠭ ᠤ᠋ᠨ ᠬᠢᠨᠢ ᠥᠭᠬᠦ ᠳ᠋ᠡᠭᠡᠨ ᠬᠢᠯᠢᠰᠲᠦᠭᠦᠯᠦᠭᠡ ᠦᠭᠡᠢ ᠶᠦ᠍ᠮ ᠭᠡᠨ᠎ᠡ ᠪᠢᠯᠡ᠃
ᠰᠡᠷᠡᠭᠡᠨᠡᠩ ᠭᠤᠸᠠᠢ1924 ᠣᠨ ᠳ᠋ᠤ᠌21 ᠨᠠᠰᠤᠲᠠᠢ ᠭᠡᠷᠯᠡᠭᠡᠳ ᠴᠥᠭᠡᠨ ᠮᠠᠯ ᠲᠠᠢ ᠭᠡᠷ ᠪᠣᠯᠵᠤ ᠲᠠᠰᠤᠷᠠᠭᠠᠳ᠂ ᠰᠤᠮᠤ ᠶ᠋ᠢᠨ ᠢᠶᠠᠨ ᠬᠠᠮᠤᠭ ᠤ᠋ᠨ ᠵᠡᠭᠦᠨ ᠤᠷᠲᠤ ᠲᠠᠯ᠎ᠠ ᠶ᠋ᠢᠨ ᠵᠡᠯᠢᠭᠦᠳ ᠨᠤᠲᠤᠭ《 ᠰᠢᠷ᠎ᠠ ᠰᠢᠪᠠᠭᠤᠲᠤ ᠶ᠋ᠢᠨ ᠠᠮᠠ》 ᠭᠡᠳᠡᠭ ᠲᠦ᠍ ᠭᠠᠭᠴᠠ ᠪᠡᠶ᠎ᠡ ᠪᠡᠷ ᠢᠶᠠᠨ ᠭᠤᠴᠢᠭᠠᠳ ᠵᠢᠯ ᠪᠣᠯᠵᠠᠢ᠃ ᠰᠢᠷ᠎ᠠ ᠰᠢᠪᠠᠭᠤᠲᠤ ᠶ᠋ᠢᠨ ᠠᠷᠤ ᠭᠡᠳᠡᠭ ᠠᠷᠤ ᠳ᠋ᠠᠭᠠᠨ ᠮᠣᠳᠣ ᠲᠠᠢ ᠬᠣᠢᠲᠤ ᠥᠪᠥᠷ ᠨᠢ ᠥᠨᠳᠥᠷ ᠴᠣᠬᠢᠶ᠎ᠠ ᠬᠠᠳᠠ ᠲᠠᠢ᠂ ᠠᠮᠠ ᠪᠠᠨ ᠥᠭᠰᠥᠬᠡᠷ ᠬᠠᠪᠴᠢᠭᠤ᠂ ᠨᠥᠮᠥᠷᠢ ᠶᠡᠬᠡ ᠲᠡᠢ ᠳᠤᠯᠠᠭᠠᠨ ᠡᠪᠦᠯᠵᠢᠶ᠎ᠡ ᠲᠡᠢ ᠠᠮᠠ ᠤᠷᠤᠭᠤᠳᠠᠬᠤ ᠪᠠᠷ ᠠᠭᠤᠵᠢᠷᠠᠵᠤ ᠲᠠᠯᠪᠢᠭᠤ ᠰᠡᠷᠢᠭᠦᠨ ᠪᠣᠯᠳᠠᠭ᠂ ᠵᠠᠳᠠᠭᠠᠢ ᠰᠠᠢᠬᠠᠨ ᠭᠣᠷᠣᠬ᠎ᠠ ᠶ᠋ᠢᠨ ᠤᠰᠤ ᠲᠠᠢ ᠳᠥᠷᠪᠡᠨ ᠤᠯᠠᠷᠢᠯ ᠤ᠋ᠨ ᠪᠡᠯᠴᠢᠭᠡᠷ ᠪᠦᠷᠢᠳᠦᠭᠰᠡᠨ ᠨᠢᠭᠡ ᠰᠡᠷᠡᠭᠡᠨᠡᠩ ᠪᠠᠢᠲᠤᠭᠠᠢ ᠨᠢᠭᠡ ᠬᠡᠰᠡᠭ ᠰᠡᠷᠡᠭᠡᠨᠡᠩ ᠢ᠋ ᠪᠠᠭᠲᠠᠭᠠᠬᠤ ᠠᠮᠠ ᠶᠤᠮ ᠠ᠋᠃ ᠰᠡᠭᠦᠯ ᠦ᠋ᠨ ᠭᠤᠴᠢᠭᠠᠳ ᠵᠢᠯ ᠳ᠋ᠦ᠍ ᠡᠨᠡ ᠠᠮᠠ ᠳ᠋ᠤ᠌ ᠡᠳᠡᠨ ᠦ᠌ ᠬᠢᠨ ᠡᠴᠡ ᠥᠭᠡᠷ᠎ᠡ ᠨᠢᠭᠡ ᠴᠦ᠍ ᠠᠢᠯ ᠪᠠᠢᠭ᠎ᠠ ᠦᠭᠡᠢ ᠤᠴᠢᠷ ᠨᠢ ᠨᠢᠭᠡ ᠳ᠋ᠦ᠍ ᠵᠡᠯᠢᠭᠦᠳ ᠬᠣᠯᠠ᠂ ᠬᠣᠶᠠᠷ ᠲᠤ᠌ ᠵᠣᠵᠢᠭ ᠰᠡᠷᠡᠭᠡᠨᠡᠩ ᠦ᠋ᠨ ᠬᠢ ᠲᠡᠨᠳᠡ ᠡᠵᠡᠩᠨᠡᠨ ᠪᠠᠢᠳᠠᠭ ᠶᠤᠮ ᠭᠡᠳᠡᠭ ᠡᠴᠡ ᠳᠤᠷ᠎ᠠ ᠦᠭᠡᠢᠴᠡᠳᠡᠭ ᠶᠦ᠍ᠮ ᠰᠠᠨᠵᠠᠢ᠃ ᠰᠡᠷᠡᠭᠡᠨᠡᠩ ᠭᠤᠸᠠᠢ ᠶᠠᠭᠰᠢᠲᠠᠯ᠎ᠠ ᠠᠮᠢ ᠪᠠᠨ ᠪᠣᠷᠣᠯᠠᠭᠤᠯᠳᠠᠭ ᠬᠥᠮᠦᠨ᠂ ᠰᠡᠷᠡᠭᠡᠨᠡᠩ ᠭᠤᠸᠠᠢ ᠬᠥᠮᠦᠨ ᠳ᠋ᠦ᠍ ᠶᠠᠭᠤᠮ᠎ᠠ ᠵᠢᠭᠡᠯᠡᠭᠦᠯᠵᠦ ᠲᠤᠰᠠ ᠬᠦᠷᠭᠡᠵᠦ ᠦᠵᠡᠭᠡ ᠦᠭᠡᠢ᠃ ᠡᠷᠢᠯ ᠦ᠋ᠨ ᠬᠥᠮᠦᠨ ᠳ᠋ᠦ᠍ ᠳᠣᠭᠣᠯᠭᠠᠵᠤ ᠰᠤᠷᠤᠭ᠎ᠠ ᠦᠭᠡᠢ ᠬᠥᠮᠦᠨ᠂ ᠠᠵᠢᠯᠯᠠᠵᠤ ᠪᠠᠢᠭ᠎ᠠ ᠬᠡᠳᠦ ᠡᠴᠡ ᠪᠡᠨ ᠠᠯᠳᠠᠵᠤ ᠬᠣᠯᠠᠳᠠᠵᠤ ᠦᠵᠡᠭᠡ ᠦᠭᠡᠢ ᠬᠥᠮᠦᠨ᠃ ᠡᠳᠡᠨ ᠦ᠌ ᠳ᠋ᠦ᠍ ᠬᠥᠯ ᠳᠠᠷᠤᠵᠤ ᠠᠢᠯᠴᠢᠳ ᠬᠣᠨᠣᠴᠠ ᠡᠷᠢᠳᠡᠭ ᠦᠭᠡᠢ ᠰᠢᠬᠠᠮ᠂ ᠬᠥᠭᠵᠢᠶᠡᠨ ᠨᠠᠢᠷ ᠨᠠᠭᠠᠳᠤᠮ ᠬᠢᠳᠡᠭ ᠦᠭᠡᠢ᠂ ᠡᠬᠡᠨᠡᠷ ᠥᠬᠢᠨ ᠬᠣᠶᠠᠷ ᠲᠠᠢ ᠪᠠᠨ ᠭᠤᠷᠪᠠᠭᠤᠯᠠ ᠪᠠᠨ ᠡᠨᠡ ᠠᠮᠠ ᠳ᠋ᠤ᠌ ᠨᠠᠮ ᠭᠦᠮ ᠠᠮᠢᠳᠤᠷᠠᠬᠤ ᠳ᠋ᠠᠭᠠᠨ ᠮᠠᠯ ᠭᠡᠪᠡᠯ ᠠᠷᠭᠠᠮᠵᠢᠶᠠᠨ ᠬᠣᠶᠠᠷ᠂ ᠰᠠᠢᠨ ᠡᠮᠡᠭᠡᠯ ᠦ᠋ᠨ ᠭᠤᠷᠪᠠ᠂ ᠪᠦᠭᠦᠳᠡ ᠲᠠᠪᠤᠨ ᠮᠣᠷᠢ ᠲᠠᠢ᠂ ᠬᠠᠷ᠎ᠠ ᠬᠦᠷᠡᠩ ᠬᠢᠯᠢᠩ ᠢ᠋ᠶ᠋ᠡᠷ ᠪᠦᠲᠦᠭᠡᠴᠢᠬᠡᠭᠰᠡᠨ ᠦᠬᠡᠷ ᠴᠢᠯᠠᠭᠤ ᠰᠢᠭ᠋ ᠠᠷᠪᠠᠭᠠᠳ ᠭᠢᠯᠲᠠᠭᠠᠷ ᠬᠠᠢᠨᠤᠭ ᠰᠢᠷ᠎ᠠ ᠲᠡᠷᠭᠡ ᠲᠡᠢ᠂ ᠰᠢᠯᠢᠭᠡᠳ ᠪᠠᠢᠬᠤ ᠶ᠋ᠢᠨ ᠬᠡᠷᠡᠭ ᠦᠭᠡᠢ ᠵᠢᠭᠳᠡᠬᠡᠨ ᠪᠥᠭᠡᠷᠡᠩᠬᠡᠢ ᠭᠤᠷᠪᠠᠨ ᠵᠠᠭᠤᠭᠠᠳ ᠬᠣᠨᠢ ᠲᠠᠢ( ᠦᠷᠡᠵᠢᠯᠡ ᠭᠡᠳ ᠣᠯᠠᠰᠢᠷᠠᠳᠠᠭ ᠦᠭᠡᠢ᠂ ᠦᠬᠦᠯ᠎ᠡ ᠭᠡᠳ ᠴᠥᠭᠡᠷᠡᠳᠡᠭ ᠦᠭᠡᠢ) ᠡᠢᠮᠦ ᠯᠡ ᠲᠣᠭᠲᠠᠮᠠᠯ ᠮᠠᠯ ᠲᠠᠢ ᠠᠢᠯ ᠶᠤᠮ᠃ ᠨᠣᠭᠳᠠᠭᠰᠠᠨ ᠠᠯᠪᠠ ᠪᠠᠨ ᠦᠭᠡ ᠳᠠᠭᠤ ᠦᠭᠡᠢ ᠵᠠᠯᠭᠠᠭᠤᠯᠳᠠᠭ᠂ ᠨᠣᠣᠰᠣ ᠪᠠᠨ ᠬᠡᠮᠨᠡᠵᠦ ᠬᠤᠷᠠᠮᠳᠤᠭᠤᠯᠵᠤ ᠪᠠᠢᠭᠠᠳ ᠵᠢᠯ ᠥᠨᠵᠢᠭᠡᠳ ᠰᠡᠮᠬᠡᠨ ᠬᠡᠳᠦ ᠭᠤᠷᠪᠠᠨ ᠢᠰᠡᠭᠡᠢ ᠬᠢᠴᠢᠬᠡᠳᠡᠭ᠃ ᠡᠪ ᠨᠢ ᠲᠠᠭᠠᠷᠠᠪᠠᠯ ᠢᠯᠡᠭᠦᠳᠡᠭᠰᠡᠨ ᠡᠳ᠋ ᠮᠠᠯ ᠢ᠋ᠶ᠋ᠠᠨ ᠬᠣᠨᠵᠢᠶ᠎ᠠ ᠬᠠᠷᠠᠯ ᠦᠭᠡᠢ ᠪᠣᠷᠣᠯᠠᠭᠤᠯᠴᠢᠬᠠᠳᠠᠭ ᠪᠣᠯᠬᠤ ᠠ᠋ᠴᠠ᠂ ᠠᠷᠠᠯᠵᠢᠶ᠎ᠠ ᠮᠠᠢᠮᠠᠢ ᠬᠥᠭᠡᠭᠡᠴᠡᠯᠳᠦᠵᠦ ᠦᠵᠡᠭᠡ ᠴᠦ᠍ ᠦᠭᠡᠢ ᠬᠥᠮᠦᠨ᠃ ᠠᠷᠢᠬᠢ ᠨᠡᠬᠡᠭᠰᠡᠨ ᠦᠶ᠎ᠡ ᠶ᠋ᠢᠨ ᠬᠥᠭᠰᠢᠳ ᠢᠷᠡᠪᠡᠯ ᠠᠷᠠᠢ ᠴᠤ᠌ ᠬᠣᠭᠣᠰᠣᠨ ᠰᠠᠭᠤᠬᠤ ᠦᠭᠡᠢ ᠪᠠᠭ᠎ᠠ ᠮᠥᠷᠳᠡᠯ᠎ᠡ ᠪᠡᠨ ᠤᠳᠠᠭᠰᠠᠨ ᠶᠠᠭ ᠦᠭᠡᠢ ᠬᠠᠲᠠᠭᠤ ᠶᠠᠭᠤᠮ᠎ᠠ ᠠᠮᠰᠠᠭᠤᠯᠴᠢᠬᠠᠳᠠᠭ ᠠᠯᠮᠠᠢᠷᠠᠵᠤ ᠶᠠᠪᠤᠭ᠎ᠠ ᠬᠠᠷᠠᠴᠤᠤᠯ ᠢᠷᠡᠭᠡᠳ ᠱᠤᠤᠭᠢᠬᠤ ᠭᠡᠪᠡᠯ ᠠᠳᠠᠢᠷ ᠨᠢ ᠬᠥᠳᠡᠯᠦᠭᠡᠳ ᠭᠠᠷᠴᠤ ᠣᠷᠣᠵᠤ ᠳᠠᠭᠤ ᠦᠭᠡᠢ ᠰᠢᠷᠪᠢᠴᠢᠭᠰᠡᠭᠡᠷ ᠪᠠᠢᠭᠠᠳ ᠶᠠᠪᠤᠭᠤᠯᠴᠢᠬᠠᠳᠠᠭ ᠶᠤᠮ᠃ ᠶᠠᠮᠠᠷ ᠪᠠᠢᠲᠠᠯ᠎ᠠ ᠪᠠᠨ ᠭᠠᠭᠴᠠ ᠥᠬᠢᠨ ᠨᠢ ᠭᠤᠴᠢᠨ ᠬᠣᠶᠠᠷ ᠬᠦᠷᠦᠭᠰᠡᠨ ᠬᠣᠢᠨ᠎ᠠ ᠪᠠᠨ ᠠᠷᠠᠢ ᠭᠡᠵᠦ ᠨᠢᠭᠡ ᠬᠥᠮᠦᠨ ᠲᠡᠢ ᠪᠣᠯᠵᠤ ᠰᠢᠷ᠎ᠠ ᠰᠢᠪᠠᠭᠤᠲᠤ ᠶ᠋ᠢᠨ ᠠᠮᠠ ᠬᠣᠶᠠᠷ ᠭᠡᠷ ᠠᠢᠯ ᠲᠠᠢ ᠪᠣᠯᠬᠤ ᠪᠣᠢ ᠳᠠ᠃ ᠭᠡᠬᠦ ᠳ᠋ᠡᠭᠡᠨ ᠳᠠᠭᠤ ᠦᠭᠡᠢ ᠪᠡᠨ ᠣᠯᠤᠨ᠎ᠠ ᠭᠡᠭᠴᠢ ᠪᠡᠷ ᠴᠠᠭᠠᠨ᠎ᠠ ᠪᠠᠨ ᠬᠠᠮᠢᠶᠠᠲᠠᠨ ᠰᠠᠳᠤᠨ ᠤ᠋ ᠲᠦᠯᠬᠢᠯᠡᠭᠡ ᠪᠠᠭ᠎ᠠ ᠲᠠᠢ᠂ ᠬᠥᠯ ᠬᠥᠭᠵᠢᠶ᠎ᠡ ᠴᠥᠭᠡᠨ ᠲᠡᠢ᠃ ᠠᠵᠢᠯ ᠳ᠋ᠤ᠌ ᠵᠢᠳᠬᠦᠬᠦ ᠨᠢ ᠠᠳᠤᠭᠤ ᠰᠢᠭ᠋᠂ ᠠᠮᠠ ᠳᠤᠤᠭᠠᠷᠬᠤ ᠨᠢ ᠵᠢᠭᠠᠰᠤ ᠰᠢᠭ᠋ ᠬᠦᠷᠭᠡᠨ ᠣᠯᠵᠤ ᠠᠪᠤᠭᠰᠠᠨ ᠭᠡᠵᠢ ᠁
ᠡᠢᠮᠦ ᠬᠥᠮᠦᠨ ᠢ᠋ ᠴᠢᠨᠢ ᠵᠣᠵᠢᠭ ᠭᠡᠬᠦ ᠦᠭᠡᠢ ᠶᠠᠭᠠᠬᠢᠬᠤ ᠪᠣᠢ ᠳᠠ᠃ ᠬᠠᠷᠢᠨ1958 ᠣᠨ ᠳ᠋ᠤ᠌ ᠰᠡᠷᠡᠭᠡᠨᠡᠩ ᠭᠤᠸᠠᠢ ᠶ᠋ᠢ ᠨᠢᠭᠡᠳᠦᠯ ᠦ᠋ᠨ ᠲᠡᠷᠢᠭᠦᠨ ᠦ᠌ ᠰᠠᠢᠴᠤᠤᠯ ᠤ᠋ᠨ ᠨᠢᠭᠡ ᠭᠡᠵᠦ ᠨᠡᠷᠡᠯᠡᠭᠳᠡᠨ ᠮᠠᠨᠳᠤᠵᠤ ᠡᠬᠢᠯᠡᠭᠰᠡᠨ ᠡᠴᠡ ᠬᠣᠢᠰᠢ ᠵᠣᠵᠢ ᠭᠡᠵᠦ ᠬᠣᠴᠢᠯᠠᠬᠤ ᠪᠠᠨ ᠪᠠᠭ᠎ᠠ ᠪᠣᠯᠢᠵᠠᠢ᠃ ᠪᠣᠯᠢᠬᠤ ᠦᠭᠡᠢ ᠴᠦ᠍ ᠶᠠᠭᠠᠬᠢᠬᠤᠪ᠃1950 ᠣᠨ ᠳ᠋ᠤ᠌ ᠰᠡᠷᠡᠭᠡᠨᠡᠩ ᠭᠤᠸᠠᠢ ᠠᠩᠬ᠎ᠠ ᠨᠢᠭᠡᠳᠦᠯ ᠳ᠋ᠦ᠍ ᠡᠯᠰᠡᠵᠦ ᠭᠡᠨ᠎ᠡ᠂ ᠮᠥᠨ ᠬᠠᠴᠢᠨ ᠶᠠᠭᠤᠮ᠎ᠠ ᠭᠡᠵᠦ ᠶᠣᠰᠣᠲᠠᠢ ᠨᠥᠭᠥᠭᠡ ᠡᠷ᠎ᠡ ᠦᠬᠡᠷ ᠲᠤᠭᠤᠯᠯᠠᠵᠤ᠂ ᠡᠪᠡᠷᠳᠡᠢ ᠲᠠᠤᠯᠠᠢ ᠦᠵᠡᠭᠳᠡᠵᠦ ᠭᠡᠳᠡᠭ ᠴᠢᠨᠢ ᠪᠣᠯᠵᠤ ᠳᠠ ᠭᠡᠯᠴᠡᠵᠦ ᠭᠠᠢᠬᠠᠵᠤ ᠱᠤᠤᠭᠢᠯᠳᠤᠭᠰᠠᠨ ᠭᠡᠨ᠎ᠡ ᠪᠢᠯᠡ᠃
ᠨᠢᠭᠡᠳᠦᠯ ᠳ᠋ᠦ᠍ ᠣᠷᠣᠭᠠᠳ ᠡᠬᠢᠨ ᠦ ᠬᠡᠳᠦᠨ ᠵᠢᠯ ᠮᠥᠨ ᠯᠡ ᠵᠣᠵᠢᠭ ᠢ᠋ᠶ᠋ᠠᠷ ᠢ᠋ᠶ᠋ᠠᠨ ᠶᠠᠪᠤᠭᠰᠠᠨ ᠶᠤᠮ᠃ ᠶᠠᠮᠠᠷ ᠰᠠᠢᠨ ᠳ᠋ᠠᠭᠠᠨ ᠶᠠᠮᠠᠷ ᠮᠠᠯ ᠠᠪᠬᠤ ᠪᠣᠢ ᠭᠡᠬᠦ ᠳ᠋ᠦ᠍ᠨᠢ《 ᠵᠠ ᠪᠢ ᠴᠦ᠍ ᠢᠮᠠᠭ᠎ᠠ᠂ ᠮᠣᠩᠭᠣᠯ ᠦᠬᠡᠷ ᠬᠣᠶᠠᠷ ᠲᠤ᠌ ᠯᠠ ᠶᠠᠰᠤ ᠠ᠋ᠴᠠ ᠪᠠᠨ ᠳᠤᠷ᠎ᠠ ᠦᠭᠡᠢ ᠳᠡ᠂ ᠠᠳᠤᠭᠤ ᠲᠡᠮᠡᠭᠡ ᠮᠠᠯᠯᠠᠵᠤ ᠦᠵᠡᠭᠡ ᠦᠭᠡᠢ ᠳᠡ᠂ ᠨᠤᠲᠤᠭ ᠪᠠᠢᠳᠠᠯ ᠨᠢ ᠲᠠᠭᠠᠷᠠᠬᠤ ᠶᠤᠮ ᠪᠣᠯ ᠬᠤᠴᠠ ᠯᠠ ᠠᠪᠬᠤ ᠤᠤ ᠳᠠ》 ᠭᠡᠵᠦ ᠬᠤᠴᠠ ᠬᠠᠷᠢᠭᠤᠯᠤᠭᠰᠠᠨ ᠴᠢᠨᠢ ᠵᠣᠵᠢᠭ ᠤ᠋ᠨ ᠮᠠᠯᠯᠠᠳᠠᠭ ᠮᠠᠯ ᠮᠥᠨ ᠳᠡ ᠭᠡᠵᠦ ᠨᠤᠲᠤᠭ ᠤ᠋ᠨ ᠬᠢᠨ ᠪᠠᠬ᠎ᠠ ᠲᠠᠪᠠ ᠨᠢ ᠬᠠᠨᠤᠭᠰᠠᠨ ᠶᠤᠮ ᠭᠡᠨ᠎ᠡ ᠪᠢᠯᠡ᠃ ᠡᠨᠡ ᠱᠤᠤᠭᠢᠶᠠᠨ ᠢ᠋ ᠠᠪᠠᠭᠠᠢ ᠨᠢ ᠳᠠᠮ ᠳᠤᠭᠤᠯᠤᠭᠠᠳ ᠥᠭᠦᠯᠡᠵᠦ ᠭᠡᠨ᠎ᠡ᠂ ᠬᠦᠷᠭᠡᠨ ᠥᠬᠢᠨ ᠬᠣᠶᠠᠷ ᠤ᠋ᠨ ᠢᠶᠡᠨ ᠨᠡᠷ᠎ᠡ ᠶ᠋ᠢ ᠪᠣᠳᠣᠵᠤ ᠭᠡᠨ᠎ᠡ᠂ ᠬᠣᠢᠲᠤ ᠵᠢᠯ ᠨᠢ ᠤᠯᠤᠰ ᠤ᠋ᠨ ᠪᠡᠯᠡᠳᠬᠡᠯ ᠥᠭᠬᠦ ᠡᠷ᠎ᠡ ᠬᠣᠨᠢ ᠵᠢᠷᠭᠤᠭᠠᠨ ᠵᠠᠭᠤ ᠶ᠋ᠢ ᠬᠦᠷᠭᠡᠨ ᠲᠡᠢ ᠪᠡᠨ ᠬᠣᠶᠠᠭᠤᠯᠠ ᠪᠠᠨ ᠠᠪᠴᠤ ᠮᠠᠯᠯᠠᠭᠠᠳ ᠰᠡᠲᠡᠷ ᠲᠡᠢ ᠢᠷᠭᠡ ᠰᠢᠭ ᠪᠣᠯᠭᠭᠳ ᠲᠤᠰᠢᠶᠠᠭᠰᠠᠨ ᠴᠢᠨᠢ ᠨᠢᠭᠡᠳᠦᠯ ᠳ᠋ᠡᠭᠡᠨ ᠲᠤᠰᠠ ᠲᠠᠢ᠂ ᠥᠪᠡᠷ ᠲᠡᠭᠡᠨ ᠴᠦ᠍ ᠠᠰᠢᠭᠲᠠᠢ ᠪᠣᠯᠵᠤ ᠤᠷᠮ᠎ᠠ ᠵᠣᠷᠢᠭ ᠣᠷᠣᠭᠰᠠᠨ ᠠ᠋ᠴᠠ ᠬᠣᠢᠰᠢ ᠠᠵᠢᠯ ᠤ᠋ᠨ ᠪᠡᠷᠬᠡᠰᠢᠶᠡᠯ ᠢ᠋ ᠬᠠᠢᠬᠤᠷᠬᠤ ᠦᠭᠡᠢ ᠨᠢᠭᠡᠳᠦᠯ ᠶᠠᠭᠤ ᠯᠠ ᠥᠭᠪᠡᠯ ᠲᠡᠭᠦᠨ ᠢ᠋ ᠨᠢ ᠬᠢᠭᠰᠡᠭᠡᠷ ᠮᠠᠯᠯᠠᠭᠰᠠᠭᠠᠷ ᠰᠡᠭᠦᠯ ᠳ᠋ᠡᠭᠡᠨ ᠲᠠᠪᠤᠨ ᠵᠠᠭᠤᠨ ᠥᠬᠢᠨ ᠬᠤᠷᠠᠭ᠎ᠠ ᠪᠣᠢᠵᠢᠬᠤᠯᠤᠭᠠᠳ ᠲᠥᠯ ᠠᠪᠬᠤ ᠵᠢᠱ᠌ᠢᠶ᠎ᠡ ᠲᠡᠢ ᠲᠦᠪᠡᠭᠲᠡᠢ ᠠᠵᠢᠯ ᠤ᠋ᠳ ᠢ᠋ ᠨᠢ ᠭᠠᠷᠮᠠᠭᠠᠢ ᠬᠢᠳᠡᠭ ᠪᠣᠯᠵᠠᠢ᠃ ᠭᠡᠬᠦ ᠳ᠋ᠦ᠍ ᠯᠡ ᠡᠳᠡᠨ ᠦ᠌ ᠬᠢ ᠣᠳᠣ ᠬᠦᠷᠲᠡᠯ᠎ᠡ ᠰᠢᠷ᠎ᠠ ᠰᠢᠪᠠᠭᠤᠲᠤ ᠶ᠋ᠢᠨ ᠢ᠋ᠶ᠋ᠡᠷ ᠠᠮᠠᠨ ᠳ᠋ᠤ᠌ ᠰᠢᠦ ᠳᠡ᠃
ᠪᠢ ᠰᠡᠷᠡᠭᠡᠨᠡᠩ ᠭᠤᠸᠠᠢ ᠶ᠋ᠢᠨ ᠬᠤᠪᠢ ᠶ᠋ᠢᠨ ᠵᠠᠩ ᠴᠢᠨᠠᠷ ᠤ᠋ᠨ ᠲᠤᠬᠠᠢ ᠶᠠᠷᠢᠭᠰᠠᠭᠠᠷ ᠪᠠᠢᠭᠠᠳ ᠲᠠ ᠪᠦᠬᠦᠨ ᠳ᠋ᠦ᠍ ᠬᠡᠯᠡᠬᠦ ᠭᠡᠰᠡᠨ ᠫᠢᠶᠠᠩ ᠠ᠋ᠴᠠ ᠪᠠᠨ ᠬᠣᠯᠠᠳᠠᠴᠢᠬᠠᠯᠠ᠂ ᠠᠭᠤᠴᠢᠯᠠᠭᠠᠷᠠᠢ᠂ ᠣᠳᠣ ᠪᠤᠴᠠᠯ᠎ᠠ᠃
1954 ᠣᠨ ᠳ᠋ᠤ᠌ ᠨᠢᠭᠡᠳᠦᠯ ᠦ᠋ᠨ ᠲᠥᠪ ᠳᠡᠭᠡᠷ᠎ᠡ《DC—9》 ᠭᠡᠳᠡᠭ ᠴᠠᠬᠢᠯᠭᠠᠨ ᠰᠲ᠋ᠠᠨᠼ ᠲᠠᠯᠪᠢᠴᠢᠬᠠᠭᠠᠳ ᠳᠣᠯᠣᠳᠤᠭᠠᠷ ᠰᠠᠷ᠎ᠠ ᠶ᠋ᠢᠨ ᠠᠷᠪᠠᠨ ᠤ᠋ ᠣᠷᠣᠢ ᠰᠢᠨ᠎ᠡ ᠰᠲ᠋ᠠᠨᠼ ᠢ᠋ᠶ᠋ᠠᠨ ᠠᠵᠢᠯᠯᠠᠭᠤᠯᠵᠠᠢ᠃ ᠰᠢᠨ᠎ᠡ ᠺᠯᠤᠪ ᠢ᠋ᠶ᠋ᠠᠨ ᠨᠡᠭᠡᠭᠡᠵᠦ ᠴᠠᠬᠢᠯᠭᠠᠨ ᠤ᠋ ᠭᠡᠷᠡᠯ ᠳ᠋ᠦ᠍ ᠪᠠᠶᠠᠷ ᠤ᠋ᠨ ᠬᠤᠷᠠᠯ ᠢ᠋ᠶ᠋ᠠᠨ ᠬᠢᠵᠦ ᠺᠣᠨᠼᠧᠷᠲ ① ᠢ᠋ᠶ᠋ᠡᠨ ᠲᠣᠭᠯᠠᠵᠤ ᠨᠢᠵᠢᠭᠡᠷ ᠨᠠᠭᠠᠳᠤᠮ ᠬᠢᠬᠦ ᠪᠡᠷ ᠲᠥᠯᠥᠪᠯᠡᠭᠡᠳ᠂ ᠳᠣᠯᠣᠳᠤᠭᠠᠷ ᠰᠠᠷ᠎ᠠ ᠶ᠋ᠢᠨ ᠨᠢᠭᠡᠨ ᠬᠦᠷᠲᠡᠯ᠎ᠡ ᠡᠷᠪᠡᠢᠬᠦ ᠳᠡᠷᠪᠡᠢᠬᠦ ᠪᠡᠷ ᠬᠥᠳᠡᠯᠵᠡᠢ᠃ ᠭᠡᠲᠡᠯ᠎ᠡ ᠴᠢᠳᠧᠩ ᠦ᠋ᠨ ᠰᠢᠯ ᠣᠯᠳᠠᠬᠤ ᠦᠭᠡᠢ ᠡᠷᠢᠵᠦ ᠳᠠᠪᠬᠢᠯᠳᠤᠭᠠᠳ ᠪᠦᠲᠦᠭᠰᠡᠨ ᠦᠭᠡᠢ ᠴᠢᠬᠤᠯᠳᠠᠵᠠᠭᠠᠵᠤ ᠡᠯᠪᠡᠭ ᠪᠠᠢᠬᠤ ᠳ᠋ᠤ᠌ ᠠᠪᠤᠭᠠᠳ ᠳᠠᠯᠳᠠ ᠬᠢᠴᠢᠬᠡᠬᠦ ᠨᠢ ᠶᠠᠭᠠᠬᠢᠯ᠎ᠠ ᠭᠡᠵᠦ ᠳᠠᠷᠤᠭ᠎ᠠ ᠨᠢ ᠣᠷᠣᠯᠠᠭᠴᠢ ᠪᠠᠨ ᠣᠷᠣᠯᠠᠭᠴᠢ ᠨᠢ ᠨᠢᠭᠲᠠᠯᠠᠨ ᠢ᠋ᠶ᠋ᠠᠨ᠂ ᠨᠢᠭᠲᠠᠯᠠᠨ ᠨᠢ ᠠᠵᠤ ᠠᠬᠤᠢ ᠶ᠋ᠢᠨ ᠡᠷᠬᠢᠯᠡᠭᠴᠢ ᠪᠡᠨ᠂ ᠡᠷᠬᠢᠯᠡᠭᠴᠢ ᠨᠢ ᠪᠠᠷᠠᠭᠠᠨ ᠤ᠋ ᠠᠬᠧᠨ᠋ᠲ② ᠢᠶᠠᠨ ᠵᠢᠮᠡᠯᠡᠯᠴᠡᠵᠦ ᠰᠠᠭᠤᠭᠰᠠᠨ ᠢ᠋ᠶ᠋ᠠᠨ ᠲᠡᠷᠡ ᠦᠶ᠎ᠡ ᠳ᠋ᠦ᠍ ᠰᠡᠷᠡᠭᠡᠨᠡᠩ ᠭᠤᠸᠠᠢ ᠬᠥᠲᠥᠯᠦᠭᠡ ᠮᠣᠷᠢᠨ ᠳ᠋ᠤ᠌ ᠬᠣᠶᠠᠷ ᠬᠠᠢᠷᠴᠠᠭ ᠲᠠᠢ ᠶᠠᠭᠤᠮ᠎ᠠ ᠲᠡᠩᠨᠡᠵᠦ ᠱᠣᠭᠰᠢᠭᠤᠯᠤᠨ ᠢᠷᠡᠭᠡᠳ ᠨᠢᠭᠡᠳᠦᠯ ᠦ᠋ᠨ ᠺᠣᠨᠲ᠋ᠣᠷ( ᠠᠯᠪᠠᠨ ᠭᠡᠷ) ᠦ᠋ᠨ ᠡᠭᠦᠳᠡᠨ ᠳ᠋ᠦ᠍ ᠪᠠᠭᠤᠯᠭᠠᠪᠠ᠃ ᠴᠢᠳᠧᠩ ᠦ᠋ᠨ ᠰᠢᠯ( ᠫᠣᠣᠰᠠ) ᠶ᠋ᠢᠨ ᠪᠣᠳᠣᠯ ᠪᠣᠯᠤᠭᠰᠠᠨ ᠠᠵᠤ ᠠᠬᠤᠢ ᠶ᠋ᠢᠨ ᠡᠷᠬᠢᠯᠡᠭᠴᠢ ᠮᠠᠯ ᠭᠠᠢᠬᠠᠵᠤ ᠳᠡᠮᠡᠢ ᠯᠡ ᠴᠣᠩᠬᠣ ᠪᠠᠷ ᠢ᠋ᠶ᠋ᠠᠨ ᠬᠦᠯᠢᠶᠡᠵᠦ ᠪᠠᠢᠭᠠᠳ ᠰᠡᠷᠡᠭᠡᠨᠡᠩ ᠭᠤᠸᠠᠢ ᠶ᠋ᠢ ᠡᠨᠡ ᠵᠣᠵᠢ ᠪᠠᠰᠠ ᠯᠠ ᠶᠠᠭᠤ ᠱᠠᠭᠠᠷᠳᠠᠬᠤ ᠭᠡᠵᠦ ᠠᠪᠳᠠᠷ᠎ᠠ ᠰᠠᠪᠠ ᠪᠠᠨ ᠠᠴᠢᠭᠠᠳ ᠢᠷᠡᠵᠦ ᠪᠠᠢᠭ᠎ᠠ ᠶᠤᠮ ᠪᠣᠯ ᠳᠠ ᠭᠡᠵᠦ ᠳᠣᠲᠣᠷ᠎ᠠ ᠪᠠᠨ ᠵᠢᠪᠡᠭᠦᠴᠡᠨ ᠪᠠᠢᠲᠠᠯ᠎ᠠ ᠰᠡᠷᠡᠭᠡᠨᠡᠩ ᠭᠤᠸᠠᠢ ᠬᠣᠶᠠᠷ ᠠᠪᠳᠠᠷ᠎ᠠ ᠶ᠋ᠢ ᠨᠢᠭᠡ ᠨᠢᠭᠡ ᠭᠠᠷ ᠲᠠᠭᠠᠨ ᠪᠠᠷᠢᠵᠤ ᠲᠡᠭᠦᠷᠲᠦᠭᠰᠡᠭᠡᠷ ᠬᠠᠭᠠᠯᠭ᠎ᠠ ᠳᠡᠯᠭᠡᠨ ᠣᠷᠣᠵᠤ ᠢᠷᠡᠬᠦ ᠳ᠋ᠦ᠍ ᠲᠡᠭᠦᠨ ᠢ᠋ ᠲᠠᠭᠠᠯᠠᠮᠵᠢᠲᠠᠢ ᠨᠢᠳᠦ ᠪᠡᠷ ᠬᠠᠷᠠᠵᠤ ᠬᠦᠯᠢᠶᠡᠭᠰᠡᠨ ᠬᠥᠮᠦᠨ ᠨᠢᠭᠡ ᠴᠦ᠍ ᠪᠠᠢᠭᠰᠠᠨ ᠦᠭᠡᠢ ᠴᠥᠮ ᠳᠠᠭᠤ ᠦᠭᠡᠢ ᠰᠠᠭᠤᠭᠰᠠᠭᠠᠷ ᠪᠠᠢᠵᠠᠢ᠃ ᠰᠡᠷᠡᠭᠡᠨᠡᠩ ᠭᠤᠸᠠᠢ ᠰᠡᠭᠦᠯᠳᠡᠵᠦ ᠳᠤᠤᠭᠠᠷᠳᠠᠭ ᠪᠠᠷᠢᠯ ᠲᠠᠢ ᠬᠥᠮᠦᠨ ᠬᠣᠢᠨ᠎ᠠ ᠣᠷᠣᠭᠰᠠᠨ ᠳᠠᠷᠤᠢ ᠳ᠋ᠠᠭᠠᠨ ᠣᠯᠠᠨ ᠶᠠᠭᠤᠮ᠎ᠠ ᠳᠤᠤᠭᠠᠷᠤᠭᠰᠠᠨ ᠦᠭᠡᠢ ᠮᠡᠨᠳᠦᠴᠢᠯᠡᠭᠡᠳ ᠰᠠᠭᠤᠵᠤ ᠭᠠᠩᠰᠠ ᠲᠠᠮᠠᠬᠢ ᠪᠠᠨ ᠭᠠᠷᠭᠠᠭᠠᠳ ᠨᠡᠷᠡᠵᠦ ᠡᠬᠢᠯᠡᠪᠡ᠃ ᠭᠡᠲᠡᠯ᠎ᠡ ᠠᠵᠤ ᠠᠬᠤᠢ ᠶ᠋ᠢᠨ ᠱᠠᠭᠠᠷᠳᠠᠯᠭᠠᠨ ᠳ᠋ᠤ᠌ ᠠᠭᠳᠠᠭᠤᠨ ᠪᠣᠯᠴᠢᠬᠠᠭᠰᠠᠨ ᠢ᠋ᠶ᠋ᠠᠷ ᠢ᠋ᠶ᠋ᠠᠨ ᠠᠵᠤ ᠠᠬᠤᠢ ᠶ᠋ᠢᠨ ᠡᠷᠬᠢᠯᠡᠭᠴᠢ ᠲᠦᠷᠦᠭᠦᠯᠡᠨ ᠠᠮᠠ ᠨᠡᠭᠡᠭᠡᠵᠡᠢ᠃
– – – –
① ᠤᠷᠠᠨ ᠰᠠᠢᠬᠠᠨ ᠤ᠋ ᠲᠣᠭᠯᠠᠯᠲᠠ
② ᠵᠥᠭᠡᠭᠡᠪᠦᠷᠢ ᠶ᠋ᠢᠨ ᠬᠤᠳᠠᠯᠳᠤᠭᠴᠢ
— ᠵᠠ᠂ ᠰᠡᠷᠡᠭᠡᠨᠡᠩ ᠭᠤᠸᠠᠢ ᠶᠠᠭᠤ ᠯᠠ ᠭᠡᠵᠦ ᠶᠠᠪᠤᠨ᠎ᠠ ᠳ᠋ᠠ ᠭᠡᠪᠡ᠃
ᠰᠡᠷᠡᠬᠡᠨᠡᠩ ᠭᠤᠸᠠᠢ ᠨᠢᠭᠡ ᠨᠡᠷᠡᠵᠦ ᠠᠰᠠᠭᠠᠵᠤ ᠠᠪᠤᠭᠰᠠᠨ ᠲᠠᠮᠠᠬᠢ ᠪᠠᠨ ᠬᠡᠳᠦ ᠰᠣᠷᠣᠵᠤ ᠰᠢᠪᠰᠢᠵᠦ ᠭᠦᠢᠴᠡᠭᠡᠳ ᠡᠰᠢ ᠮᠤᠬᠤᠷ ᠦᠭᠡᠢ ᠯᠡ᠄
— ᠴᠢᠳᠧᠩ ᠦ᠋ᠨ ᠰᠢᠯ ᠠᠪᠴᠢᠷᠠᠯ᠎ᠠ ᠭᠡᠵᠦ ᠵᠥᠭᠡᠯᠡᠨ ᠳᠤᠤᠭᠠᠷᠪᠠ᠃ ᠡᠨᠡ ᠦᠭᠡ ᠲᠡᠷᠡ ᠥᠷᠥᠭᠡᠨ ᠳᠣᠲᠣᠷ᠎ᠠ ᠪᠠᠢᠭᠰᠠᠨ ᠬᠥᠮᠦᠰ ᠦ᠋ᠨ ᠳᠣᠲᠣᠷ᠎ᠠ ᠶ᠋ᠢ ᠦᠨᠡᠬᠡᠷ ᠴᠢᠳᠧᠩ ᠠᠰᠠᠭᠠᠬᠤ ᠰᠢᠭ᠋ ᠪᠣᠯᠪᠠ᠃
— ᠲᠠᠯ᠎ᠠ ᠪᠦᠷᠢ ᠲᠡᠢᠰᠢ ᠨᠢ ᠰᠤᠷᠠᠭ ᠲᠠᠯᠪᠢᠵᠤ ᠬᠦᠷᠰᠢ ᠨᠢᠭᠡᠳᠦᠯ ᠡᠴᠡ ᠵᠢᠭᠡᠯᠡᠳᠤᠭᠤᠯᠦᠭᠴᠢ ᠭᠡᠵᠦ ᠭᠤᠶᠤᠵᠤ ᠳᠠᠪᠬᠢᠯᠳᠤᠭᠰᠠᠨ ᠠᠯᠪᠠᠷᠬᠠᠤ ᠬᠤᠳᠠᠯᠳᠤᠭᠠᠴᠢᠳ ᠤ᠋ᠨ ᠳᠣᠲᠣᠷ᠎ᠠ ᠲᠥᠷᠥᠭᠰᠡᠨ ᠪᠣᠳᠣᠯ ᠢ᠋ ᠠᠮᠠ ᠲᠦᠷᠭᠡᠨ ᠲᠡᠢ ᠪᠡᠷ ᠢᠶᠠᠨ᠄
— ᠬᠠᠮᠢᠭ᠎ᠠ ᠠ᠋ᠴᠠ ᠬᠡᠨ ᠶᠠᠪᠤᠭᠤᠯᠪᠠ ᠭᠡᠵᠦ ᠠᠵᠤ ᠠᠬᠤᠢ ᠡᠷᠬᠢᠯᠡᠭᠴᠢ ᠢᠯᠡᠷᠡᠭᠦᠯᠪᠡ᠃ ᠰᠡᠷᠡᠬᠡᠨᠡᠩ ᠭᠤᠸᠠᠢ ᠡᠨᠡ ᠦᠭᠡ ᠶ᠋ᠢ ᠰᠣᠨᠣᠰᠤᠭᠠᠳ ᠣᠭᠲᠣ ᠶᠠᠭᠤᠮ᠎ᠠ ᠪᠣᠳᠣᠭᠰᠠᠨ ᠦᠭᠡᠢ᠃
— ᠪᠢ ᠨᠢᠭᠡᠳᠦᠯ ᠡᠴᠡ ᠥᠭᠴᠦ ᠪᠠᠢᠭ᠎ᠠ ᠶᠤᠮ ᠠ᠋᠂ ᠬᠡᠷᠡᠭ ᠪᠣᠯᠵᠤ ᠮᠠᠭᠠᠳ ᠦᠭᠡᠢ᠂ ᠰᠲ᠋ᠠᠨᠼ ᠲᠠᠢ ᠪᠣᠯᠵᠤ ᠪᠠᠢᠭ᠎ᠠ ᠭᠡᠵᠦ ᠲᠤᠭᠤᠯᠤᠭᠰᠠᠨ ᠶᠤᠮ ᠭᠡᠵᠦ ᠣᠭᠲᠣ ᠲᠣᠭᠯᠠᠭᠠᠮ ᠨᠠᠭᠠᠳᠤᠮ ᠬᠢᠭᠰᠡᠨ ᠰᠢᠨᠵᠢ ᠦᠭᠡᠢ ᠬᠡᠯᠡᠭᠡᠳ ᠪᠤᠭᠤᠷᠤᠯ ᠳᠥᠨᠵᠢᠨ ᠲᠣᠯᠣᠭᠠᠢ ᠪᠠᠨ ᠣᠷᠣᠢ ᠳᠡᠭᠡᠷ᠎ᠡ ᠡᠴᠡ ᠨᠢ ᠤᠷᠤᠭᠰᠢ ᠨᠢ ᠡᠬᠢᠯᠡᠨ ᠨᠢᠭᠤᠷ ᠡᠷᠡᠦ ᠪᠡᠨ ᠰᠢᠪᠲᠤᠷᠠᠲᠠᠯᠠ ᠤᠰᠤ ᠶ᠋ᠢ ᠨᠢ ᠰᠢᠪᠬᠠᠷᠴᠤ ᠪᠠᠢᠭ᠎ᠠ ᠶᠤᠮ ᠰᠢᠭ᠋ ᠰᠢᠲᠦᠷᠦᠨ ᠢᠯᠢᠪᠡ᠃ ᠳᠠᠷᠤᠭ᠎ᠠ ᠨᠠᠷ ᠤ᠋ᠨ ᠮᠠᠨᠢ ᠴᠢᠷᠠᠢ ᠳ᠋ᠤ᠌ ᠮᠥᠨ ᠯᠡ ᠢᠲᠡᠭᠡᠭᠰᠡᠨ ᠰᠢᠨᠵᠢ ᠦᠭᠡᠢ ᠢᠨᠢᠶᠡᠮᠰᠦᠭᠯᠡᠯ ᠲᠣᠳᠣᠷᠠᠵᠠᠢ᠃
ᠨᠢᠭᠡᠳᠦᠯ ᠦ᠋ᠨ ᠳᠠᠷᠤᠭ᠎ᠠ ᠶᠠᠭᠤ ᠴᠤ᠌ ᠪᠠᠢᠭᠰᠠᠨ ᠴᠢᠳᠧᠩ ᠦ᠋ᠨ ᠰᠢᠯ ᠲᠡᠢ ᠪᠣᠯᠤᠭᠰᠠᠨ ᠳ᠋ᠠᠭᠠᠨ ᠰᠡᠳᠬᠢᠯ ᠨᠢ ᠠᠮᠤᠰᠬᠢᠵᠦ ᠬᠦᠷᠦᠯᠴᠡᠭᠡ ᠨᠢ ᠶᠠᠭᠤ ᠶᠤᠮ ᠭᠡᠵᠦ ᠪᠣᠳᠣᠭᠠᠳ᠄
— ᠬᠡᠳᠦᠨ ᠰᠡᠷᠭᠡᠭ ᠶᠦᠮ ᠭᠡᠨ᠎ᠡ᠂ ᠰᠡᠷᠡᠬᠡᠨᠡᠩ ᠭᠤᠸᠠᠢ? ᠭᠡᠵᠦ ᠠᠰᠠᠭᠤᠪᠠ᠃
— ᠨᠡᠢᠲᠡ ᠳ᠋ᠡᠭᠡᠨ ᠠᠷᠪᠠᠨ ᠯᠠ ᠶᠤᠮᠰᠠᠨ᠃ ᠨᠢᠭᠡ ᠠᠪᠳᠠᠷ᠎ᠠ ᠳ᠋ᠤ᠌ ᠲᠠᠪᠢ ᠯᠠ ᠶᠤᠮ ᠳᠠ ᠭᠡᠵᠦ ᠵᠢᠱ᠌ᠢᠮ ᠴᠦ᠍ ᠦᠭᠡᠢ ᠬᠡᠯᠡᠬᠦ ᠳ᠋ᠦ᠍ ᠢᠨᠢᠶᠡᠳᠦ ᠮᠠᠭᠤᠲᠠᠢ ᠪᠠᠷ ᠢ᠋ᠶ᠋ᠠᠨ ᠨᠢᠭᠡᠳᠦᠯ ᠦ᠋ᠨ ᠣᠷᠣᠯᠠᠭᠴᠢ᠂ ᠡᠩᠸᠨ᠋ᠲ ᠬᠣᠶᠠᠷ ᠲᠡᠰᠦᠭᠰᠡᠨ ᠦᠭᠡᠢ ᠢᠨᠢᠶᠡᠵᠡᠭᠡᠪᠡ᠃ ᠨᠢᠭᠡᠳᠦᠯ ᠦ᠋ᠨ ᠳᠠᠷᠤᠭ᠎ᠠ ᠰᠡᠷᠡᠭᠡᠨᠡᠩ ᠭᠤᠸᠠᠢ ᠶ᠋ᠢ ᠨᠡᠯᠢᠶᠡᠳ ᠬᠡᠳᠦᠨ ᠵᠢᠯ ᠮᠡᠳᠡᠬᠦ ᠶᠤᠮᠰᠠᠨ᠂ ᠨᠢᠭᠡ ᠴᠦ᠍ ᠢᠩᠭᠢᠵᠦ ᠠᠯᠢᠶᠠᠯᠠᠵᠤ ᠪᠠᠢᠭ᠎ᠠ ᠶ᠋ᠢ ᠨᠢ ᠦᠵᠡᠭᠡ ᠦᠭᠡᠢ᠂ ᠳᠠᠭᠤ ᠦᠭᠡᠢ ᠪᠠᠢᠵᠤ ᠪᠠᠢᠭ᠎ᠠ ᠶᠡᠬᠡ ᠨᠠᠷᠭᠢᠶᠠᠨ ᠤ᠋ ᠬᠥᠭᠰᠢᠨ ᠶᠦᠮ᠂ ᠪᠢᠳᠡᠨ ᠢ᠋ ᠶᠠᠭ ᠡᠨᠡ ᠲᠤᠬᠠᠢ ᠶᠠᠷᠢᠯᠴᠠᠵᠤ ᠪᠠᠢᠭ᠎ᠠ ᠶ᠋ᠢ ᠮᠡᠳᠡᠭᠡᠳ ᠠᠯᠢᠶᠠᠯᠠᠵᠤ ᠪᠠᠢᠨ᠎ᠠ ᠮᠠᠨ ᠤ᠋ ᠡᠷ᠎ᠡ᠃ ᠵᠠᠷᠢᠮ ᠳ᠋ᠠᠭᠠᠨ ᠳᠠᠭᠤ ᠦᠭᠡᠢ ᠬᠥᠮᠦᠰ ᠶᠡᠬᠡ ᠴᠢᠮᠡᠭᠡ ᠦᠭᠡᠢ ᠤᠰᠤᠨ ᠠᠯᠢᠶ᠎ᠠ ᠪᠠᠢᠳᠠᠭ ᠭᠡᠵᠦ ᠪᠣᠳᠣᠭᠠᠳ ᠠᠮᠠ ᠨᠡᠭᠡᠭᠡᠬᠦ ᠭᠡᠲᠡᠯ᠎ᠡ ᠬᠡᠨ ᠨᠢ ᠢᠩᠭᠢᠵᠦ ᠲᠤᠰᠠ ᠪᠣᠯᠪᠠ ᠭᠡᠳᠡᠭ ᠢ᠋ ᠲᠦᠷᠭᠡᠨ ᠮᠡᠳᠡᠬᠦ ᠭᠡᠰᠡᠨ ᠳ᠋ᠡᠭᠡᠨ᠄
— ᠨᠡᠭᠡᠷᠡᠨ ᠰᠡᠷᠡᠭᠡᠨᠡᠩ ᠭᠤᠸᠠᠢ ᠮᠢᠨᠢ ᠬᠡᠨ ᠲᠠᠨ ᠢ᠋ᠶ᠋ᠠᠷ ᠶᠠᠪᠤᠭᠤᠯᠪᠠ ᠃ ᠲᠠᠨ ᠤ᠋ ᠴᠠᠭᠠᠳᠤ ᠵᠠᠬᠢᠶᠠᠯᠭ᠎ᠠ ᠨᠢᠭᠡᠳᠦᠯ ᠦ᠋ᠨ ᠳᠠᠷᠤᠭ᠎ᠠ ᠢᠳᠠᠮ ᠭᠤᠸᠠᠢ ᠤᠤ? ᠭᠡᠬᠦ ᠳ᠋ᠦ᠍ ᠰᠡᠷᠡᠬᠡᠨᠡᠩ ᠭᠤᠸᠠᠢ ᠨᠢᠭᠡ ᠮᠠᠭᠤᠬᠠᠨ ᠮᠦᠰᠢᠶᠡᠨ᠄
— ᠬᠤᠵᠢᠷᠲᠤ ᠶ᠋ᠢᠨ ᠬᠣᠷᠮᠣᠢ᠂ ᠵᠢᠭᠮᠢᠳ ᠦ᠋ᠨ ᠢᠳᠠᠮ ᠲᠡᠭᠡᠵᠦ ᠬᠥᠮᠦᠨ ᠦ᠌ ᠭᠠᠷ ᠳᠤᠰᠤᠯᠠᠬᠤ ᠦᠭᠡᠢ ᠪᠠᠢᠬ᠎ᠠ ᠠ᠋᠂ ᠪᠢ ᠨᠢᠭᠡᠳᠦᠯ ᠳ᠋ᠡᠭᠡᠨ ᠲᠤᠰᠠᠯᠠᠵᠤ ᠪᠠᠢᠭ᠎ᠠ ᠶᠤᠮ᠃ ᠮᠢᠨᠦ ᠶᠠᠭᠤᠮ᠎ᠠ ᠭᠡᠵᠦ ᠦᠨᠡᠬᠡᠷ ᠢᠳᠡᠭᠡᠭᠦᠯᠬᠦ ᠶ᠋ᠢ ᠤᠷᠤᠯᠳᠤᠨ ᠬᠦᠴᠦᠯᠡᠨ ᠬᠡᠯᠡᠬᠦ ᠳ᠋ᠦ᠍ ᠨᠢᠭᠡᠳᠦᠯ ᠦ᠋ᠨ ᠪᠦᠳᠦᠭᠦᠨ ᠳ᠋ᠠᠯᡁᠨ《 ᠮᠠᠭᠤ ᠵᠤᠵᠢ ᠰᠡᠷᠡᠬᠡᠨᠡᠩ ᠪᠦᠷ ᠭᠠᠯᠵᠠᠭᠤᠷᠠᠵᠤ ᠭᠡᠮ᠃ ᠬᠠᠷᠠᠭᠰᠠᠭᠠᠷ ᠪᠠᠢᠲᠠᠯ᠎ᠠ ᠠᠯᠪᠠᠨ ᠤ᠋ ᠶᠠᠭᠤᠮ᠎ᠠ ᠶ᠋ᠢ ᠮᠢᠨᠦᠬᠢ ᠭᠡᠵᠦ ᠪᠢ ᠲᠤᠰᠠᠯᠠᠵᠤ ᠪᠠᠢᠭ᠎ᠠ ᠶᠤᠮ》 ᠭᠡᠵᠦ ᠵᠢᠳᠬᠦᠭᠡᠳ ᠤᠬᠠᠭᠠᠨ ᠳ᠋ᠠᠭᠠᠨ ᠰᠠᠢᠨ ᠬᠥᠮᠦᠨ ᠪᠣᠯᠵᠤ ᠨᠡᠷ᠎ᠡ ᠲᠥᠷᠥ ᠰᠠᠢᠰᠢᠶᠠᠯ ᠱᠠᠩᠨᠠᠯ ᠭᠣᠷᠢᠳᠠᠵᠤ ᠶᠠᠪᠤᠭ᠎ᠠ ᠰᠠᠨᠠᠭ᠎ᠠ ᠲᠠᠢ ᠶᠤᠮ ᠪᠠᠢᠬ᠎ᠠ ᠳᠠ ᠭᠡᠵᠦ ᠵᠢᠪᠡᠭᠦᠦ ᠨᠢ ᠬᠦᠷᠦᠭᠡᠳ᠄
— ᠰᠡᠷᠡᠭᠡᠨᠡᠩ ᠮᠢᠨᠢ ᠴᠢ ᠪᠢᠲᠡᠭᠡᠢ ᠵᠣᠯᠢᠭ ᠣᠷᠭᠢ! ᠴᠢᠨᠦ ᠶᠠᠭᠤᠮ᠎ᠠ ᠪᠣᠯ ᠴᠢ ᠬᠡᠭᠡᠷ᠎ᠡ ᠡᠴᠡ ᠣᠯᠤᠭᠰᠠᠨ ᠶᠤᠮ ᠤᠤ? ᠴᠢ ᠯᠡ ᠡᠢᠮᠦ ᠣᠯᠠᠨ ᠰᠢᠯ ᠬᠤᠳᠠᠯᠳᠤᠵᠤ ᠠᠪᠤᠯ᠎ᠠ ᠭᠡᠵᠢ ᠦᠦ? ᠬᠤᠳᠠᠯᠳᠤᠵᠤ ᠠᠪᠤᠭᠰᠠᠨ ᠶᠤᠮ ᠪᠣᠯ ᠬᠠᠮᠢᠭ᠎ᠠ ᠠ᠋ᠴᠠ ᠶᠠᠭᠠᠬᠢᠵᠤ ᠠᠪᠤᠭᠰᠠᠨ ᠶᠤᠮ ᠪᠣᠢ? ᠦᠨ᠎ᠡ ᠨᠢ ᠬᠡᠳᠦ ᠶᠦᠮ ᠭᠡᠵᠦ ᠤᠴᠠᠭᠠᠷᠯᠠᠨ ᠬᠡᠯᠡᠬᠦ ᠳ᠋ᠦ᠍ ᠰᠡᠷᠡᠬᠡᠨᠡᠩ ᠭᠤᠸᠠᠢ ᠦᠨᠡᠬᠡᠷ ᠬᠤᠳᠠᠯᠳᠤᠵᠤ ᠠᠪᠤᠭᠰᠠᠨ ᠭᠡᠬᠦ ᠪᠡᠷ ᠬᠠᠮᠤᠭ ᠫᠢᠶᠠᠩ ᠨᠢ ᠢᠯᠡᠷᠡᠬᠦ ᠪᠣᠯᠤᠨ᠎ᠠ ᠭᠡᠵᠦ ᠵᠣᠪᠠᠭᠠᠳ ᠴᠣᠬᠣᠮ ᠶᠠᠭᠤ ᠭᠡᠬᠦ ᠪᠡᠨ ᠮᠡᠳᠡᠬᠦ ᠦᠭᠡᠢ ᠬᠡᠰᠡᠭ ᠲᠦᠭᠳᠡᠷᠡᠭᠡᠳ ᠥᠪᠡᠷ ᠡᠴᠡ ᠪᠡᠨ ᠲᠤᠰᠠᠯᠠᠵᠤ ᠪᠠᠢᠭ᠎ᠠ ᠶ᠋ᠢ ᠨᠢ ᠢᠲᠡᠭᠡᠬᠦ ᠦᠭᠡᠢ ᠪᠣᠯᠬᠣᠷ ᠡᠳᠡ ᠨᠠᠷ ᠨᠠᠮ᠎ᠠ ᠶ᠋ᠢ ᠨᠥᠬᠥᠭᠡ ᠵᠤᠵᠢ ᠰᠡᠷᠡᠭᠡᠨᠡᠩ ᠭᠡᠳᠡᠭ ᠢ᠋ᠶ᠋ᠡᠷ ᠢ᠋ᠶ᠋ᠡᠷ ᠯᠡ ᠬᠢᠯᠠᠢᠵᠤ ᠪᠠᠢᠨ᠎ᠠ ᠭᠡᠵᠦ ᠭᠣᠮᠣᠳᠠᠭᠰᠠᠨ ᠳ᠋ᠠᠭᠠᠨ ᠠᠳᠠᠢᠷ ᠵᠠᠩ ᠨᠢ ᠬᠥᠳᠡᠯᠵᠦ᠄
— ᠪᠢ ᠬᠤᠯᠠᠭᠠᠢ ᠯᠠ ᠬᠢᠭᠡ ᠦᠭᠡᠢ᠂ ᠮᠢᠨᠦ ᠯᠡ ᠶᠠᠭᠤᠮ᠎ᠠ᠂ ᠬᠤᠳᠠᠯᠳᠤᠬᠤ ᠴᠤ᠌ ᠭᠡᠰᠡᠨ ᠶᠠᠭᠤᠮ᠎ᠠ ᠪᠢᠰᠢ᠃ ᠬᠡᠷᠡᠭ ᠪᠣᠯᠪᠠᠯ ᠶᠠᠭᠠᠬᠢᠬᠤᠪ ᠠᠪᠤᠭᠠᠷᠠᠢ᠂ ᠪᠣᠯᠬᠤ ᠦᠭᠡᠢ ᠪᠣᠯ ᠬᠣᠭ ᠳᠡᠭᠡᠷ᠎ᠡ ᠠᠪᠠᠴᠢᠭᠠᠳ ᠬᠠᠶᠠᠴᠢᠬᠠᠭᠠᠷᠠᠢ ᠳᠠᠷᠤᠭ᠎ᠠ ᠨᠠᠷ ᠮᠢᠨᠢ ᠭᠡᠵᠦ ᠵᠠᠩᠭᠢᠷᠤᠭᠰᠠᠨ ᠬᠣᠭᠣᠯᠠᠢ ᠪᠠᠷ ᠢ᠋ᠶ᠋ᠠᠨ ᠡᠪ ᠳ᠋ᠦᠢ ᠮᠠᠭᠤᠲᠠᠢᠬᠠᠨ ᠬᠡᠯᠡᠴᠢᠬᠡᠭᠡᠳ ᠺᠣᠨᠲ᠋ᠣᠷ ᠤ᠋ᠨ ᠬᠢᠨ ᠬᠠᠭᠠᠯᠭ᠎ᠠ ᠶ᠋ᠢ ᠲᠡᠰᠬᠢᠲᠡᠯᠡ ᠴᠢᠯᠠᠭᠤᠳᠠᠨ ᠭᠠᠷᠴᠤ᠂ ᠮᠣᠷᠢᠨ ᠳ᠋ᠠᠭᠠᠨ ᠮᠣᠷᠳᠠᠭᠠᠳ ᠬᠥᠲᠥᠯᠵᠦ ᠶᠠᠪᠤᠭᠰᠠᠨ ᠳᠤᠬᠤᠰᠢ ᠲᠠᠢ ᠮᠣᠷᠢ ᠪᠠᠨ ᠠᠭᠤᠷ ᠲᠠᠭᠠᠨ ᠲᠠᠰᠢᠭᠤᠷᠳᠠᠨ ᠳᠠᠪᠬᠢᠵᠠᠢ᠃
ᠺᠣᠨᠲ᠋ᠣᠷ ᠲᠤ᠌ ᠦᠯᠡᠳᠡᠭᠴᠢᠳ ᠴᠣᠬᠣᠮ ᠶᠠᠭᠠᠬᠢᠬᠤ ᠤᠴᠢᠷ ᠢ᠋ᠶ᠋ᠠᠨ ᠴᠤ᠌ ᠣᠯᠤᠭᠰᠠᠨ ᠦᠭᠡᠢ ᠭᠠᠢᠬᠠᠵᠠᠭᠠᠨ ᠬᠣᠴᠣᠷᠪᠠ᠃ ᠵᠠᠷᠢᠮ ᠨᠢ ᠰᠡᠷᠡᠬᠡᠨᠡᠩ ᠭᠤᠸᠠᠢ ᠶ᠋ᠢ ᠪᠢᠳᠡ ᠢᠲᠡᠭᠡᠬᠦ ᠦᠭᠡᠢ ᠭᠣᠮᠣᠳᠠᠭᠠᠴᠢᠬᠠᠪᠠ ᠤᠤ ᠳᠠ ᠭᠡᠵᠦ ᠵᠣᠪᠠᠬᠤ ᠮᠠᠶᠢᠬᠲᠠᠢ᠃ ᠵᠠᠷᠢᠮ ᠨᠢ ᠰᠡᠷᠡᠬᠡᠨᠡᠩ ᠳ᠋ᠦ᠍ ᠵᠢᠪᠡᠭᠦᠴᠡᠭᠰᠡᠨ ᠪᠠᠢᠳᠠᠯ ᠲᠠᠢ ᠬᠡᠪ ᠢ᠋ᠶ᠋ᠡᠷ ᠢᠶᠠᠨ᠃ ᠵᠠᠷᠢᠮ ᠨᠢ ᠶᠠᠮᠠᠷ ᠭᠡᠭᠴᠢ ᠶ᠋ᠢᠨ ᠬᠠᠴᠢᠨ ᠶᠠᠭᠤᠮ᠎ᠠ ᠪᠣᠯᠵᠤ ᠪᠠᠢᠨ᠎ᠠ ᠭᠡᠵᠦ ᠢᠨᠢᠶᠡᠨ ᠬᠥᠭᠵᠢᠭᠰᠡᠨ ᠬᠡᠪ ᠢ᠋ᠶ᠋ᠡᠷ ᠢᠶᠠᠨ ᠦᠯᠡᠳᠡᠵᠡᠢ᠃ ᠶᠠᠭᠠᠷᠠᠤ ᠳᠠᠭᠤᠳᠠᠭᠤᠯᠤᠭᠰᠠᠨ ᠨᠢᠭᠡᠳᠦᠯ ᠦ᠋ᠨ ᠮᠣᠨᠲ᠋ᠶᠣᠷ ᠣᠷᠣᠵᠤ ᠢᠷᠡᠭᠡᠳ ᠬᠠᠢᠷᠴᠠᠭ ᠵᠠᠳᠠᠯᠬᠤ ᠳ᠋ᠤ᠌ ᠣᠳᠣ ᠶ᠋ᠢᠨ ᠪᠥᠭᠡᠷᠡᠩᠬᠡᠢ ᠬᠡᠯᠪᠡᠷᠢ ᠲᠡᠢ ᠪᠢᠰᠢ᠂ ᠥᠷᠭᠡᠰᠦᠲᠦ ᠬᠡᠮᠬᠡ ᠰᠢᠭ ᠵᠤᠤᠪᠠᠩ ᠪᠥᠭᠡᠷᠡᠩᠬᠡᠢ ᠮᠥᠷᠳᠡᠯ᠎ᠡ ᠪᠡᠨ ᠤᠷᠲᠤ ᠨᠤᠬᠤᠯᠠᠭ᠎ᠠ ᠲᠠᠢ ᠪᠠᠢᠭᠰᠠᠨ ᠢ᠋ ᠬᠠᠷᠠᠭᠠᠳ᠄
— ᠡᠨᠡ ᠴᠢᠨᠢ ᠶᠠᠭᠤ ᠪᠣᠢ? ᠰᠡᠭᠦᠯ ᠦ᠋ᠨ ᠬᠣᠷᠢ ᠭᠠᠷᠤᠢ ᠵᠢᠯ ᠮᠠᠨ ᠤ᠋ ᠡᠨᠳᠡ ᠢᠷᠡᠬᠦ ᠪᠡᠨ ᠪᠣᠯᠴᠢᠬᠠᠭᠰᠠᠨ ᠰᠢᠯ ᠪᠠᠢᠬ᠎ᠠ ᠴᠢᠨᠢ? ᠡᠨᠡ ᠣᠳᠣ ᠬᠠᠮᠢᠭ᠎ᠠ ᠨᠢ ᠳᠠᠷᠤᠭᠳᠠᠵᠤ ᠪᠠᠢᠭᠠᠳ ᠭᠠᠷᠴᠤ ᠢᠷᠡᠭᠡ ᠶᠦᠮ ᠪᠣᠯ? ᠭᠡᠰᠡᠨ ᠦᠭᠡ ᠳᠠᠷᠤᠭ᠎ᠠ ᠨᠠᠷ ᠲᠤ᠌ ᠭᠠᠢᠬᠠᠬᠤ ᠰᠡᠳᠬᠢᠯ ᠲᠥᠷᠥᠭᠦᠯᠵᠡᠢ᠃ ᠶᠠᠭᠤᠮ᠎ᠠ ᠶ᠋ᠢ ᠮᠠᠭᠤ ᠪᠠᠷ ᠪᠣᠳᠣᠳᠠᠭ ᠬᠥᠮᠦᠨ ᠡᠨᠡ ᠰᠡᠷᠡᠬᠡᠨᠡᠩ ᠳᠡᠭᠡᠷ᠎ᠡ ᠦᠶ᠎ᠡ ᠳ᠋ᠦ᠍ ᠯᠠᠪ ᠨᠢᠭᠡ ᠬᠤᠷᠰᠢᠶ᠎ᠠ ᠯᠠ ᠳᠡᠭᠡᠷᠡᠮᠳᠡᠭᠰᠡᠨ ᠪᠠᠢᠵᠤ ᠮᠡᠳᠡᠨ᠎ᠡ ᠭᠡᠵᠦ ᠪᠣᠳᠣᠭᠰᠠᠨ ᠴᠤ᠌ ᠪᠠᠢᠵᠤ ᠪᠣᠯᠬᠤ ᠪᠢᠵᠡ᠃
ᠰᠡᠷᠡᠬᠡᠨᠡᠩ ᠭᠤᠸᠠᠢ ᠪᠤᠴᠠᠵᠤ ᠶᠠᠪᠤᠬᠤ ᠵᠠᠮ ᠳ᠋ᠠᠭᠠᠨ ᠡᠯᠳᠡᠪ ᠦ᠋ᠨ ᠶᠠᠭᠤᠮ᠎ᠠ ᠪᠣᠳᠣᠵᠤ ᠶᠠᠪᠤᠵᠠᠢ᠃ ᠡᠳᠦᠢ ᠬᠦᠷᠲᠡᠯ᠎ᠡ ᠪᠢᠰᠢᠭᠦᠢ ᠯᠡ ᠭᠣᠮᠣᠳᠠᠵᠤ ᠪᠠᠶᠠᠷᠯᠠᠵᠤ ᠶᠠᠪᠤᠭᠰᠠᠨ᠂ ᠭᠡᠬᠦ ᠳ᠋ᠡᠭᠡᠨ ᠢᠩᠭᠢᠵᠦ ᠭᠣᠮᠣᠳᠠᠵᠤ ᠶᠡᠷᠦ ᠦᠵᠡᠭᠡ ᠦᠭᠡᠢ᠃ ᠨᠠᠰᠤ ᠨᠢ ᠥᠲᠡᠯᠦᠭᠰᠡᠨ ᠳ᠋ᠡᠭᠡᠨ ᠴᠦ᠍ ᠲᠡᠷᠡ ᠶᠦᠮ ᠦᠦ᠂ ᠡᠨᠡ ᠭᠣᠮᠣᠳᠠᠯ ᠬᠦᠨᠳᠦ ᠲᠤᠰᠤᠭᠰᠠᠨ ᠢ᠋ ᠶᠠᠭᠠᠬᠢᠨ᠎ᠠ! ᠬᠥᠮᠦᠨ ᠠᠮᠢᠲᠠᠨ ᠲᠠᠢ ᠵᠥᠪᠯᠡᠵᠦ ᠶᠠᠷᠢᠳᠠᠭ ᠦᠭᠡᠢ᠂ ᠠᠰᠠᠭᠤᠳᠠᠭ ᠦᠭᠡᠢ᠂ ᠭᠠᠭᠴᠠᠭᠠᠷ ᠢ᠋ᠶ᠋ᠠᠨ ᠭᠡᠨᠡᠳᠲᠡ ᠪᠦᠲᠦᠯ ᠦᠭᠡᠢ ᠶᠠᠭᠤᠮ᠎ᠠ ᠰᠠᠨᠠᠴᠢᠬᠠᠳᠠᠭ᠂ ᠮᠢᠨᠦ ᠡᠨᠡ ᠡᠪᠡᠳᠴᠢᠨ ᠦᠦ?᠁ ᠵᠠᠪᠠᠯ ᠨᠢᠭᠡ ᠰᠠᠨᠠᠭ᠎ᠠ ᠦᠭᠡᠢ᠂ ᠪᠣᠳᠣᠭ᠎ᠠ ᠦᠭᠡᠢ ᠡᠪ ᠦᠭᠡᠢ ᠶᠠᠭᠤᠮᠠᠨ ᠳ᠋ᠤ᠌ ᠣᠷᠣᠭᠤᠯᠤᠨ᠎ᠠ ᠭᠡᠭᠴᠢ᠂ ᠡᠨᠡ ᠭᠠᠢ ᠪᠣᠯᠤᠭᠰᠠᠨ ᠴᠢᠳᠧᠩ ᠦ᠋ᠨ ᠬᠡᠳᠦᠨ ᠰᠢᠯ ᠨᠠᠮ᠎ᠠ ᠶ᠋ᠢ ᠮᠥᠨ ᠣᠯᠠᠨ ᠬᠥᠳᠡᠵᠦ ᠪᠠᠢᠵᠤ ᠠᠷᠠᠢ ᠭᠡᠵᠦ ᠨᠢᠭᠡ ᠰᠠᠯᠬᠤ ᠰᠢᠪ᠃ ᠬᠡᠳᠦᠨ ᠮᠥᠩᠭᠥ ᠶ᠋ᠢ ᠮᠢᠨᠢ ᠦᠷᠡᠭᠡᠳ ᠭᠠᠵᠠᠷ ᠳᠡᠭᠡᠷᠡᠬᠢ ᠭᠠᠭᠴᠠ ᠳᠡᠭᠦᠦ ᠲᠡᠢ ᠮᠢᠨᠢ ᠲᠠᠩᠭᠠᠷᠢᠭ ᠲᠠᠰᠤᠯᠤᠭᠠᠳ ᠨᠤᠲᠤᠭ ᠤ᠋ᠨ ᠬᠢᠨ ᠳ᠋ᠦ᠍ ᠮᠢᠨᠢ ᠰᠢᠪᠰᠢᠭ ᠲᠠᠷᠢᠬᠤ ᠰᠢᠬᠠᠭᠠᠳ᠂ ᠲᠡᠭᠡᠭᠡᠳ ᠥᠨᠥᠳᠥᠷ ᠡᠨᠡ᠃ ᠬᠡᠳᠦᠨ ᠮᠢᠨᠦ᠋ᠲ ᠦ᠋ᠨ ᠡᠮᠦᠨ᠎ᠡ ᠪᠢ ᠶᠠᠭᠠᠬᠢᠭᠰᠠᠨ ᠰᠠᠢᠬᠠᠨ ᠰᠡᠳᠬᠢᠯ ᠲᠡᠢ ᠡᠨᠡ ᠵᠠᠮ ᠢ᠋ᠶ᠋ᠠᠷ ᠲᠡᠷᠡ ᠬᠡᠳᠦᠨ ᠭᠠᠢ ᠲᠠᠢ ᠰᠢᠯ ᠢ᠋ ᠲᠡᠩᠨᠡᠵᠦ ᠶᠠᠪᠤᠭᠰᠠᠨ ᠪᠢᠯᠡ? ᠨᠢᠭᠡᠳᠦᠯ ᠦ᠋ᠨ ᠮᠢᠨᠢ ᠬᠠᠮᠤᠭ ᠤᠳᠤᠷᠢᠳᠤᠯᠭ᠎ᠠ ᠴᠤᠭᠯᠠᠷᠠᠭᠠᠳ ᠵᠣᠷᠢᠭᠤᠳᠠ ᠨᠠᠮ᠎ᠠ ᠶ᠋ᠢ ᠬᠦᠯᠢᠶᠡᠵᠦ ᠠᠪᠬᠤ ᠭᠡᠵᠦ ᠪᠠᠢᠭ᠎ᠠ ᠶᠤᠮ ᠰᠢᠭ᠋ ᠪᠠᠢᠭᠰᠠᠨ ᠢ᠋ ᠬᠡᠯᠡᠬᠦ ᠦᠦ᠂ ᠮᠥᠨ ᠬᠦᠯᠢᠶᠡᠵᠦ ᠠᠪᠤᠪᠠ? ᠬᠠᠯᠠᠭᠤᠨ ᠨᠣᠷᠤᠮ ᠤᠷᠤᠭᠤ ᠤᠰᠤ ᠬᠢᠵᠦ ᠪᠠᠢᠭ᠎ᠠ ᠶᠤᠮ ᠰᠢᠭ᠋᠁ ᠠᠷᠠᠢ ᠯᠠ ᠬᠤᠯᠠᠭᠠᠢ ᠬᠢᠭᠡᠳ ᠢᠷᠡᠪᠡ ᠤᠤ ᠭᠡᠰᠡᠨ ᠦᠭᠡᠢ᠃ ᠳᠣᠲᠣᠷ᠎ᠠ ᠪᠠᠨ ᠵᠠᠷᠢᠮ ᠨᠢ ᠴᠦ᠍ ᠲᠡᠭᠡᠵᠦ ᠪᠣᠳᠣᠭᠰᠠᠨ ᠴᠤ᠌ ᠪᠠᠢᠬ᠎ᠠ ᠠ᠋᠂ ᠲᠤᠰᠠᠯᠠᠵᠤ ᠪᠠᠢᠭ᠎ᠠ ᠶᠠᠭᠤᠮ᠎ᠠ ᠭᠡᠳ ᠪᠠᠢᠬᠤ ᠳ᠋ᠤ᠌ ᠦᠨ᠎ᠡ ᠨᠢ ᠶᠠᠭᠤ ᠶᠤᠮ ᠪᠣᠢ ᠴᠤ᠌ ᠭᠡᠬᠦ ᠰᠢᠭ᠂ ᠳᠠᠩᠴᠤ ᠶᠠᠭᠠᠬᠢᠪᠠ᠃ ᠪᠢ ᠭᠡᠳᠡᠭ ᠬᠥᠮᠦᠨ ᠢᠩᠭᠢᠵᠦ ᠣᠯᠠᠨ ᠤ᠋ ᠢᠲᠡᠭᠡᠯ ᠢ᠋ ᠠᠯᠳᠠᠴᠢᠬᠠᠭᠰᠠᠨ ᠨᠡᠷ᠎ᠡ ᠲᠥᠷᠥ ᠪᠡᠨ ᠪᠠᠷᠠᠴᠢᠬᠠᠭᠰᠠᠨ ᠮᠥᠩᠬᠡ ᠶ᠋ᠢᠨ ᠵᠤᠵᠢ ᠰᠡᠷᠡᠬᠡᠨᠡᠩ ᠶᠦᠮ ᠪᠠᠢᠵᠠᠢ᠃ ᠡᠨᠡ ᠨᠡᠷ᠎ᠡ ᠦᠬᠦᠯ᠎ᠡ ᠴᠦ᠍ ᠭᠡᠰᠡᠨ ᠶᠠᠰᠤᠨ ᠠ᠋ᠴᠠ ᠮᠢᠨᠢ ᠰᠠᠯᠬᠤ ᠦᠭᠡᠢ ᠪᠠᠢᠬ᠎ᠠ ᠭᠡᠵᠦ ᠪᠣᠳᠣᠨ ᠡᠯᠳᠡᠪ ᠢ᠋ ᠲᠣᠭᠣᠷᠢᠭᠤᠯᠤᠨ ᠤᠬᠢᠯᠠᠮᠠᠷ ᠭᠡᠷ ᠲᠡᠭᠡᠨ ᠬᠠᠷᠢᠵᠠᠢ᠃ ᠢᠷᠡᠭᠰᠡᠨ ᠡᠳᠦᠷ ᠢᠶᠠᠨ ᠬᠣᠭᠣᠯᠠ ᠴᠠᠢ ᠨᠢ ᠬᠣᠭᠣᠯᠠᠢ ᠤᠷᠤᠭᠤ ᠨᠢ ᠤᠷᠤᠭᠰᠠ ᠦᠭᠡᠢ᠂ ᠰᠤᠷᠤᠭᠰᠠᠨ ᠵᠠᠩᠰᠢᠯ ᠢ᠋ᠶ᠋ᠠᠷ ᠢ᠋ᠶ᠋ᠠᠨ ᠬᠠᠭᠠᠰ ᠰᠠᠷ᠎ᠠ ᠭᠠᠷᠤᠢ ᠠᠪᠠᠭᠠᠢ ᠳ᠋ᠠᠭᠠᠨ ᠴᠤ᠌ ᠳᠤᠤᠭᠠᠷᠤᠭᠰᠠᠨ ᠦᠭᠡᠢ᠃ ᠠᠪᠠᠭᠠᠢ ᠨᠢ ᠵᠠᠩ ᠢ᠋ ᠨᠢ ᠮᠡᠳᠡᠬᠦ ᠪᠡᠷ ᠢᠶᠠᠨ《 ᠡᠨᠡ ᠮᠠᠨᠢ ᠨᠢᠭᠡ ᠬᠥᠮᠦᠨ ᠲᠡᠢ ᠬᠡᠷᠡᠯᠳᠦᠵᠦ ᠳᠡ᠂ ᠬᠠᠷ᠎ᠠ ᠥᠷᠯᠥᠭᠡᠭᠦᠷ ᠡᠪᠡᠳᠴᠢᠨ ᠲᠤᠰᠴᠢᠬᠠᠭᠰᠠᠨ ᠶᠤᠮ ᠰᠢᠭ᠋ ᠭᠡᠨᠡᠳᠬᠡᠨ ᠬᠤᠪᠴᠠᠰᠤᠯᠠᠭᠠᠳ ᠯᠠ ᠬᠣᠶᠠᠷ ᠮᠣᠷᠢ ᠪᠠᠨ ᠡᠮᠡᠭᠡᠯᠯᠡᠵᠦ ᠲᠣᠬᠣᠰᠢᠯᠠᠭᠠᠳ ᠡᠪᠦᠯᠵᠢᠶ᠎ᠡ ᠣᠷᠣᠨ᠎ᠠ ᠭᠡᠳ ᠶᠠᠪᠤᠭᠰᠠᠨ ᠶᠤᠮ᠃ ᠡᠳᠦᠢ ᠳ᠋ᠦ᠍ ᠳᠠᠢᠰᠢ ᠪᠠᠨ ᠶᠠᠪᠤᠬᠤ ᠬᠡᠷᠡᠭ ᠪᠠᠢᠮᠠᠷ ᠦᠭᠡᠢ ᠯᠡ ᠶᠤᠮᠰᠠᠨ᠃ ᠬᠣᠶᠠᠷ ᠢᠯᠡᠭᠦᠦ ᠰᠢᠨᠡᠬᠡᠨ ᠢᠰᠡᠭᠡᠢ ᠲᠤᠭᠤᠷᠭ᠎ᠠ ᠪᠠᠢᠭᠰᠠᠨ ᠶᠤᠮ᠂ ᠲᠡᠭᠦᠨ ᠢ᠋ ᠪᠡᠨ ᠬᠥᠮᠦᠨ ᠳ᠋ᠦ᠍ ᠵᠠᠷᠤᠬᠤ ᠭᠡᠰᠡᠨ ᠴᠢᠨᠢ ᠦᠨ᠎ᠡ ᠳᠠᠭᠠᠷᠠᠭ᠎ᠠ ᠦᠭᠡᠢ ᠲᠠᠷ ᠲᠣᠷ ᠭᠡᠰᠡᠨ ᠪᠠᠢᠯᠭᠦᠢ ᠳᠡ》 ᠭᠡᠵᠦ ᠪᠣᠳᠣᠭᠠᠳ ᠥᠩᠭᠡᠷᠡᠵᠡᠢ᠃ ᠰᠡᠷᠡᠬᠡᠨᠡᠩ ᠭᠤᠸᠠᠢ ᠪᠠᠶᠠᠷ ᠨᠠᠭᠠᠳᠤᠮ ᠢ᠋ᠶ᠋ᠠᠷ ᠰᠤᠮᠤ ᠣᠷᠣᠳᠠᠭ ᠴᠤ᠌ ᠪᠢᠰᠢ᠂ ᠵᠠᠷᠢᠮ ᠵᠢᠯ ᠠᠪᠠᠭᠠᠢ ᠥᠬᠢᠨ ᠬᠣᠶᠠᠷ ᠢ᠋ᠶ᠋ᠠᠨ ᠶᠠᠪᠤᠭᠤᠯᠳᠠᠭ ᠪᠠᠢᠭᠰᠠᠨ ᠶᠤᠮ᠃ ᠬᠠᠷᠢᠨ ᠨᠢᠭᠡᠳᠦᠯ ᠣᠷᠣᠭᠰᠠᠨ ᠠ᠋ᠴᠠ ᠬᠣᠢᠰᠢ ᠵᠢᠯ ᠪᠦᠷᠢ ᠥᠪᠡᠷ ᠢᠶᠠᠨ ᠨᠠᠭᠠᠳᠤᠮ ᠳ᠋ᠤ᠌ ᠢᠷᠡᠳᠡᠭ ᠪᠣᠯᠤᠭᠰᠠᠨ ᠶᠤᠮᠰᠠᠨ᠃ ᠡᠨᠡ ᠵᠢᠯ ᠭᠣᠮᠣᠳᠠᠭᠰᠠᠨ ᠳ᠋ᠠᠭᠠᠨ ᠥᠪᠡᠷ ᠢᠶᠠᠨ ᠴᠦ᠍ ᠣᠴᠢᠭ᠎ᠠ ᠦᠭᠡᠢ ᠬᠥᠭᠰᠢᠨ ᠢᠶᠠᠨ ᠣᠴᠢ ᠭᠡᠵᠦ ᠬᠡᠯᠡᠭᠡ ᠦᠭᠡᠢ ᠥᠩᠭᠡᠷᠡᠵᠡᠢ᠃
ᠰᠡᠭᠦᠯ ᠳ᠋ᠦ᠍ ᠲᠤᠭᠤᠯᠬᠤ ᠳ᠋ᠤ᠌ ᠰᠡᠷᠡᠭᠡᠨᠡᠩ ᠭᠤᠸᠠᠢ ᠶ᠋ᠢᠨ ᠥᠭᠭᠦᠭᠰᠡᠨ ᠰᠢᠯ ᠦ᠋ᠳ220 ᠸᠣᠯᠲ ᠤ᠋ᠨ80—60 ᠯᠡ ᠶ᠋ᠢᠨ ᠭᠡᠷᠡᠯ ᠪᠠᠢᠭᠰᠠᠨ ᠤᠴᠢᠷ ᠠ᠋ᠴᠠ ᠺᠯᠦ᠋ᠪ ᠺᠣᠨᠲ᠋ᠣᠷ ᠭᠤᠸᠠᠩᠵᠠ ᠣᠷᠣᠨ ᠰᠠᠭᠤᠴᠠ ᠳ᠋ᠤ᠌ ᠪᠦᠷᠢᠨ ᠬᠦᠷᠴᠦ ᠲᠡᠷᠡ ᠴᠦ᠍ ᠪᠠᠢᠲᠤᠭᠠᠢ ᠨᠢᠭᠡᠳᠦᠯ ᠦ᠋ᠨ ᠬᠢᠨ ᠺᠯᠦ᠋ᠪ ᠦ᠋ᠨ ᠢ᠋ᠶ᠋ᠡᠷ ᠡᠭᠦᠳᠡᠨ ᠳ᠋ᠦ᠍ ᠬᠦᠷᠲᠡᠯ᠎ᠡ ᠭᠡᠷᠡᠯ ᠴᠢᠮᠡᠭᠯᠡᠯ ᠬᠢᠵᠦ ᠪᠠᠶᠠᠷ ᠨᠠᠭᠠᠳᠤᠮ ᠢ᠋ᠶ᠋ᠠᠨ ᠰᠦᠷᠲᠡᠢ ᠰᠠᠢᠬᠠᠨ ᠥᠩᠭᠡᠷᠡᠭᠦᠯᠦᠭᠰᠡᠨ ᠭᠡᠨ᠎ᠡ ᠪᠢᠯᠡ᠃ ᠲᠡᠭᠦᠨ ᠡᠴᠡ ᠬᠣᠢᠰᠢ ᠨᠢᠭᠡᠳᠦᠯ ᠦ᠋ᠨ ᠵᠠᠬᠢᠷᠭᠠᠨ ᠠ᠋ᠴᠠ ᠴᠢᠳᠧᠩ ᠦ᠋ᠨ ᠰᠢᠯ ᠦ᠋ᠨ ᠦᠨ᠎ᠡ ᠶ᠋ᠢᠨ ᠣᠷᠣᠨ ᠳ᠋ᠤᠨᠢ ᠰᠣᠯᠢᠬᠤ ᠭᠡᠰᠡᠨ ᠶᠠᠭᠤᠮ᠎ᠠ ᠭᠡᠵᠦ ᠨᠡᠬᠡᠭᠰᠡᠨ ᠠᠯᠪᠠᠨ ᠭᠠᠵᠠᠷ ᠣᠭᠲᠣ ᠭᠠᠷᠤᠭᠰᠠᠨ ᠦᠭᠡᠢ ᠤᠳᠠᠵᠠᠢ᠃ ᠦᠨᠡᠬᠡᠷ ᠰᠡᠷᠡᠭᠡᠨᠡᠩ ᠭᠤᠸᠠᠢ ᠲᠤᠰᠠᠯᠠᠭᠰᠠᠨ ᠨᠢ ᠭᠠᠷᠴᠠᠭ᠎ᠠ ᠦᠭᠡᠢ ᠪᠣᠯᠤᠯ᠎ᠠ ᠭᠡᠳᠡᠭ ᠢᠲᠡᠭᠡᠯ ᠳᠠᠷᠤᠭ᠎ᠠ ᠨᠠᠷ ᠲᠤ᠌ ᠲᠥᠷᠥᠭᠰᠡᠨ᠂ ᠭᠡᠪᠡᠴᠦ ᠶᠠᠭᠠᠬᠢᠬᠤ ᠭᠡᠵᠦ ᠰᠡᠷᠡᠭᠡᠨᠡᠩ ᠭᠤᠸᠠᠢ ᠲᠡᠢᠮᠦ ᠣᠯᠠᠨ ᠢ᠋ ᠬᠡᠵᠢᠶ᠎ᠡ ᠬᠠᠮᠢᠭ᠎ᠠ ᠠ᠋ᠴᠠ ᠠᠪᠴᠤ ᠳᠠᠷᠤᠭᠰᠠᠨ ᠨᠢ ᠣᠢᠯᠠᠭᠠᠭᠳᠠᠬᠤ ᠦᠭᠡᠢ ᠣᠨᠢᠰᠣᠭ᠎ᠠ ᠬᠡᠪ ᠢ᠋ᠶ᠋ᠡᠷ ᠦᠯᠡᠳᠡᠵᠡᠢ᠃ ᠰᠡᠷᠡᠭᠡᠨᠡᠩ ᠭᠤᠸᠠᠢ ᠶ᠋ᠢ ᠢᠲᠡᠭᠡᠬᠦ ᠦᠭᠡᠢ ᠭᠣᠮᠣᠳᠠᠭᠠᠭᠰᠠᠨ ᠶᠠᠪᠤᠳᠠᠯ ᠢ᠋ ᠰᠡᠭᠦᠯ ᠳ᠋ᠦ᠍ ᠲᠤᠭᠤᠯᠤᠭᠰᠠᠨ ᠨᠢᠭᠡᠳᠦᠯ ᠦ᠋ᠨ ᠨᠠᠮ ᠤ᠋ᠨ ᠡᠭᠦᠷ ᠦ᠋ᠨ ᠳᠠᠷᠤᠭ᠎ᠠ ᠨᠥᠭᠥᠭᠡ ᠬᠡᠳᠦ ᠶ᠋ᠢ ᠪᠡᠨ ᠵᠢᠮᠡᠯᠡᠵᠦ ᠪᠠᠢᠨ᠎ᠠ ᠭᠡᠰᠡᠨ ᠰᠤᠷᠠᠭ ᠳᠠᠮ ᠳᠤᠭᠤᠯᠳᠠᠭᠠᠳ ᠰᠡᠷᠡᠭᠡᠨᠡᠩ ᠭᠤᠸᠠᠢ ᠶ᠋ᠢᠨ ᠰᠡᠳᠬᠢᠯ ᠨᠢ ᠠᠮᠠᠷᠠᠵᠤ ᠭᠣᠮᠣᠳᠠᠭᠰᠠᠨ ᠢ᠋ᠶ᠋ᠠᠨ ᠮᠠᠷᠲᠠᠭᠠᠳ ᠨᠢᠭᠡᠳᠦᠯ ᠦ᠋ᠨ ᠢ᠋ᠶ᠋ᠡᠷ ᠲᠥᠯᠥᠭᠡ ᠦᠷᠭᠦᠯᠵᠢ ᠰᠠᠨᠠᠭ᠎ᠠ ᠲᠠᠯᠪᠢᠵᠤ ᠵᠢᠳᠬᠦᠭᠰᠡᠭᠡᠷ ᠶᠠᠪᠤᠵᠠᠢ᠃
ᠵᠢᠷᠠᠨ ᠨᠠᠰᠤᠨ ᠤ᠋ ᠨᠠᠢᠷ ᠳᠡᠭᠡᠷ᠎ᠡ ᠫᠢᠶᠠᠩ ᠢ᠋ᠶ᠋ᠠᠨ ᠶᠠᠷᠢᠬᠤ ᠨᠢ ᠢᠩᠭᠢᠵᠦ ᠡᠬᠢᠯᠡᠭᠰᠡᠨ ᠶᠦ᠍ᠮ᠃ ᠬᠤᠷᠠᠯ ᠶᠣᠰᠣᠯᠠᠯ ᠤ᠋ᠨ ᠬᠡᠰᠡᠭ ᠨᠢ ᠳᠥᠷᠪᠡᠨ ᠴᠠᠭ ᠤ᠋ᠨ ᠦᠶ᠎ᠡ ᠳ᠋ᠦ᠍ ᠡᠬᠢᠯᠡᠵᠡᠢ᠃ ᠨᠠᠢᠷ ᠤ᠋ᠨ ᠬᠡᠰᠡᠭ ᠨᠢ ᠲᠠᠪᠤᠨ ᠴᠠᠭ ᠲᠤ᠌ ᠡᠬᠢᠯᠡᠭᠰᠡᠨ ᠶᠦ᠍ᠮ᠃ ᠨᠠᠢ᠍ᠮᠠᠨ ᠴᠠᠭ ᠤ᠋ᠨ ᠦᠶ᠎ᠡ ᠳ᠋ᠦ᠍ ᠨᠠᠢᠷ ᠤ᠋ᠨ ᠪᠠᠢᠳᠠᠯ ᠴᠤ᠌ ᠨᠢᠭᠡ ᠬᠥᠭᠵᠢᠭᠡᠳ ᠢᠷᠡᠯ᠎ᠡ᠂ ᠰᠡᠷᠡᠭᠡᠨᠡᠩ ᠭᠤᠸᠠᠢ ᠤᠭ ᠨᠢ ᠶᠠᠭᠤᠮ᠎ᠠ ᠤᠤᠭᠤᠳᠠᠭ ᠦᠭᠡᠢ ᠳ᠋ᠡᠭᠡᠨ ᠴᠦ᠍ ᠶᠦ᠍ᠮ ᠦᠦ᠂ ᠪᠠᠶᠠᠷ ᠬᠥᠷ ᠪᠣᠯᠤᠭᠰᠠᠨ ᠳ᠋ᠠᠭᠠᠨ ᠴᠤ᠌ ᠶᠤᠮ ᠤᠤ? ᠠᠮᠠᠷᠬᠠᠨ ᠬᠠᠯᠠᠴᠢᠬᠠᠭᠰᠠᠨ ᠪᠠᠢᠵᠠᠢ᠃ ᠭᠡᠲᠡᠯ᠎ᠡ ᠭᠡᠨᠡᠳᠲᠡᠬᠡᠨ ᠭᠡᠷ ᠳᠦᠭᠦᠷᠡᠩ ᠭᠡᠷᠡᠯ ᠭᠠᠷᠴᠤ ᠴᠢᠳᠧᠩ ᠠᠰᠠᠬᠤ ᠲᠠᠢ ᠵᠡᠷᠭᠡ ᠱᠠᠭᠰᠢᠵᠤ ᠭᠠᠷᠴᠠᠢ᠃ ᠠᠮᠠ ᠠᠮᠠᠨ ᠳ᠋ᠠᠭᠠᠨ《 ᠡᠳᠦᠷ ᠰᠢᠭ ᠮᠥᠨ ᠰᠠᠢᠬᠠᠨ ᠠ᠋᠂ ᠳᠥᠷᠪᠡ ᠶ᠋ᠢ ᠲᠠᠯᠪᠢᠴᠢᠬᠠᠭᠰᠠᠨ ᠪᠠᠢᠨ᠎ᠠ ᠰᠢᠦ》 ᠭᠡᠯᠴᠡᠬᠦ ᠶ᠋ᠢ ᠰᠣᠨᠣᠰᠤᠭᠠᠳ ᠰᠡᠷᠡᠭᠡᠨᠡᠩ ᠭᠤᠸᠠᠢ ᠪᠠᠷᠤᠭ ᠡᠨᠡ ᠨᠠᠰᠤᠨ ᠳ᠋ᠠᠭᠠᠨ ᠢᠨᠢᠶᠡᠵᠦ ᠦᠵᠡᠭᠡ ᠦᠭᠡᠢ ᠴᠢᠩᠭ᠎ᠠ ᠳᠠᠭᠤ ᠪᠠᠷ ᠢᠨᠢᠶᠡᠵᠦ᠄
— ᠲᠠ ᠮᠢᠨᠢ ᠠ᠋᠂ ᠲᠠ ᠮᠢᠨᠢ ᠠ᠋! ᠭᠡᠬᠦ ᠳ᠋ᠦ᠍ ᠠᠪᠠᠭᠠᠢ ᠥᠬᠢᠨ ᠬᠦᠷᠭᠡᠨ ᠭᠤᠷᠪᠠ ᠨᠢ ᠶᠠᠭᠠᠬᠢᠳᠠᠭ ᠪᠢᠯᠡ ᠪᠦᠷ ᠰᠣᠭᠲᠣᠴᠢᠬᠠᠵᠠᠢ ᠭᠡᠵᠦ ᠰᠡᠳᠬᠢᠯ ᠨᠢ ᠵᠣᠪᠠᠵᠠᠭᠠᠵᠠᠢ᠃
— ᠭᠤᠷᠪᠠᠳᠤᠭᠠᠷ ᠪᠠᠷᠢᠭᠠᠳᠠ ᠰᠢᠷ᠎ᠠ ᠰᠢᠪᠠᠭᠤᠲᠤ ᠶ᠋ᠢᠨ ᠠᠮᠠᠨ ᠳ᠋ᠤ᠌ ᠰᠠᠭᠤᠷᠢᠰᠢᠭᠠᠳ ᠭᠦᠢᠴᠡᠬᠦ ᠪᠡᠷ ᠮᠠᠨ ᠤ᠋ ᠰᠠᠭᠤᠷᠢ ᠬᠦᠷᠲᠡᠯ᠎ᠡ ᠤᠲᠠᠰᠤ ᠲᠠᠲᠠᠭᠠᠳ ᠭᠡᠷ ᠲᠡᠭᠡᠨ ᠮᠠᠯ ᠤ᠋ᠨ ᠢ᠋ᠶ᠋ᠠᠷ ᠬᠠᠰᠢᠶ᠎ᠠ ᠰᠠᠷᠠᠪᠴᠢᠨ ᠳ᠋ᠤ᠌ ᠲᠥᠯ ᠦ᠋ᠨ ᠫᠦᠩᠵᠡ᠂ ᠡᠪᠡᠰᠦᠨ ᠦ᠌ ᠬᠠᠰᠢᠶ᠎ᠠ᠂ ᠵᠣᠷᠯᠣᠩ᠂ ᠣᠩᠭᠣᠢᠳᠠᠭ ᠰᠠᠪᠠ ᠪᠦᠭᠦᠳᠡ ᠳ᠋ᠦ᠍ ᠴᠢᠳᠧᠩ ᠲᠠᠯᠪᠢᠵᠤ ᠬᠦᠰᠡᠯ ᠢ᠋ᠶ᠋ᠡᠷ ᠬᠠᠩᠭᠠᠭᠠᠳ ᠦᠬᠦᠨ᠎ᠡ ᠳᠡ ᠪᠢ! ᠭᠡᠬᠦ ᠳ᠋ᠦ᠍ ᠨᠠᠢᠷ ᠤ᠋ᠨ ᠬᠢᠨ ᠠᠮᠠ ᠠᠮᠠᠨ ᠳ᠋ᠠᠭᠠᠨ᠄
— ᠰᠡᠷᠡᠭᠡᠨᠡᠩ ᠭᠤᠸᠠᠢ᠂ ᠦᠬᠦᠬᠦ ᠬᠠᠮᠢᠭ᠎ᠠ ᠴᠤ᠌ ᠪᠠᠢᠭᠰᠠᠨ ᠶᠤᠮ ᠪᠣᠢ᠂ ᠨᠠᠶᠠ ᠠᠭᠤᠵᠢᠭᠤᠬᠠᠨ ᠬᠦᠷᠦᠨ᠎ᠡ᠃ ᠨᠠᠭᠠᠨ᠎ᠠ ᠨᠢ ᠳᠠᠯᠠᠨ ᠨᠠᠰᠤᠨ ᠤ᠋ ᠨᠠᠢᠷ᠂ ᠨᠠᠶᠠᠨ ᠨᠠᠰᠤᠨ ᠤ᠋ ᠨᠠᠢᠷ ᠬᠢᠨ᠎ᠡ᠂ ᠪᠣᠯᠤᠭ᠎ᠠ ᠦᠭᠡᠢ ᠭᠡᠯᠴᠡᠵᠡᠢ᠃ ᠰᠡᠷᠡᠭᠡᠨᠡᠩ ᠭᠤᠸᠠᠢ ᠡᠳᠡᠨ ᠦ᠌ ᠦᠭᠡ ᠶ᠋ᠢ ᠲᠤᠭᠤᠯᠤᠭᠰᠠᠨ ᠰᠢᠨᠵᠢ ᠦᠭᠡᠢ᠄
— ᠭᠠᠵᠢᠳ ᠠ᠋᠂ ᠪᠢ ᠬᠡᠳᠦᠨ ᠣᠨ ᠳ᠋ᠤ᠌ ᠬᠣᠲᠠ ᠣᠷᠣᠯ᠎ᠠ? ᠭᠡᠵᠦ ᠠᠪᠠᠭᠠᠢ ᠳ᠋ᠠᠭᠠᠨ ᠬᠠᠨᠳᠤᠬᠤ ᠳ᠋ᠤ᠌ ᠠᠪᠠᠭᠠᠢ ᠨᠢ ᠬᠤᠷᠤᠭᠤ ᠳᠠᠷᠤᠵᠤ᠄
— ᠥᠬᠢᠨ ᠮᠢᠨᠢ ᠶᠢᠰᠦᠲᠡᠢ ᠪᠠᠢᠭᠰᠠᠨ ᠶᠤᠮᠰᠠᠨ᠂ ᠭᠤᠴᠢᠨ ᠳᠥᠷᠪᠡᠨ ᠣᠨ ᠶᠤᠮ ᠤᠤ ᠳᠠ᠃
— ᠵᠠ ᠲᠡᠢᠮᠦ ᠴᠦ᠍ ᠪᠠᠢᠭ᠎ᠠ᠂ ᠭᠤᠴᠢᠨ ᠳᠥᠷᠪᠡᠨ ᠣᠨ ᠶᠤᠮ ᠳ᠋ᠠᠭ᠂ ᠪᠢ ᠲᠡᠷᠡ ᠦᠶ᠎ᠡ ᠳ᠋ᠦ᠍ ᠲᠣᠮᠣᠭ᠎ᠠ ᠦᠭᠡᠢ ᠮᠠᠭᠤᠬᠠᠢ ᠴᠤ᠌ ᠪᠠᠢᠵᠤ᠂ ᠬᠠᠷᠢᠨ ᠴᠢᠳᠠᠯ ᠲᠡᠩᠬᠡᠭᠡ ᠰᠠᠢᠲᠠᠢ ᠴᠤ᠌ ᠪᠠᠢᠵᠤ᠂ ᠭᠤᠴᠢᠨ ᠳᠥᠷᠪᠡᠨ ᠣᠨ ᠳ᠋ᠤ᠌ ᠬᠣᠲᠠ ᠣᠷᠣᠬᠤ ᠶᠠᠭᠤᠮ᠎ᠠ ᠪᠣᠯᠤᠯ᠎ᠠ᠃
— ᠲᠠ ᠮᠢᠨᠢ ᠠ᠋᠂ ᠵᠢᠭᠠᠬᠠᠨ ᠴᠢᠮᠡᠭᠡ ᠦᠭᠡᠢ ᠪᠠᠢᠭᠠᠴᠢ! ᠰᠡᠷᠡᠭᠡᠨᠡᠩ ᠭᠤᠸᠠᠢ ᠶ᠋ᠢᠨ ᠶᠠᠷᠢᠶ᠎ᠠ ᠶ᠋ᠢ ᠰᠣᠨᠣᠰ ᠭᠡᠵᠦ ᠶᠡᠬᠡ ᠣᠯᠵᠠᠭᠤᠷᠬᠠᠨ ᠰᠣᠨᠢᠷᠬᠠᠭᠰᠠᠨ ᠪᠠᠢᠳᠠᠯ ᠲᠠᠢ ᠨᠢᠭᠡᠳᠦᠯ ᠦ᠋ᠨ ᠳᠠᠷᠤᠭ᠎ᠠ ᠨᠡᠢᠲᠡ ᠶ᠋ᠢᠨ ᠠᠩᠬᠠᠷᠤᠯ ᠢ᠋ ᠲᠠᠲᠠᠭᠠᠳ ᠴᠢᠮᠡᠭᠡ ᠨᠠᠮᠳᠠᠭᠰᠠᠨ ᠤ᠋ ᠳᠠᠷᠠᠭ᠎ᠠ ᠰᠡᠷᠡᠭᠡᠨᠡᠩ ᠭᠤᠸᠠᠢ ᠬᠣᠭᠣᠯᠠᠢ ᠪᠠᠨ ᠵᠠᠰᠠᠵᠤ᠄
— ᠣᠳᠣ ᠤᠷᠤᠭᠰᠢ ᠪᠠᠨ ᠨᠡᠭᠦᠭᠡᠳ ᠭᠣᠪᠢ ᠰᠤᠮᠤ ᠣᠷᠣᠴᠢᠬᠠᠭᠰᠠᠨ ᠰᠢᠷ᠎ᠠ ᠶ᠋ᠢᠨ ᠷᠠᠳᠨ᠎ᠠ ᠠ᠋ᠴᠠ ᠲᠠᠪᠤᠨ ᠲᠡᠮᠡᠭᠡ ᠬᠥᠯᠥᠰᠥᠯᠡᠭᠡᠳ ᠷᠠᠳᠨ᠎ᠠ ᠴᠤ᠌ ᠥᠪᠡᠷ ᠢ᠋ᠶ᠋ᠡᠷ ᠵᠢᠷᠭᠤᠭᠠᠨ ᠲᠡᠮᠡᠭᠡ ᠪᠦᠭᠦᠳᠡ ᠠᠷᠪᠠᠨ ᠨᠢᠭᠡᠨ ᠲᠡᠮᠡᠭᠡ᠂ ᠠᠴᠢᠶ᠎ᠠ ᠲᠠᠢ ᠵᠢᠭᠠᠯ ᠵᠢᠭᠤᠯ ᠵᠠᠷᠤᠬᠤ ᠶᠠᠭᠤᠮ᠎ᠠ ᠲᠠᠢ᠂ ᠪᠢ ᠭᠠᠭᠴᠠ ᠳᠡᠭᠦᠦ ᠲᠡᠢ ᠪᠡᠨ ᠴᠦ᠍ ᠠᠭᠤᠯᠵᠠᠶ᠎ᠠ᠂ ᠡᠪᠦᠯ ᠦ᠋ᠨ ᠬᠣᠭᠣᠯᠠᠨ ᠳ᠋ᠤᠨᠢ ᠨᠡᠮᠡᠷᠢ ᠥᠭᠬᠦᠶ᠎ᠡ᠂ ᠬᠣᠲᠠ ᠬᠦᠷᠢᠶ᠎ᠡ ᠴᠦ᠍ ᠦᠵᠡᠶ᠎ᠡ ᠭᠡᠳ ᠭᠠᠷᠤᠭᠠᠳ ᠥᠭᠬᠦᠯ᠎ᠡ᠃ ᠰᠠᠷ᠎ᠠ ᠭᠠᠷᠤᠢ ᠯᠠ ᠶᠠᠪᠤᠵᠤ ᠬᠦᠷᠦᠭᠰᠡᠨ ᠶᠦ᠍ᠮ᠃ ᠣᠷᠣᠢᠬᠠᠨ ᠰᠢᠭ᠋ ᠬᠣᠲᠠ ᠣᠷᠣᠴᠢᠬᠠᠭᠰᠠᠨ ᠴᠢᠨᠢ ᠵᠠᠬ᠎ᠠ ᠬᠢᠵᠠᠭᠠᠷ ᠨᠢ ᠮᠡᠳᠡᠭᠳᠡᠬᠦ ᠦᠭᠡᠢ ᠶᠦ᠍ᠮ᠂ ᠬᠥᠮᠦᠨ ᠠᠮᠢᠲᠠᠨ ᠨᠢ ᠪᠤᠵᠢᠭᠢᠨᠠᠭᠠᠳ ᠮᠠᠰᠢᠨ ᠲᠡᠷᠭᠡ᠂ ᠳᠠᠭᠤ ᠴᠢᠮᠡᠭᠡᠨ ᠡᠴᠡ ᠨᠢ ᠲᠡᠮᠡᠭᠡ᠂ ᠮᠣᠷᠢ᠂ ᠲᠠᠭᠤᠭᠰᠠᠨ ᠬᠡᠳᠦ ᠮᠠᠨᠢ ᠦᠷᠭᠦᠭᠡᠳ ᠠᠯᠳᠠᠴᠢᠬᠠᠬᠤ ᠭᠡᠳ ᠪᠠᠢᠳᠠᠭ᠁ ᠰᠠᠨᠳᠤᠷᠴᠤ ᠲᠡᠪᠡᠳᠡᠵᠦ ᠯᠡ ᠶᠠᠪᠤᠯ᠎ᠠ᠃ ᠷᠠᠳᠨ᠎ᠠ ᠮᠢᠨᠢ ᠨᠠᠮ᠎ᠠ ᠶ᠋ᠢ ᠪᠣᠳᠣᠪᠠᠯ ᠤᠷᠢᠳ ᠨᠢ ᠨᠢᠭᠡ ᠬᠣᠶᠠᠷ ᠬᠣᠲᠠ ᠣᠷᠣᠭᠰᠠᠨ ᠶᠤᠮ ᠭᠡᠰᠡᠨ ᠳ᠋ᠡᠭᠡᠨ ᠤᠰᠤᠨ ᠤ᠋ ᠭᠤᠳᠤᠮᠵᠢᠨ ᠤ᠋ ᠠᠳᠠᠭ ᠭᠡᠳᠡᠭ ᠲᠦ᠍ ᠨᠢᠭᠡ ᠲᠣᠮᠣ ᠬᠦᠷᠡᠩ ᠳ᠋ᠠᠮᠸᠨ ᠬᠠᠭᠠᠯᠭ᠎ᠠ ᠨᠡᠭᠡᠭᠡᠵᠦ ᠪᠢ ᠴᠢᠨᠢ ᠳᠡᠭᠦᠦ ᠪᠡᠨ ᠣᠯᠵᠤ ᠠᠭᠤᠯᠵᠠᠪᠠ ᠰᠢᠦ ᠳᠡ᠃ ᠬᠠᠰᠢᠶᠠᠨ ᠳ᠋ᠤᠨᠢ ᠲᠡᠮᠡᠭᠡ ᠪᠡᠨ ᠣᠷᠣᠭᠤᠯᠤᠭᠠᠳ ᠠᠴᠢᠶ᠎ᠠ ᠪᠠᠨ ᠪᠠᠭᠤᠯᠭᠠᠬᠤ ᠭᠡᠰᠡᠨ ᠴᠢᠨᠢ ᠳᠡᠭᠦᠦ ᠮᠢᠨᠢ ᠲᠣᠭᠣᠨᠣ ᠪᠠᠷ ᠢ᠋ᠶ᠋ᠠᠨ ᠴᠢᠳᠧᠩ ᠢ᠋ᠶ᠋ᠡᠷ ᠭᠠᠷᠭᠠᠭᠰᠠᠨ ᠨᠢ ᠬᠠᠰᠢᠶ᠎ᠠ ᠳᠦᠭᠦᠷᠡᠩ ᠭᠡᠷᠡᠯ ᠲᠡᠢ ᠴᠣ ᠪᠣᠯᠵᠤ᠂ ᠪᠢᠳᠡᠨ ᠴᠦ᠍ ᠲᠠᠪᠠᠲᠠᠢ ᠬᠥᠳᠡᠯᠵᠦ ᠭᠠᠷᠪᠠ ᠳᠠ᠃
ᠵᠠ ᠲᠡᠷᠡ ᠣᠷᠣᠢ ᠠ᠋ᠴᠠ ᠡᠬᠢᠯᠡᠭᠡᠳ ᠯᠡ ᠪᠢ ᠴᠢᠳᠧᠩ ᠭᠡᠳᠡᠭ ᠴᠢᠨᠢ ᠮᠥᠨ ᠲᠠᠭᠠᠲᠠᠢ᠂ ᠬᠥᠮᠦᠨ ᠳ᠋ᠦ᠍ ᠪᠠᠢᠵᠤ ᠪᠠᠢᠭᠤᠱᠢᠲᠠᠢ ᠡᠳ᠋ ᠶᠦ᠍ᠮ ᠠ᠋ ᠭᠡᠵᠦ ᠪᠣᠳᠣᠭᠠᠳ ᠪᠠᠢᠳᠠᠭ ᠪᠣᠯᠴᠢᠬᠠᠪᠠ᠃ ᠡᠢᠮᠦ ᠰᠠᠢᠬᠠᠨ ᠶᠠᠭᠤᠮ᠎ᠠ ᠲᠠᠢ ᠭᠠᠵᠠᠷ ᠰᠠᠭᠤᠵᠤ ᠪᠠᠢᠭᠠᠳ ᠠᠬ᠎ᠠ ᠳ᠋ᠠᠭᠠᠨ ᠨᠢᠭᠡ ᠬᠣᠶᠠᠷ ᠢ᠋ ᠣᠯᠤᠭᠠᠳ ᠶᠠᠪᠤᠭᠤᠯᠤᠭᠰᠠᠨ ᠦᠭᠡᠢ ᠮᠥᠨ ᠲᠤᠰᠠ ᠦᠭᠡᠢ ᠬᠥᠮᠦᠨ ᠠ᠋ ᠭᠡᠵᠦ ᠳᠡᠭᠦᠦ ᠪᠡᠨ ᠳᠣᠲᠣᠷ᠎ᠠ ᠪᠠᠨ ᠵᠢᠮᠡᠯᠡᠬᠦ ᠪᠣᠯᠤᠯ᠎ᠠ᠃ ᠳᠡᠭᠦᠦ ᠶ᠋ᠢᠨ ᠳ᠋ᠡᠭᠡᠨ ᠥᠭᠭᠦᠭᠰᠡᠨ ᠶᠠᠭᠤᠮ᠎ᠠ ᠠ᠋ᠴᠠ ᠭᠠᠳᠠᠨ᠎ᠠ ᠠᠪᠴᠤ ᠣᠴᠢᠭᠰᠠᠨ ᠮᠢᠬ᠎ᠠ ᠰᠦ᠂ ᠲᠣᠰᠣ᠂ ᠴᠥᠭᠡᠨ ᠬᠤᠷᠠᠭᠠᠨ ᠤ᠋ ᠠᠷᠠᠰᠤ ᠪᠠᠢᠭᠰᠠᠨ ᠢ᠋ ᠮᠢᠨᠢ ᠳᠡᠭᠦᠦ ᠪᠡᠷᠢ ᠬᠣᠶᠠᠷ ᠮᠠᠨᠢ ᠮᠢᠨᠦ ᠪᠣᠳᠣᠵᠤ ᠣᠴᠢᠭᠰᠠᠨ ᠠ᠋ᠴᠠ ᠬᠠᠮᠢᠶ᠎ᠠ ᠦᠭᠡᠢ ᠠᠶᠠᠲᠠᠢᠬᠠᠨ ᠪᠣᠷᠣᠯᠠᠭᠤᠯᠤᠭᠠᠳ ᠶᠠᠩᠴᠢᠶᠠᠨ ᠪᠣᠯᠭᠠᠭᠠᠳ ᠦᠭᠬᠦᠯ᠎ᠡ᠃ ᠬᠡᠳᠦᠨ ᠳᠦᠭᠦᠷᠡᠭ ᠢᠶᠠᠨ ᠡᠪᠦᠷᠲᠦᠯᠡᠭᠡᠳ ᠵᠠᠬ᠎ᠠ ᠳᠡᠯᠭᠡᠭᠦᠷ ᠬᠡᠰᠦᠵᠦ ᠠᠪᠠᠭᠠᠢ ᠥᠬᠢᠨ ᠬᠣᠶᠠᠷ ᠤ᠋ᠨ ᠢ᠋ᠶ᠋ᠠᠷ ᠵᠠᠬᠢᠭᠰᠠᠨ ᠪᠠᠷᠢᠭᠰᠠᠨ ᠢ᠋ ᠠᠪᠴᠤ ᠶᠠᠪᠤᠲᠠᠯ᠎ᠠ ᠥᠨᠳᠥᠷ ᠬᠣᠷᠰᠢᠶ᠎ᠠ ᠭᠡᠭᠴᠢ ᠶ᠋ᠢᠨ ᠲᠡᠮᠦᠷ ᠲᠠᠰᠤᠭ ᠲᠤ᠌ ᠨᠥᠭᠥᠭᠡ ᠴᠢᠳᠧᠩ ᠦ᠋ᠨ ᠮᠠᠨᠢ ᠰᠢᠯ ᠬᠢᠮᠳᠠᠬᠠᠨ ᠨᠢ ᠠᠷᠭ᠎ᠠ ᠦᠭᠡᠢ ᠪᠠᠢᠵᠤ ᠪᠠᠢᠨ᠎ᠠ᠃ ᠵᠠ ᠡᠨᠡ ᠡᠴᠡ ᠴᠢᠨᠢ ᠪᠠᠬᠠᠨ ᠢ᠋ ᠠᠪᠴᠢᠬᠠᠭᠠᠳ ᠴᠠᠭᠠᠨ ᠳᠡᠭᠡᠰᠦ ᠪᠡᠷ ᠣᠭᠣᠰᠣᠷᠯᠠᠭᠠᠳ ᠳᠡᠭᠦᠵᠢᠯᠡᠭᠡᠳ ᠪᠠᠢᠳᠠᠭ ᠬᠡᠷᠡᠭ ᠭᠡᠵᠦ ᠪᠣᠳᠣᠭᠠᠳ᠂ ᠥᠭᠬᠦ ᠠᠢᠯ ᠪᠦᠬᠦᠨ ᠢ᠋ᠶ᠋ᠡᠨ ᠪᠦᠷᠢᠳᠬᠡᠭᠡᠳ ᠬᠠᠰᠢᠶ᠎ᠠ ᠰᠠᠷᠠᠪᠴᠢ᠂ ᠫᠥᠩᠵᠡ ᠪᠡᠨ ᠲᠣᠭᠠᠯᠠᠭᠠᠳ ᠬᠠᠭᠠᠴᠠᠬᠤ ᠪᠠᠷ ᠨᠢ ᠰᠣᠯᠢᠨ᠎ᠠ᠂ ᠲᠡᠨᠳᠡ ᠣᠴᠢᠭᠰᠠᠨ ᠬᠣᠢᠨ᠎ᠠ ᠪᠠᠨ ᠬᠤᠳᠠᠯᠳᠤᠵᠤ ᠠᠪᠬᠤ ᠴᠤ᠌ ᠬᠥᠮᠦᠨ ᠭᠠᠷᠤᠨ᠎ᠠ ᠭᠡᠵᠦ ᠪᠣᠳᠣᠭᠠᠳ ᠵᠠᠭᠤᠨ ᠰᠢᠷᠬᠡᠭ ᠢ᠋ ᠪᠢᠴᠢᠭᠦᠯᠵᠦ ᠠᠪᠤᠭᠠᠳ ᠡᠭᠦᠷᠴᠦ ᠳᠡᠭᠦᠦ ᠶ᠋ᠢᠨ ᠢ᠋ᠶ᠋ᠡᠷ ᠫᠢᠩ ᠳ᠋ᠦ᠍ ᠨᠢᠭᠤᠴᠢᠬᠠᠳᠠᠭ ᠪᠠᠢᠭ᠎ᠠ᠃ ᠳᠡᠭᠦᠦ ᠮᠢᠨᠢ ᠴᠦ᠍ ᠶᠠᠭᠠᠬᠢᠬᠤᠪ ᠬᠥᠭᠡᠷᠦᠬᠦᠢ ᠨᠢᠭᠡ ᠵᠢᠵᠢᠭ ᠳᠠᠷᠤᠭ᠎ᠠ ᠤᠬᠠᠭᠠᠨᠲᠠᠢ ᠯᠠ ᠠᠵᠢᠯ ᠬᠢᠳᠡᠭ ᠶᠦ᠍ᠮ ᠪᠠᠢᠵᠤ ᠬᠠᠰᠢᠶ᠎ᠠ᠂ ᠭᠡᠷ ᠣᠷᠣᠨ᠂ ᠡᠬᠡᠨᠡᠷ ᠬᠡᠦᠬᠡᠳ ᠨᠢ ᠭᠣᠶᠣ ᠰᠠᠢᠬᠠᠨ ᠯᠠ ᠶᠤᠮ᠂ ᠳᠠᠩᠴᠤ ᠶᠠᠭᠤᠮ᠎ᠠ ᠪᠠᠷ ᠶᠠᠭᠤᠮ᠎ᠠ ᠬᠢᠵᠦ ᠴᠢᠳᠠᠳᠠᠭ ᠦᠭᠡᠢ ᠠᠵᠢᠯ ᠮᠠᠭᠤᠲᠠᠢ᠂ ᠥᠷᠥᠴᠢᠬᠡᠭᠰᠡᠨ ᠪᠤᠷᠬᠠᠨ ᠰᠢᠭ᠋ ᠡᠷᠬᠡ ᠲᠠᠩᠬᠢ ᠶᠤᠮ ᠳᠠ᠃ ᠪᠢᠳᠡᠨ ᠲᠡᠢ ᠠᠳᠠᠯᠢᠬᠠᠨ ᠥᠷᠯᠥᠭᠡ ᠪᠣᠰᠤᠭᠠᠳ ᠯᠠ ᠮᠠᠯ ᠢ᠋ᠶ᠋ᠠᠨ ᠳᠠᠭᠠᠭᠠᠳ ᠭᠠᠷᠤᠨ᠎ᠠ ᠭᠡᠬᠦ ᠪᠢᠰᠢ᠂ ᠬᠠᠶᠠ ᠨᠢᠭᠡ ᠬᠤᠷᠰᠢᠶ᠎ᠠ ᠳᠡᠯᠭᠡᠭᠦᠷ ᠭᠡᠳ ᠰᠠᠪᠠ ᠠᠪᠤᠭᠠᠳ ᠯᠠ ᠭᠠᠷᠬᠤ ᠶᠤᠮ᠃ ᠲᠡᠢᠮᠦ ᠤᠯᠤᠰ ᠤ᠋ᠨ ᠴᠢᠨᠢ ᠳᠡᠷᠭᠡᠳᠡ ᠪᠢ ᠣᠯᠠᠨ ᠬᠣᠨᠣᠵᠤ ᠴᠢᠳᠠᠳᠠᠭ ᠶᠤᠮ ᠪᠢᠰᠢ᠂ ᠶᠠᠭᠤᠮ᠎ᠠ ᠪᠦᠭᠦᠳᠡ ᠨᠢ ᠰᠡᠳᠬᠢᠯ ᠳ᠋ᠦ᠍ ᠳᠠᠭᠠᠷᠠᠳᠠᠭ ᠦᠭᠡᠢ᠂ ᠦᠢᠮᠡᠭᠡᠨ ᠱᠤᠤᠭᠢᠶᠠᠨ ᠳ᠋ᠤᠨᠢ ᠶᠠᠳᠠᠷᠠᠵᠤ ᠭᠦᠢᠴᠡᠯ᠎ᠡ᠂ ᠶᠡᠷᠦ ᠨᠢ ᠪᠤᠴᠠᠬᠤ ᠪᠠᠨ ᠪᠣᠳᠣᠭᠠᠳ ᠶᠠᠭᠤᠮ᠎ᠠ ᠬᠡᠦᠮ᠎ᠡ ᠪᠡᠨ ᠴᠦ᠍ ᠡᠮᠬᠢᠯᠡᠵᠦ ᠠᠪᠤᠯ᠎ᠠ᠃
ᠮᠠᠷᠭᠠᠰᠢ ᠡᠷᠲᠡ ᠭᠠᠷᠤᠨ᠎ᠠ ᠭᠡᠳ ᠲᠡᠮᠡᠭᠡ ᠪᠡᠨ ᠠᠪᠴᠤ ᠢᠷᠡᠭᠡᠳ ᠪᠡᠯᠡᠳᠦᠭᠡᠳ ᠪᠠᠢᠭᠰᠠᠨ ᠴᠢᠨᠢ ᠳᠡᠭᠦᠦ ᠪᠡᠷᠢ ᠬᠣᠶᠠᠷ ᠮᠠᠨᠢ ᠨᠠᠳᠠ ᠳ᠋ᠤ᠌ ᠪᠠᠬᠠᠨ ᠦᠨᠡᠲᠡᠢ ᠴᠠᠨᠠᠲᠡᠢ ᠪᠡᠯᠡᠭ ᠪᠠᠷᠢᠵᠤ ᠥᠭᠳᠡᠭ ᠪᠣᠯᠪᠠ ᠠ᠋᠃ ᠳᠠᠷᠠᠭ᠎ᠠ ᠨᠢ ᠨᠠᠮ᠎ᠠ ᠶ᠋ᠢ ᠲᠡᠢᠯᠡᠯᠡ᠃ ᠵᠠᠩ ᠢ᠋ ᠨᠢ ᠮᠡᠳᠡᠬᠦ ᠦᠭᠡᠢ ᠣᠷᠣᠰ ᠠᠷᠢᠬᠢ ᠤᠤᠭᠤᠴᠢᠬᠠᠭᠰᠠᠨ ᠴᠢᠨᠢ ᠦᠭᠡ ᠣᠯᠠᠰᠢᠷᠠᠵᠤ ᠳᠡᠭᠦᠦ ᠳ᠋ᠡᠭᠡᠨ ᠠᠭᠰᠤᠮ ᠲᠠᠯᠪᠢᠵᠤ ᠭᠠᠷᠴᠠᠢ᠃
— ᠪᠢ ᠴᠢᠮ᠎ᠠ ᠳ᠋ᠤ᠌ ᠬᠣᠭᠣᠯᠠ ᠬᠦᠷᠭᠡᠵᠦ ᠪᠠᠷ᠎ᠠ ᠶ᠋ᠢ ᠴᠢᠨᠢ ᠨᠢᠭᠡ ᠬᠠᠷᠠᠶ᠎ᠠ ᠭᠡᠵᠦ ᠢᠷᠡᠬᠦ ᠳ᠋ᠡᠭᠡᠨ ᠳᠠᠪᠤᠤ ᠳᠠᠯᠢᠩᠪᠤᠤ ᠭᠣᠷᠢᠳᠠᠵᠤ ᠢᠷᠡᠭᠡ ᠦᠭᠡᠢ᠂ ᠴᠢ ᠶᠠᠭᠠᠬᠢᠭᠰᠠᠨ ᠤᠬᠠᠭᠠᠨ ᠳ᠋ᠤ᠌ ᠤᠬᠤᠨ᠎ᠠ ᠤᠨᠠᠴᠢᠬᠠᠭᠰᠠᠨ ᠠᠮᠢᠲᠠᠨ ᠪᠣᠢ᠂ ᠶᠡᠷᠦ ᠨᠢ ᠬᠣᠲᠠ ᠭᠠᠵᠠᠷ ᠪᠥᠭᠰᠡᠨ ᠠᠯᠪᠠᠨ ᠤ᠋ ᠵᠢᠷᠭᠠᠯ ᠲᠠᠢ ᠲᠠ ᠨᠠᠷ ᠮᠠᠯᠴᠢᠨ ᠠᠷᠠᠳ ᠢ᠋ ᠪᠡᠨ ᠪᠣᠳᠣᠳᠠᠭ ᠦᠭᠡᠢ ᠶᠠᠭᠠᠬᠢᠭᠰᠠᠨ ᠤᠯᠤᠰ ᠪᠣᠢ᠃ ᠥᠪᠡᠷᠰᠡᠳ ᠢ᠋ᠶ᠋ᠡᠷ ᠡᠢᠮᠦ ᠰᠢᠨᠡᠬᠡᠨ ᠶᠠᠭᠤᠮ᠎ᠠ ᠬᠡᠷᠡᠭᠯᠡᠵᠦ ᠪᠠᠢᠵᠤ ᠬᠤᠷᠰᠢᠶ᠎ᠠ ᠳᠡᠯᠭᠡᠭᠦᠷ ᠲᠡᠭᠡᠨ ᠡᠯᠪᠡᠭ ᠬᠢᠮᠳᠠ ᠬᠡᠪᠲᠡᠵᠦ ᠪᠠᠢᠭ᠎ᠠ ᠶᠠᠭᠤᠮᠠᠨ ᠠ᠋ᠴᠠ ᠭᠠᠭᠴᠠ ᠬᠣᠶᠠᠷ ᠢ᠋ ᠴᠦ᠍ ᠭᠡᠰᠡᠨ ᠠᠪᠤᠭᠠᠳ ᠶᠠᠪᠤᠭᠤᠯᠴᠢᠬᠠᠳᠠᠭ ᠦᠭᠡᠢ᠃ ᠲᠠ ᠨᠠᠷ ᠤ᠋ᠨ ᠡᠭᠦᠨ ᠢ᠋ᠶ᠋ᠡᠷ ᠴᠢᠨᠢ ᠪᠢ ᠶᠠᠭᠠᠬᠢᠬᠤ ᠶᠤᠮ? ᠭᠡᠳ ᠨᠥᠭᠥᠭᠡ ᠪᠡᠯᠡᠭ ᠢ᠋ ᠨᠢ ᠪᠤᠴᠠᠭᠠᠵᠤ ᠴᠢᠯᠠᠭᠤᠳᠠᠵᠤ ᠪᠦᠷ ᠰᠢᠪᠰᠢᠭ ᠢᠶᠡᠨ ᠲᠠᠷᠢᠵᠠᠢ᠃
ᠳᠡᠭᠦᠦ ᠮᠠᠨᠢ ᠨᠠᠮ᠎ᠠ ᠶ᠋ᠢ ᠠᠷᠭᠠᠳᠠᠵᠤ ᠠᠬ᠎ᠠ ᠮᠢᠨᠢ ᠶᠠᠭᠤ ᠠᠪᠬᠤ ᠭᠡᠰᠡᠨ ᠶᠦᠮ ᠪᠣᠯ ᠳᠠ ᠬᠡᠯᠡᠭᠡᠴᠢ ᠭᠡᠵᠦ ᠤᠴᠠᠭᠠᠷᠯᠠᠭᠠᠳ ᠪᠠᠢᠬᠤᠯᠠᠷ ᠨᠢ ᠭᠠᠭᠴᠠ ᠰᠢᠷᠬᠡᠭ ᠡᠢᠮᠦ ᠴᠢᠳᠧᠩ ᠴᠦ᠍ ᠭᠡᠰᠡᠨ ᠪᠣᠯᠤᠭᠰᠠᠨ ᠦᠭᠡᠢ ᠦᠦ! ᠭᠡᠳ ᠴᠢᠳᠧᠩ ᠢ᠋ ᠨᠢ ᠵᠢᠭᠠᠯ᠎ᠠ᠃ ᠲᠠ ᠨᠠᠷ ᠮᠠᠯᠴᠢᠨ ᠠᠷᠠᠳ ᠪᠢᠳᠡᠨ ᠢ᠋ ᠪᠡᠨ ᠶᠡᠷᠦ ᠨᠢ ᠶᠠᠭᠤ ᠪᠠᠷ ᠭᠡᠢᠭᠦᠯᠵᠦ ᠪᠠᠢᠨ᠎ᠠ! ᠪᠢᠳᠡ ᠴᠢᠨᠢ ᠥᠭᠡᠬᠦᠨ ᠳ᠋ᠧᠩ ᠦ᠋ᠨ ᠭᠡᠷᠡᠯ ᠳ᠋ᠦ᠍ ᠰᠣᠬᠣᠷ ᠶᠤᠮ ᠰᠢᠭ᠋᠁ ᠡᠨᠡ ᠲᠡᠷᠡ ᠯᠠ ᠭᠡᠰᠡᠨ ᠶᠠᠭᠤᠮ᠎ᠠ ᠪᠠᠢᠬ᠎ᠠ᠃ ᠳᠡᠭᠦᠦ ᠮᠠᠨᠢ ᠡᠨᠡ ᠴᠢᠨᠢ ᠴᠠᠭᠠᠨ᠎ᠠ ᠪᠠᠨ ᠴᠠᠬᠢᠯᠭᠠᠨ ᠰᠲ᠋ᠠᠨᠼ ᠭᠡᠳᠡᠭ ᠶᠠᠭᠤᠮ᠎ᠠ ᠦᠭᠡᠢ ᠪᠣᠯ ᠠᠰᠠᠳᠠᠭ ᠦᠭᠡᠢ ᠶᠠᠭᠤᠮ᠎ᠠ ᠭᠡᠬᠦ ᠳ᠋ᠦ᠍ᠨᠢ ᠪᠢ ᠴᠦ᠍ ᠶᠠᠭᠠᠬᠢᠬᠤᠪ ᠦᠬᠡᠷ ᠰᠢᠭ ᠵᠢᠳᠬᠦᠭᠡᠳ ᠵᠥᠷᠢᠭᠡ ᠪᠢᠵᠡ᠂ ᠶᠠᠭᠠᠬᠢᠳᠠᠭ ᠶᠤᠮ ᠪᠣᠢ? ᠰᠲ᠋ᠠᠨᠼ ᠮᠢᠲ᠋ᠠᠨᠼ ᠲᠠᠢ ᠨᠢ ᠠᠪᠬᠤ ᠦᠭᠡᠢ ᠦᠦ? ᠭᠡᠵᠦ ᠵᠠᠩᠨᠠᠭᠰᠠᠨ ᠭᠡᠨ᠎ᠡ᠃
— ᠠᠬ᠎ᠠ ᠮᠢᠨᠢ ᠲᠡᠷᠡ ᠴᠢᠨᠢ ᠶᠡᠬᠡ ᠦᠨᠡᠲᠡᠢ᠂ ᠪᠠᠰᠠ ᠲᠡᠭᠡᠭᠡᠳ ᠶᠡᠬᠡ ᠠᠵᠢᠯᠲᠠᠢ ᠪᠠᠢᠳᠠᠭ ᠶᠠᠭᠤᠮ᠎ᠠ ᠭᠡᠬᠦ ᠳ᠋ᠦ᠍ᠨᠢ ᠪᠢ ᠰᠣᠭᠲᠣᠭᠤ ᠵᠣᠯᠢᠭ ᠴᠢᠨᠢ ᠪᠦᠷ ᠭᠠᠯᠵᠠᠭᠤᠷᠠᠵᠤ ᠳᠡᠭᠦᠦ ᠪᠡᠨ ᠪᠠᠷᠢᠵᠤ ᠠᠯᠠᠭᠠᠳᠠᠭᠠᠳ᠄
— ᠴᠢ ᠮᠠᠯᠴᠢᠨ ᠠᠷᠠᠳ ᠤ᠋ᠳ ᠢ᠋ ᠪᠠᠰᠤᠵᠤ ᠳᠣᠷᠣᠮᠵᠢᠯᠠᠵᠤ ᠪᠠᠢᠨ᠎ᠠ ᠤᠤ? ᠪᠢᠳᠡᠨ ᠳ᠋ᠦ᠍ ᠲᠡᠷᠡ ᠪᠠᠢᠲᠤᠭᠠᠢ ᠶᠠᠭᠤᠮ᠎ᠠ ᠬᠤᠳᠠᠯᠳᠤᠭᠠᠳ ᠠᠪᠬᠤ ᠮᠥᠩᠭᠥ ᠪᠠᠢᠳᠠᠭ ᠦᠭᠡᠢ᠂ ᠭᠠᠭᠴᠠᠬᠠᠨ ᠬᠣᠲᠠ ᠶ᠋ᠢᠨ ᠲᠠ ᠨᠠᠷ ᠲᠤ᠌ ᠪᠠᠢᠳᠠᠭ ᠬᠡᠷᠡᠭ ᠦᠦ? ᠭᠡᠳ ᠯᠡ ᠤᠯᠠᠮ ᠡᠪᠳᠴᠢᠩᠨᠡᠭᠰᠡᠨ ᠶᠦᠮ ᠭᠡᠨ᠎ᠡ ᠪᠢᠯᠡ᠃ ᠨᠢᠭᠡ ᠮᠡᠳᠡᠬᠦ ᠳ᠋ᠦ᠍ ᠦᠦᠷ ᠭᠡᠭᠡᠷᠡᠵᠦ ᠪᠣᠰᠤᠭᠠᠳ ᠯᠠ ᠶᠠᠭᠤᠮ᠎ᠠ ᠬᠡᠦᠮ᠎ᠡ ᠪᠡᠨ ᠶᠠᠩᠵᠤᠯᠠᠵᠤ᠂ ᠥᠨᠥ ᠬᠣᠶᠠᠷ ᠠᠪᠳᠠᠷ᠎ᠠ ᠲᠠᠢ ᠪᠠᠨ ᠬᠡᠷᠡᠭ ᠦᠭᠡᠢ ᠶᠠᠭᠤᠮ᠎ᠠ ᠠᠪᠴᠢᠬᠠᠵᠤ ᠭᠡᠵᠦ ᠮᠡᠳᠡᠯ᠎ᠡ᠃ ᠭᠡᠬᠦ ᠳ᠋ᠡᠭᠡᠨ ᠡᠳᠡ ᠨᠠᠷ ᠲᠤ᠌ ᠡᠳᠦᠢ ᠣᠯᠠᠨ ᠢ᠋ ᠠᠪᠤᠭᠰᠠᠨ ᠭᠡᠵᠦ ᠬᠡᠯᠡᠭᠡ ᠦᠭᠡᠢ ᠨᠢ ᠶᠠᠭᠠᠬᠢᠮᠤᠢ ᠭᠡᠵᠦ ᠳᠣᠲᠣᠷ᠎ᠠ ᠪᠠᠨ ᠵᠠᠯᠪᠠᠷᠢᠭᠠᠳ᠄
— ᠣᠳᠣ ᠡᠨᠡ ᠨᠣᠪᠰᠢ ᠪᠠᠨ ᠶᠠᠭᠠᠬᠢᠨ᠎ᠠ ᠡᠨᠳᠡ ᠣᠷᠬᠢᠪᠠᠯ ᠬᠣᠲᠠ ᠶ᠋ᠢᠨ ᠬᠢᠨ ᠦ᠌ ᠰᠢᠪᠰᠢᠭ ᠪᠣᠯᠤᠨ᠎ᠠ᠃ ᠲᠡᠭᠡᠭᠰᠡᠨ ᠳ᠋ᠦ᠍ ᠣᠷᠣᠪᠠᠯ ᠬᠡᠭᠡᠷ᠎ᠡ ᠠᠪᠠᠴᠢᠭᠠᠳ ᠬᠠᠶᠠᠶ᠎ᠠ ᠭᠡᠵᠦ ᠪᠣᠳᠣᠭᠠᠳ ᠢᠰᠡᠭᠡᠢ ᠳ᠋ᠦ᠍ ᠣᠷᠢᠶᠠᠵᠤ ᠠᠴᠢᠵᠤ ᠣᠷᠬᠢᠭᠠᠳ ᠭᠠᠷᠪᠠ ᠳᠠ᠃ ᠳᠡᠭᠦᠦ ᠮᠠᠨᠢ ᠴᠤ᠌ ᠭᠣᠮᠣᠳᠠᠭᠰᠠᠨ ᠪᠣᠯᠤᠯᠲᠠᠢ ᠶᠣᠰᠣ ᠭᠦᠢᠴᠡᠳᠬᠡᠵᠦ ᠭᠠᠷᠭᠠᠵᠤ ᠥᠭᠭᠦᠭᠰᠡᠨ ᠪᠣᠯᠤᠯ᠎ᠠ᠃ ᠵᠠᠮ ᠳ᠋ᠠᠭᠠᠨ ᠬᠡᠭᠡᠷ᠎ᠡ ᠬᠠᠶᠠᠴᠢᠬᠠᠶ᠎ᠠ ᠭᠡᠰᠡᠨ ᠴᠢᠨᠢ ᠷᠠᠳᠨ᠎ᠠ ᠠ᠋ᠴᠠ ᠴᠤ᠌ ᠵᠣᠪᠠᠯ᠎ᠠ᠃ ᠲᠡᠭᠡᠭᠡᠳ ᠬᠡᠷᠡᠭ ᠦᠭᠡᠢ ᠴᠦ᠍ ᠭᠡᠰᠡᠨ ᠪᠦᠷᠢᠨ ᠪᠦᠲᠦᠨ ᠨᠡᠯᠢᠶᠡᠳ ᠬᠡᠳᠦᠨ ᠳᠦᠭᠦᠷᠡᠭ ᠢ᠋ᠶ᠋ᠡᠷ ᠠᠪᠤᠭᠰᠠᠨ ᠰᠢᠨ᠎ᠡ ᠶᠠᠭᠤᠮ᠎ᠠ ᠶ᠋ᠢ ᠴᠢᠨᠢ ᠪᠠᠰᠠ ᠬᠠᠶᠠᠴᠢᠬᠠᠵᠤ ᠴᠢᠳᠠᠬᠤ ᠦᠭᠡᠢ ᠶᠦᠮ ᠪᠠᠢᠨ᠎ᠠ᠃ ᠲᠡᠭᠡᠭᠰᠡᠭᠡᠷ ᠶᠠᠪᠤᠭᠠᠳ ᠠᠪᠤᠭᠠᠳ ᠢᠷᠡᠴᠡᠭᠡᠳᠡᠭ ᠪᠠᠢᠭ᠎ᠠ᠃ ᠲᠡᠭᠡᠭᠡᠳ ᠠᠪᠠᠭᠠᠢ ᠬᠡᠦᠬᠡᠨ ᠳ᠋ᠡᠭᠡᠨ ᠴᠦ᠍ ᠦᠵᠡᠭᠦᠯᠬᠦ ᠦᠭᠡᠢ ᠨᠢᠭᠤᠭᠠᠳ ᠪᠥᠷᠢᠶᠡᠰᠦᠨ ᠦ᠌ ᠪᠡᠷ ᠮᠠᠭᠤ ᠫᠥᠩᠵᠠᠨ ᠤ᠋ ᠲᠠᠭᠠᠵᠠ ᠣᠷᠣᠢ ᠬᠣᠶᠠᠷ ᠤ᠋ᠨ ᠵᠠᠪᠰᠠᠷ ᠢ᠋ᠶ᠋ᠠᠷ ᠴᠢᠬᠢᠵᠦ ᠣᠷᠬᠢᠭᠠᠳ ᠬᠣᠷᠢᠨ ᠵᠢᠯ ᠪᠣᠯᠤᠭᠰᠠᠨ ᠬᠡᠷᠡᠭ ᠰᠢᠦ ᠳᠡ ᠭᠡᠬᠦ ᠳ᠋ᠦ᠍ ᠠᠪᠠᠭᠠᠢ ᠨᠢ ᠲᠠᠰᠤᠯᠵᠤ᠄
— ᠲᠡᠢᠮᠦ ᠪᠠᠢᠬ᠎ᠠ ᠠ᠋ ᠨᠢᠭᠡ ᠲᠡᠮᠡᠭᠡ ᠡᠴᠡ ᠬᠣᠶᠠᠷ ᠴᠠᠭᠠᠨ ᠬᠠᠢᠷᠴᠠᠭ ᠲᠠᠢ ᠶᠠᠭᠤᠮ᠎ᠠ ᠪᠠᠭᠤᠯᠭᠠᠵᠤ ᠬᠠᠷᠠᠭᠳᠠᠭᠰᠠᠨ ᠶᠤᠮ᠂ ᠲᠡᠭᠡᠭᠡᠳ ᠯᠡ ᠠᠯᠠᠭ᠎ᠠ ᠪᠣᠯᠴᠢᠬᠠᠭᠰᠠᠨ ᠶᠤᠮ᠃ ᠷᠠᠳᠨ᠎ᠠ ᠶ᠋ᠢᠨ ᠶᠠᠭᠤᠮ᠎ᠠ ᠪᠠᠢᠵᠤ ᠭᠡᠵᠦ ᠪᠣᠳᠣᠵᠤ ᠪᠠᠢᠭᠰᠠᠨ ᠰᠠᠨᠠᠭᠳᠠᠨ᠎ᠠ ᠭᠡᠪᠡ᠃
— ᠲᠠ ᠪᠠᠰᠠ ᠡᠨᠡ ᠶᠠᠪᠤᠳᠠᠯ ᠢ᠋ ᠮᠡᠳᠡᠭᠡ ᠦᠭᠡᠢ ᠬᠡᠷᠡᠭ ᠦᠦ? ᠭᠡᠵᠦ ᠨᠢᠭᠡᠳᠦᠯ ᠦ᠋ᠨ ᠳᠠᠷᠤᠭ᠎ᠠ ᠠᠰᠠᠭᠤᠵᠠᠢ᠃
— ᠠ ᠦᠭᠡᠢ ᠴᠠᠰᠢ ᠂ ᠵᠣᠯᠢᠭ᠂ ᠡᠨᠡᠬᠦᠨ ᠦ᠌ ᠠᠯᠢ ᠮᠤᠩᠬᠠᠭᠯᠠᠵᠤ ᠶᠠᠪᠤᠬᠤ ᠶ᠋ᠢ ᠲᠡᠷᠡ ᠭᠡᠬᠦᠪ᠂ ᠬᠡᠵᠢᠶ᠎ᠡ ᠥᠩᠭᠡᠷᠡᠭᠰᠡᠨ ᠬᠣᠢᠨ᠎ᠠ ᠨᠢ ᠫᠢᠶᠠᠩ ᠨᠢ ᠲᠤᠭᠤᠯᠳᠠᠳᠠᠭ ᠶᠤᠮ ᠭᠡᠬᠦ ᠳ᠋ᠦ᠍ ᠭᠡᠷ ᠳᠦᠭᠦᠷᠡᠩ ᠢᠨᠢᠶᠡᠳᠦ ᠪᠣᠯᠪᠠ᠃
ᠰᠡᠷᠡᠭᠡᠨᠡᠩ ᠭᠤᠸᠠᠢ ᠥᠨᠳᠡᠢᠵᠦ᠄
— ᠵᠠ ᠲᠡᠭᠡᠭᠡᠳ1954 ᠣᠨ ᠳ᠋ᠤ᠌ ᠨᠢᠭᠡᠳᠦᠯ ᠰᠲ᠋ᠠᠨᠼ ᠲᠠᠢ ᠪᠣᠯᠵᠤ ᠪᠠᠢᠭ᠎ᠠ ᠭᠡᠵᠦ ᠳᠤᠭᠤᠯᠤᠭᠠᠳ ᠨᠠᠭᠠᠳᠤᠮ ᠤ᠋ᠨ ᠤᠷᠢᠳᠬᠠᠨ ᠨᠢᠭᠡ ᠥᠷᠯᠥᠭᠡ ᠡᠷᠲᠡ ᠭᠡᠭᠴᠢ ᠶ᠋ᠢᠨ ᠡᠪᠦᠯᠵᠢᠶ᠎ᠡ ᠣᠷᠣᠵᠤ ᠂ ᠨᠥᠭᠥᠭᠡ ᠬᠣᠶᠠᠷ ᠢ᠋ ᠪᠡᠨ ᠠᠪᠠᠴᠢᠵᠤ ᠦᠭᠬᠦᠶ᠎ᠡ ᠭᠡᠳ ᠭᠠᠷᠤᠭᠰᠠᠨ ᠨᠢ ᠲᠡᠷᠡ ᠳᠠ ᠭᠡᠬᠦ ᠳ᠋ᠦ᠍᠂ ᠠᠪᠠᠭᠠᠢ ᠨᠢ ᠰᠢᠭᠦᠷᠡᠨ ᠠᠪᠴᠤ᠄
— ᠪᠢ ᠲᠡᠭᠡᠬᠦ ᠳ᠋ᠦ᠍ ᠬᠡᠳᠦᠨ ᠢᠯᠡᠭᠦᠦ ᠲᠤᠭᠤᠷᠭ᠎ᠠ ᠪᠠᠨ ᠵᠠᠷᠤᠬᠤ ᠭᠡᠳ ᠶᠠᠪᠤᠯ᠎ᠠ ᠭᠡᠵᠦ ᠪᠣᠳᠣᠵᠤ ᠰᠠᠭᠤᠭ᠎ᠠ ᠶᠤᠮ ᠰᠢᠦ᠃ ᠳᠡᠷᠡᠨ ᠡᠴᠡ ᠴᠢᠨᠢ ᠪᠣᠯᠤᠭᠠᠳ ᠥᠬᠢᠨ ᠪᠢᠳᠡ ᠬᠣᠶᠠᠷ ᠢ᠋ ᠨᠠᠭᠠᠳᠤᠮ ᠦᠵᠡᠬᠦᠯᠦᠭᠡ ᠦᠭᠡᠢ ᠭᠡᠭᠴᠢ ᠭᠡᠪᠡ᠃ ᠢᠨᠢᠶᠡᠳᠦᠮ ᠱᠤᠤᠭᠢᠶᠠᠨ ᠳᠤᠮᠳᠠᠭᠤᠷ ᠰᠡᠷᠡᠭᠡᠨᠡᠩ ᠭᠤᠸᠠᠢ ᠪᠣᠰᠴᠤ᠄
— ᠵᠠ ᠳᠡᠭᠦᠦ ᠨᠠᠷ ᠮᠢᠨᠢ ᠨᠡᠭᠡᠷᠡᠨ ᠴᠦ᠍ ᠨᠢᠭᠡ ᠮᠠᠯᠴᠢᠨ ᠬᠡᠴᠢᠨᠡᠭᠡᠨ ᠪᠠᠶᠠᠨ ᠮᠥᠩᠭᠥ ᠲᠡᠢ ᠪᠠᠢᠯ᠎ᠠ ᠴᠤ᠌ ᠭᠡᠰᠡᠨ ᠡᠨᠡ ᠭᠡᠷᠡᠯ ᠢ᠋ ᠴᠢᠨᠢ ᠮᠠᠯᠴᠢᠨ ᠤ᠋ ᠭᠡᠷ ᠲᠦ᠍ ᠠᠪᠴᠢᠷᠠᠵᠤ ᠴᠢᠳᠠᠬᠤ ᠦᠭᠡᠢ ᠪᠠᠢᠵᠠᠢ᠃ ᠣᠳᠣ ᠠᠢᠮᠠᠭ ᠬᠣᠲᠠ ᠰᠤᠮᠤ ᠨᠢᠭᠡᠳᠦᠯ ᠪᠠᠷᠢᠭᠠᠳᠠ ᠶ᠋ᠢᠨ ᠲᠥᠪ ᠪᠠᠢᠲᠤᠭᠠᠢ ᠮᠠᠯᠴᠢᠳ ᠤ᠋ᠨ ᠭᠡᠷ ᠲᠦ᠍ ᠣᠷᠣᠵᠤ ᠢᠷᠡᠭᠡᠳ ᠪᠠᠢᠨ᠎ᠠ᠃
ᠠᠬ᠎ᠠ ᠶ᠋ᠢᠨ ᠬᠢᠨᠢ ᠬᠦᠰᠡᠯ ᠲᠡᠨᠡᠭᠳᠡᠭᠦᠦ ᠡᠬᠢᠯᠡᠭᠰᠡᠨ ᠴᠦ᠍ ᠭᠡᠰᠡᠨ᠂ ᠡᠨᠡ ᠬᠠᠮᠲᠤᠷᠠᠭᠰᠠᠨ ᠬᠥᠳᠡᠭᠡ ᠠᠵᠤ ᠠᠬᠤᠢ ᠶ᠋ᠢᠨ ᠮᠠᠨᠢ ᠪᠤᠶᠠᠨ ᠢ᠋ᠶ᠋ᠠᠷ ᠪᠡᠶᠡᠯᠡᠵᠦ ᠪᠠᠢᠨ᠎ᠠ᠃ ᠰᠢᠷ᠎ᠠ ᠰᠢᠪᠠᠭᠤᠲᠤ ᠶ᠋ᠢᠨ ᠠᠮᠠᠨ ᠳ᠋ᠤ᠌ ᠨᠢᠭᠡ ᠵᠠᠭᠤ ᠪᠢᠰᠢ ᠬᠡᠳᠦᠨ ᠵᠠᠭᠤᠨ ᠡᠢᠮᠦ ᠭᠡᠷᠡᠯ ᠤᠳᠠᠬᠤ ᠦᠭᠡᠢ ᠠᠰᠠᠨ᠎ᠠ᠃
ᠲᠡᠭᠦᠨ ᠢ᠋ ᠬᠠᠷᠠᠭᠰᠠᠨ ᠪᠦᠬᠦᠨ ᠶᠣᠰᠣᠲᠠᠢ ᠯᠠ ᠰᠣᠼᠢᠶᠠᠯᠢᠰᠮ ᠭᠡᠳᠡᠭ ᠴᠢᠨᠢ ᠡᠨᠡ ᠶᠦ᠍ᠮ ᠲᠠᠭ ᠭᠡᠬᠦ ᠡᠴᠡ ᠵᠣᠵᠢ ᠰᠡᠷᠡᠭᠡᠨᠡᠩ ᠦ᠋ᠨ ᠡᠯᠦᠢ ᠬᠤᠯᠤᠢ ᠠᠮᠠ ᠭᠡᠵᠦ ᠬᠡᠨ ᠴᠦ᠍ ᠬᠡᠯᠡᠬᠦ ᠦᠭᠡᠢ ᠪᠢᠵᠡ ᠠ᠋᠂ ᠳᠡᠭᠦᠦ ᠨᠠᠷ ᠮᠢᠨᠢ ᠲᠡᠷᠡ ᠣᠯᠠᠨ ᠭᠡᠷᠡᠯ ᠦ᠋ᠨ ᠲᠥᠯᠥᠭᠡ ᠭᠡᠵᠦ ᠬᠤᠨᠳᠠᠭ᠎ᠠ ᠡᠷᠭᠦᠪᠡ᠃
《 ᠱᠣᠭ ᠬᠣᠱᠣᠩ ᠵᠣᠬᠢᠶᠠᠯ ᠤᠨ ᠳᠡᠭᠡᠵᠢ 》 ᠡᠴᠡ ᠬᠠᠭᠤᠯᠪᠠ᠃
ᠦᠰᠦᠭ ᠠᠮᠢᠯᠠᠭᠤᠯᠤᠭᠰᠠᠨ ᠨᠢ᠄ ᠳᠠᠪᠰᠢᠯᠲᠦ᠂ ᠪᠠᠭᠠᠲᠤᠷ ᠂ ᠲᠡᠭᠷᠢ ᠡᠵᠢ
ᠬᠢᠨᠠᠭ᠍ᠴᠢ : ᠴᠣᠯᠮᠣᠨᠲᠤᠶᠠᠭ᠎ᠠ
2023᠂7᠂27 ᠤ᠋ ᠡᠳᠦᠷ
