ᠺᠣᠨᠰᠤᠨᠢ ᠪᠠ ᠨᠠᠢᠵᠠ ᠨᠤᠭᠤᠳ-ᠭᠡᠳᠡᠰᠦ ᠡᠪᠡᠳᠦᠭᠰᠡᠨ ᠮᠢᠨᠢГэдэс өвдсөн минь-Консуни ба найзуудKonsuni ᠬᠡᠤᠬᠡᠯᠳᠡᠢ ᠺᠢᠨᠣ᠋

  1. ᠲᠡᠷᠢᠭᠦᠨ ᠨᠢᠭᠤᠷ >
  2. ᠨᠡᠪᠲᠡᠷᠡᠭᠦᠯᠭᠡ >
  3. ᠺᠣᠨᠰᠤᠨᠢ ᠪᠠ ᠨᠠᠢᠵᠠ ᠨᠤᠭᠤᠳ-ᠭᠡᠳᠡᠰᠦ ᠡᠪᠡᠳᠦᠭᠰᠡᠨ ᠮᠢᠨᠢГэдэс өвдсөн минь-Консуни ба найзуудKonsuni

ᠺᠣᠨᠰᠤᠨᠢ ᠪᠠ ᠨᠠᠢᠵᠠ ᠨᠤᠭᠤᠳ-ᠭᠡᠳᠡᠰᠦ ᠡᠪᠡᠳᠦᠭᠰᠡᠨ ᠮᠢᠨᠢГэдэс өвдсөн минь-Консуни ба найзуудKonsuni

2023-08-15

352

ᠺᠣᠨᠰᠤᠨᠢ ᠪᠠ ᠨᠠᠢᠵᠠ ᠨᠤᠭᠤᠳ-ᠭᠡᠳᠡᠰᠦ ᠡᠪᠡᠳᠦᠭᠰᠡᠨ ᠮᠢᠨᠢ

ᠺᠣᠨᠰᠤᠨᠢ᠄ ᠠ ᠠ~ ᠬᠠ ᠬᠠ~~~
ᠡᠵᠢ᠄ ᠺᠣᠨᠰᠤᠨᠢ᠂ ᠲᠣᠭᠯᠠᠭᠠᠮ ᠤ᠋ᠨ ᠫᠠᠷᠺ ᠤᠷᠤᠭᠤ ᠶᠠᠪᠤᠬᠤ ᠳ᠋ᠤ᠌ ᠪᠡᠯᠡᠨ ᠤᠤ? ᠬᠡᠳᠦᠬᠡᠨ ᠮᠢᠨᠦ᠋ᠲ ᠦᠯᠡᠲᠡᠯ᠎ᠡ ᠰᠢᠦ!
ᠺᠣᠨᠰᠤᠨᠢ᠄( ᠭᠡᠳᠡᠰᠦ ᠳᠤᠤᠭᠠᠷᠪᠠ) ᠠ᠋᠂ ᠠᠩ~ ᠮᠢᠨᠦ ᠭᠡᠳᠡᠰᠦ ᠨᠢᠭᠡ ᠯᠡ ᠰᠣᠨᠢᠨ ᠪᠣᠯᠴᠢᠬᠠᠯ᠎ᠠ᠃
ᠰᠠᠢᠶᠤᠤ ᠡ᠁
ᠰᠠᠢᠶᠤᠤ᠄ ᠯᠠ ᠯᠠ ᠯᠠ᠁ ᠠ?
ᠺᠣᠨᠰᠤᠨᠢ᠄ ᠨᠠᠳᠠ ᠳ᠋ᠤ᠌ ᠲᠤᠰᠠᠯᠠᠭᠠᠴᠢ᠂ ᠶᠠᠭ ᠶᠠᠪᠤᠬᠤ ᠭᠡᠵᠦ ᠪᠠᠢᠲᠠᠯ᠎ᠠ ᠭᠡᠳᠡᠰᠦ ᠨᠢᠭᠡ ᠯᠡ ᠬᠠᠴᠢᠨ ᠪᠣᠯᠴᠢᠬᠠᠯ᠎ᠠ᠂ ᠴᠢ ᠵᠦᠭᠡᠷ ᠪᠣᠯᠭᠠᠵᠤ ᠴᠢᠳᠠᠬᠤ ᠤᠤ?
ᠰᠠᠢᠶᠤᠤ᠄ ᠠ᠁ ᠨᠠᠳᠠ ᠡᠢᠮᠦ ᠪᠡᠷᠬᠡᠰᠢᠶᠡᠯ ᠤᠴᠠᠷᠠᠵᠤ ᠪᠠᠢᠭ᠎ᠠ ᠦᠭᠡᠢ᠂ ᠶᠠᠭᠤ ᠴᠤ ᠪᠣᠯᠵᠤ ᠪᠠᠢᠭᠰᠠᠨ ᠮᠢᠨᠦ ᠭᠡᠳᠡᠰᠦ ᠡᠪᠡᠳᠳᠡᠭ ᠦᠭᠡᠢ ᠶᠦ᠍ᠮ᠃
ᠡᠵᠢ᠄ ᠺᠣᠨᠰᠤᠨᠢ᠂ ᠶᠠᠪᠤᠴᠢᠬᠠᠶ᠎ᠠ! ᠶᠠᠭᠠᠬᠢᠭᠠᠳ ᠤᠳᠠᠭᠠᠳ ᠪᠠᠢᠨ᠎ᠠ? ᠠᠪᠤ ᠨᠢ ᠮᠠᠰᠢᠨ ᠢ᠋ᠶ᠋ᠠᠨ ᠠᠪᠴᠢᠷᠠᠬᠤ ᠪᠠᠷ ᠶᠠᠪᠤᠭᠰᠠᠨ᠂ ᠬᠦᠯᠢᠶᠡᠵᠦ ᠪᠠᠢᠭ᠎ᠠ ᠪᠠᠢᠬ᠎ᠠ᠃
ᠺᠣᠨᠰᠤᠨᠢ᠄ ᠠ᠂ ᠲᠡᠢᠮᠦ ᠠ᠋᠂ ᠵᠠ᠂ ᠡᠵᠢ ᠠ᠋᠃
ᠡᠵᠢ᠄ ᠶᠠᠭᠤ ᠪᠣᠯᠪᠠ? ᠴᠢᠷᠠᠢ ᠴᠢᠨᠢ ᠨᠢᠭᠡ ᠯᠡ ᠴᠣᠩᠬᠢᠭᠠᠷ ᠪᠠᠢᠬᠤ ᠶᠤᠮ᠃ ᠪᠡᠶ᠎ᠡ ᠴᠢᠨᠢ ᠡᠪᠡᠳᠦᠭᠡ ᠤᠤ?
ᠺᠣᠨᠰᠤᠨᠢ᠄ ᠠ᠁ ᠶᠠᠭᠤ? ᠦᠭᠡᠢ᠂ ᠪᠢ ᠵᠦᠭᠡᠷ ᠠ᠋᠂ ᠠᠩ᠂᠁  ᠪᠢ ᠣᠳᠣᠬᠠᠨ᠂ ᠠᠩ᠁  ᠠᠩ
ᠡᠵᠢ᠄ ᠴᠢ ᠵᠦᠭᠡᠷ ᠤᠤ? ᠡᠵᠢ ᠨᠢ ᠣᠷᠣᠵᠤ ᠪᠣᠯᠬᠤ ᠤᠤ? ᠴᠢᠮ᠎ᠠ ᠳ᠋ᠤ᠌ ᠲᠤᠰᠠᠯᠠᠮᠵᠢ ᠬᠡᠷᠡᠭᠲᠡᠢ ᠤᠤ?
ᠺᠣᠨᠰᠤᠨᠢ᠄ ᠦᠭᠡᠢ᠂ ᠪᠢ ᠵᠦᠭᠡᠷ ᠠ᠋ 
ᠡᠵᠢ᠄ ᠨᠥᠭᠦᠭᠡ ᠰᠢᠪᠠᠵᠢ ᠠ᠋ᠴᠠ ᠪᠣᠯᠤᠭᠰᠠᠨ ᠶᠤᠮ ᠪᠣᠯᠪᠠᠤ?
ᠺᠣᠨᠰᠤᠨᠢ᠄ ᠠ ᠬᠠ ᠬᠠ᠂ ᠠ ᠬᠠ ᠬᠠ᠂ ᠠ᠂ ᠵᠤᠭᠠᠯᠠᠬᠤ ᠳ᠋ᠤ᠌ ᠪᠡᠯᠡᠨ ᠪᠣᠯᠤᠯ᠎ᠠ᠂ ᠠ᠁
ᠡᠵᠢ᠄ ᠲᠡᠭᠡᠭᠡᠳ᠂ ᠴᠢ ᠬᠡᠳᠦᠨ ᠵᠠᠢᠷᠮᠠᠭ ᠢᠳᠡᠭᠰᠡᠨ ᠤᠤ?
ᠺᠤᠨᠰᠤᠨᠢ᠄ ᠲᠣᠭ᠎ᠠ ᠪᠠᠨ ᠠᠯᠳᠠᠭᠰᠠᠨ᠂ ᠡᠢᠮ᠎ᠡ ᠰᠡᠢᠮ ᠬᠣᠶᠠᠷ ᠲᠠᠢ ᠬᠠᠮᠲᠤ ᠢᠳᠡᠭᠰᠡᠨ᠂ ᠳᠥᠷᠪᠡ ᠶ᠋ᠢ ᠢᠳᠡᠭᠰᠡᠨ ᠪᠠᠢᠬ᠎ᠠ᠂ ᠬᠣᠶᠠᠷ ᠢ᠋ ᠴᠤ ᠢᠳᠡᠭᠰᠡᠨ ᠪᠠᠢᠵᠤ ᠮᠠᠭᠠᠳ ᠦᠭᠡᠢ᠃
ᠡᠵᠢ᠄ ᠶᠠᠪᠤᠬᠤ ᠪᠠᠨ ᠪᠣᠯᠢᠯ᠎ᠠ᠃
ᠺᠤᠨᠰᠤᠨᠢ᠄ ᠦᠭᠡᠢ᠂ ᠡᠵᠢ ᠠ᠋᠃
ᠡᠵᠢ᠄ ᠭᠡᠳᠡᠰᠦ ᠴᠢᠨᠢ ᠡᠪᠡᠳᠴᠦ ᠪᠠᠢᠬᠤ ᠳ᠋ᠤ᠌ ᠴᠢ ᠭᠠᠷᠴᠤ ᠪᠣᠯᠬᠤ ᠦᠭᠡᠢ᠂
ᠺᠤᠨᠰᠤᠨᠢ᠄ ᠵᠦᠭᠡᠷ ᠠ᠋᠂ ᠪᠢ ᠵᠦᠭᠡᠷ᠂ ᠨᠢᠭᠡ᠂ ᠬᠣᠶᠠᠷ᠂ ᠭᠤᠷᠪᠠ᠂ ᠳᠥᠷᠪᠡ᠂᠂᠂ ᠠ( ᠭᠡᠳᠡᠰᠦ ᠳᠤᠤᠭᠠᠷᠪᠠ) ᠪᠢ ᠳᠠᠬᠢᠭᠠᠳ ᠣᠷᠣᠭᠠᠳ ᠬᠢ ᠃ ᠶᠣᠣ ᠶᠣᠣ᠂ ᠪᠢ ᠥᠨᠥᠳᠥᠷ ᠫᠠᠷᠺ ᠤᠷᠤᠭᠤ ᠶᠠᠪᠤᠮᠠᠷ ᠪᠠᠢᠨ᠎ᠠ ᠰᠢᠲᠠ᠂ ᠡᠳᠦᠷ ᠲᠦ᠍ ᠨᠢᠭᠡ ᠶ᠋ᠢ ᠢᠳᠡᠬᠦ ᠳᠦᠷᠢᠮ ᠢ᠋ᠶ᠋ᠡᠨ ᠵᠥᠷᠢᠴᠡᠭᠰᠡᠨ ᠳ᠋ᠦ᠍ ᠠᠭᠤᠴᠢᠯᠠᠭᠠᠷᠠᠢ ᠡᠵᠢ ᠠ᠋᠂ ᠶᠣᠣ ᠶᠣᠣ᠁ ᠶᠣᠣ ᠶᠣᠣ᠁ ᠪᠢ ᠳᠠᠬᠢᠵᠤ ᠬᠡᠵᠢᠶ᠎ᠡ ᠴᠤ ᠵᠠᠢᠷᠮᠠᠭ ᠢᠳᠡᠬᠦ ᠦᠭᠡᠢ᠂
ᠰᠠᠢᠶᠤᠤ᠄ ᠯᠠ ᠯᠠ᠁
ᠡᠵᠢ᠄ ᠪᠢ ᠣᠷᠣᠵᠤ ᠪᠣᠯᠬᠤ ᠤᠤ? ᠭᠡᠳᠡᠰᠦ ᠨᠢ ᠶᠠᠭᠠᠬᠢᠵᠤ ᠪᠠᠢᠨ᠎ᠠ ᠤᠤ? ᠮᠢᠨᠦ ᠥᠬᠢᠨ?
ᠺᠤᠨᠰᠤᠨᠢ᠄ ᠡᠵᠢ ᠠ᠋᠂ ᠵᠠᠢᠷᠮᠠᠭ ᠨᠠᠳᠠ ᠳ᠋ᠤ᠌ ᠳᠤᠷ᠎ᠠ ᠦᠭᠡᠢ ᠶᠦᠮ ᠰᠢᠭ ᠪᠠᠢᠨ᠎ᠠ᠂
ᠡᠵᠢ᠄ ᠥ᠂ ᠲᠡᠢᠮᠦ ᠦᠦ? ᠠᠯᠢᠪ᠂ ᠡᠵᠢ ᠳ᠋ᠡᠭᠡᠨ ᠢᠷ᠎ᠡ᠂ ᠡᠵᠢ ᠶ᠋ᠢ ᠪᠡᠨ ᠲᠡᠪᠡᠷᠢ ᠳᠧ᠃
ᠺᠤᠨᠰᠤᠨᠢ᠄ ᠵᠠ᠁
ᠡᠵᠢ᠄ ᠬᠥᠭᠡᠷᠦᠬᠦᠨ ᠪᠢᠴᠢᠬᠠᠨ ᠦᠷ᠎ᠡ ᠮᠢᠨᠢ ᠶᠠᠭᠤ ᠴᠤ ᠪᠢᠲᠡᠭᠡᠢ ᠶᠠᠷᠢ᠂( ᠳᠠᠭᠤᠤ ᠳᠠᠭᠤᠯᠠᠪᠠ)
ᠺᠤᠨᠰᠤᠨᠢ᠄ ᠬᠠᠩ ᠬᠠᠩ᠁
ᠡᠵᠢ᠄ ᠰᠠᠢᠨ ᠰᠣᠨᠣᠰ᠂ ᠶᠠᠭᠤ ᠭᠡᠵᠦ ᠪᠢᠳᠡ ᠴᠥᠮ ᠠᠯᠳᠠᠭ᠎ᠠ ᠭᠠᠷᠭᠠᠳᠠᠭ ᠶᠤᠮ᠃
ᠺᠤᠨᠰᠤᠨᠢ᠄ ᠶᠠᠭᠤ? ᠡᠵᠢ ᠨᠦ᠍ᠭᠦᠳ ᠴᠦ ᠭᠡᠰᠡᠨ ᠤᠤ?
ᠡᠵᠢ᠄ ᠪᠠᠰᠠ ᠶᠠᠭᠤ ᠭᠡᠵᠦ ᠮᠠᠷᠭᠠᠰᠢ ᠰᠢᠪ ᠰᠢᠨᠡᠬᠡᠨ ᠡᠳᠦᠷ ᠡᠬᠢᠯᠡᠨ᠎ᠡ᠃
ᠺᠤᠨᠰᠤᠨᠢ᠄ ᠠ ᠬᠠᠩ ᠠ ᠬᠠᠩ᠁
ᠺᠤᠨᠰᠤᠨᠢ᠄ ᠠ ᠬᠠ ᠬᠠ᠁
ᠰᠠᠢᠶᠤᠤ᠄ ᠵᠤᠭᠠᠯᠠᠬᠤ ᠭᠡᠵᠦ ᠪᠠᠶᠠᠷᠯᠠᠯ᠎ᠠ ᠤᠤ?
ᠺᠤᠨᠰᠤᠨᠢ᠄ ᠲᠡᠢᠮᠦ ᠠ᠋᠂ ᠭᠡᠬᠦ ᠳ᠋ᠡᠭᠡᠨ ᠡᠨᠡ ᠤᠳᠠᠭ᠎ᠠ ᠪᠢᠳᠡ ᠶᠠᠮᠠᠷ ᠴᠤ ᠵᠠᠢᠷᠮᠠᠭ ᠦᠭᠡᠢ ᠪᠡᠷ ᠵᠤᠭᠠᠯᠠᠬᠤ ᠪᠣᠯᠤᠨ᠎ᠠ᠃
ᠰᠠᠢᠶᠤᠤ᠄ ᠶᠠᠩᠵᠤᠲᠠᠢ᠂ ᠪᠢ ᠴᠢᠮ᠎ᠠ ᠲᠠᠢ ᠴᠣᠭ ᠶᠠᠪᠤᠬᠤ ᠶᠤᠮ ᠰᠠᠨ᠃
ᠡᠵᠢ᠄ ᠪᠡᠯᠡᠨ ᠤᠤ?
ᠺᠤᠨᠰᠤᠨᠢ᠄ ᠠ᠁
ᠠᠪᠤ᠄ ᠵᠠ᠂ ᠲᠣᠭᠯᠠᠭᠠᠮ ᠤ᠋ᠨ ᠫᠠᠷᠺ ᠤᠷᠤᠭᠤ ᠶᠠᠪᠤᠬᠤ ᠳ᠋ᠤ᠌ ᠪᠡᠯᠡᠨ ᠤᠤ?
ᠺᠤᠨᠰᠤᠨᠢ᠄ ᠪᠡᠯᠡᠨ ᠡ᠂ ᠠᠪᠤ ᠠ᠋
ᠡᠵᠢ᠄ ᠭᠡᠳᠡᠰᠦ ᠴᠢᠨᠢ ᠵᠦᠭᠡᠷ ᠤᠤ? ᠪᠡᠶ᠎ᠡ ᠴᠢᠨᠢ ᠶᠠᠭᠠᠬᠢᠵᠤ ᠪᠠᠢᠨ᠎ᠠ?
ᠺᠤᠨᠰᠤᠨᠢ᠄ ᠪᠢ ᠰᠠᠢᠨ ᠡ᠃
ᠠᠪᠤ᠄ ᠮᠢᠨᠦ ᠥᠬᠢᠨ ᠮᠥᠨ ᠳᠡ᠃
(ᠪᠦᠭᠦᠳᠡᠭᠡᠷ ᠢᠨᠢᠶᠡᠯᠳᠦᠪᠡ)

   ᠦᠰᠦᠭ ᠠᠮᠢᠯᠠᠭᠤᠯᠤᠭᠴᠢ᠄ ᠱᠠᠭᠰᠠᠯ
   ᠦᠰᠦᠭ ᠬᠠᠲᠠᠭᠰᠠᠨ ᠨᠢ᠄ ᠬᠣᠨᠢᠴᠢᠨ ᠪᠦᠰᠡᠭᠦᠢ 
   ᠬᠢᠨᠠᠭᠴᠢ ᠪᠠᠭᠰᠢ ᠨᠢ᠄ ᠰ ᠳᠣᠷᠣᠨ᠎ᠠ