ᠡᠷᠬᠡ ᠴᠢᠯᠦᠭᠡ - ᠷ᠂ᠴᠣᠢᠨᠣᠮ Р.Чойном - Эрх чөлөө ᠰᠢᠯᠦᠭ ᠢᠷᠠᠭᠤ ᠨᠠᠢᠷᠠᠭ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠡᠷᠬᠡ ᠴᠢᠯᠦᠭᠡ - ᠷ᠂ᠴᠣᠢᠨᠣᠮ Р.Чойном - Эрх чөлөө

ᠡᠷᠬᠡ ᠴᠢᠯᠦᠭᠡ - ᠷ᠂ᠴᠣᠢᠨᠣᠮ Р.Чойном - Эрх чөлөө

2023-08-14

619

ᠡᠷᠬᠡ ᠴᠢᠯᠦᠭᠡ


 ᠭᠠᠩᠳᠠᠨ ᠪᠠᠭᠤᠷᠠᠰᠢ ᠦᠭᠡᠢ ᠠᠮᠢᠳᠤᠷᠠᠯ ᠤ᠋ᠨ 
 ᠭᠠᠯ ᠤᠯᠠᠭᠠᠨ ᠴᠡᠴᠡᠭ ᠦ᠋ᠨ ᠳᠡᠭᠡᠷ᠎ᠡ 
 ᠭᠠᠰᠠᠯᠠᠩᠲᠤ ᠱᠣᠷᠣᠩ ᠭᠢᠨᠳᠠᠨ ᠤ᠋ 
 ᠭᠠᠪᠠ ᠭᠢᠨᠵᠢ ᠴᠣᠣᠵᠢᠨ ᠳᠡᠭᠡᠷ᠎ᠡ 
 ᠨᠠᠰᠤᠲᠠᠨ ᠪᠤᠭᠤᠷᠤᠯ ᠡᠵᠢ ᠶ᠋ᠢᠨ ᠮᠢᠨᠢ 
 ᠮᠥᠩᠭᠥᠨ ᠪᠤᠭᠤᠷᠤᠯ ᠲᠡᠷᠢᠭᠦᠨ ᠳᠡᠭᠡᠷ᠎ᠡ 
 ᠨᠠᠰᠤᠨ ᠪᠠᠭ᠎ᠠ ᠦᠷ᠎ᠡ ᠶ᠋ᠢᠨ ᠢ᠋ᠶ᠋ᠡᠨ 
 ᠬᠥᠩᠭᠡᠨ ᠮᠢᠰᠢᠶᠡᠬᠦ ᠵᠡᠭᠦᠳᠦᠨ ᠳᠡᠭᠡᠷ᠎ᠡ 
 ᠨᠠᠮ᠎ᠠ ᠶ᠋ᠢ ᠦᠳᠡᠬᠦ ᠳ᠋ᠦ᠍ ᠪᠡᠨ ᠤᠬᠢᠯᠠᠭᠰᠠᠨ 
 ᠬᠡᠦᠬᠡᠨ ᠬᠣᠩᠭᠣᠷ ᠤ᠋ᠨ ᠵᠢᠷᠦᠬᠡᠨ ᠳᠡᠭᠡᠷ᠎ᠡ 
 ᠨᠠᠰᠤᠨ ᠲᠤᠷᠰᠢᠳᠠ ᠪᠠᠨ ᠭᠡᠮᠰᠢᠬᠦ 
 ᠭᠡᠨᠡᠨ ᠵᠠᠯᠠᠭᠤ ᠶ᠋ᠢᠨ ᠠᠯᠳᠠᠭᠠᠨ ᠳᠡᠭᠡᠷ᠎ᠡ 
 ᠡᠷᠬᠡ ᠴᠢᠯᠥᠭᠡ ᠴᠢᠮ᠎ᠠ ᠶ᠋ᠢ 
 ᠡᠷᠳᠡᠨᠢ ᠪᠣᠯᠭᠠᠨ ᠲᠠᠬᠢᠶ᠎ᠠ᠂ 
 《ᠡᠵᠡᠨᠲᠦ ᠶᠡᠬᠡ》 ᠲᠥᠷᠥ ᠶ᠋ᠢᠨ 
 ᠰᠦᠯᠳᠡ ᠨᠢ ᠪᠣᠯᠭᠠᠨ ᠵᠠᠯᠠᠶ᠎ᠠ᠃  

 ᠰᠠᠷᠠᠨ ᠳᠤᠷ᠎ᠠ ᠪᠠᠷ ᠠᠶᠠᠯᠠᠬᠤ 
 ᠮᠥᠩᠭᠥᠨ ᠲᠩᠷᠢ ᠶ᠋ᠢᠨ ᠳᠣᠯᠢᠶᠠᠨ ᠳᠣᠣᠷ᠎ᠠ 
 ᠰᠠᠯᠬᠢᠨ ᠳᠤᠷ᠎ᠠ ᠪᠠᠷ ᠢᠰᠬᠡᠷᠬᠦ 
 ᠥᠷᠭᠡᠨ ᠲᠠᠯ᠎ᠠ ᠶ᠋ᠢᠨ ᠴᠡᠭᠡᠵᠢᠨ ᠳᠡᠭᠡᠷ᠎ᠡ 
 ᠰᠠᠨᠠᠨ ᠰᠠᠨᠠᠨ ᠭᠢᠷᠪᠢᠰᠢᠬᠦ 
 ᠬᠣᠩᠭᠣᠷ ᠦᠷ᠎ᠡ ᠶ᠋ᠢᠨ ᠰᠡᠪᠡᠯᠭᠡ ᠳᠡᠭᠡᠷ᠎ᠡ 
 ᠰᠠᠯᠵᠤ ᠶᠠᠳᠠᠨ ᠬᠣᠴᠣᠷᠤᠭᠰᠠᠨ 
 ᠢᠲᠡᠭᠡᠯᠲᠦ ᠬᠠᠨᠢ ᠶ᠋ᠢᠨ ᠬᠠᠢᠷ᠎ᠠ ᠳᠡᠭᠡᠷ᠎ᠡ 
 ᠬᠥᠭᠰᠢᠨ ᠭᠠᠭᠴᠠ ᠤᠯᠢᠶᠠᠰᠤᠨ ᠤ᠋ 
 ᠬᠠᠲᠠᠭᠰᠠᠨ ᠭᠠᠭᠴᠠ ᠮᠥᠴᠢᠷ ᠳᠡᠭᠡᠷ᠎ᠡ 
 ᠬᠥᠭᠡᠷᠦᠬᠦᠢ ᠮᠠᠭᠤ ᠠᠪᠤ ᠶ᠋ᠢᠨ ᠢ᠋ᠶ᠋ᠡᠨ 
 ᠲᠦᠮᠡᠨ ᠦᠷᠴᠢᠯᠡᠭᠡᠲᠦ ᠨᠢᠭᠤᠷ ᠳᠡᠭᠡᠷ᠎ᠡ 
 ᠬᠦᠯᠦᠭ ᠰᠠᠢᠨ ᠮᠣᠷᠢᠳ ᠤ᠋ᠨ ᠢ᠋ᠶ᠋ᠠᠨ 
 ᠰᠢᠨᠳᠠᠰᠤ ᠴᠤᠴᠠᠬᠤ ᠡᠭᠡᠷᠡᠮ᠎ᠡ ᠳᠡᠭᠡᠷ᠎ᠡ 
 ᠡᠷᠬᠡ ᠴᠢᠯᠥᠭᠡ ᠴᠢᠮ᠎ᠠ ᠶ᠋ᠢ 
 ᠡᠷᠳᠡᠨᠢ ᠪᠣᠯᠭᠠᠨ ᠲᠠᠬᠢᠶ᠎ᠠ 
 《ᠡᠵᠡᠨᠲᠦ ᠶᠡᠬᠡ》 ᠲᠥᠷᠥ ᠶ᠋ᠢᠨ 
 ᠰᠦᠯᠳᠡ ᠨᠢ ᠪᠣᠯᠭᠠᠨ ᠵᠠᠯᠠᠶ᠎ᠠ᠃ 

 ᠬᠣᠷᠸ᠎ᠠ ᠳ᠋ᠤ᠌ ᠪᠢᠰᠢᠭᠦᠢ ᠲᠣᠬᠢᠶᠠᠯᠳᠤᠬᠤ 
 ᠵᠢᠰᠤᠷ ᠪᠢᠯᠳᠠᠤᠴᠢ ᠶ᠋ᠢᠨ ᠰᠦᠨᠡᠰᠦᠨ ᠳᠡᠭᠡᠷ᠎ᠡ 
 ᠬᠤᠪᠢ ᠶ᠋ᠢᠨ ᠮᠠᠲᠠᠭᠠᠰᠤ ᠰᠢᠷᠭᠤᠭᠤᠯᠤᠭᠰᠠᠨ 
 ᠬᠠᠭᠤᠷᠮᠠᠭᠴᠢ ᠭᠡᠷᠡᠴᠢ ᠶ᠋ᠢᠨ ᠨᠢᠭᠤᠷ ᠳᠡᠭᠡᠷ᠎ᠡ 
 ᠬᠤᠷᠴᠠ ᠢᠷ ᠨᠢ ᠮᠣᠬᠣᠭ᠎ᠠ ᠦᠭᠡᠢ 
 ᠭᠠᠩ ᠬᠢᠲᠤᠭᠠᠨ ᠤ᠋ ᠢᠷ ᠦ᠋ᠨ ᠳᠡᠭᠡᠷ᠎ᠡ 
 ᠬᠤᠳᠠᠯ ᠬᠡᠷᠡᠭ ᠲᠦ᠍ ᠭᠦᠳᠬᠡᠭᠰᠡᠨ 
 ᠵᠠᠨᠤᠯᠲᠤ ᠪᠠᠢᠴᠠᠭᠠᠭᠴᠢ ᠶ᠋ᠢᠨ ᠲᠣᠯᠣᠭᠠᠢ ᠳᠡᠭᠡᠷ᠎ᠡ 
 ᠡᠷ᠎ᠡ ᠶ᠋ᠢᠨ ᠰᠠᠢᠨ ᠢ᠋ᠶ᠋ᠠᠷ ᠣᠯᠳᠠᠳᠠᠭ 
 ᠡᠷᠳᠡᠨᠢ ᠪᠣᠯᠤᠭᠰᠠᠨ ᠲᠠᠮᠠᠬᠢᠨ ᠳᠡᠭᠡᠷ᠎ᠡ 
 ᠡᠭᠡᠵᠡᠭ ᠲᠠᠭᠠᠷᠠᠪᠠᠯ ᠵᠠᠶᠠᠭᠠᠳᠠᠭ 
 ᠬᠠᠭᠠᠷᠬᠠᠢ ᠴᠣᠩᠬᠣᠨ ᠤ᠋ ᠪᠠᠶᠠᠷ ᠳᠡᠭᠡᠷ᠎ᠡ 
 ᠡᠨᠡᠷᠢᠯ ᠥᠷᠥᠰᠢᠶᠡᠯ ᠭᠡᠵᠦ ᠪᠠᠢᠳᠠᠭ ᠦᠭᠡᠢ 
 ᠲᠠᠮᠤ ᠶ᠋ᠢᠨ ᠱᠣᠷᠣᠩ ᠤ᠋ᠨ ᠳᠡᠭᠡᠪᠦᠷ ᠳᠡᠭᠡᠷ᠎ᠡ 
 ᠡᠪ ᠦᠭᠡᠢ ᠬᠠᠷᠠᠭᠳᠠᠪᠠᠯ ᠳᠢᠭᠯᠡᠳᠡᠭ 
 ᠬᠠᠷᠭᠢᠰ ᠵᠢᠵᠢᠭᠦᠷ ᠦ᠋ᠨ ᠡᠭᠡᠯᠵᠢᠨ ᠳᠡᠭᠡᠷ᠎ᠡ 
 ᠡᠷᠬᠡ ᠴᠢᠯᠥᠭᠡ ᠴᠢ 
 ᠠᠶᠤᠩᠭ᠎ᠠ ᠪᠣᠯᠵᠤ ᠨᠢᠵᠢᠭᠢᠨᠡᠭᠡᠴᠢ᠂ 
 ᠡᠷᠬᠡ ᠴᠢᠯᠥᠭᠡ ᠴᠢ 
 ᠠᠲ᠋ᠣᠮ ᠪᠣᠯᠵᠤ ᠳᠡᠯᠪᠡᠷᠡᠭᠡᠴᠢ᠃   

 ᠬᠠᠤᠯᠢ ᠶ᠋ᠢᠨ ᠡᠨᠡᠷᠢᠯ ᠢ᠋ ᠵᠠᠪᠬᠠᠷᠠᠭᠤᠯᠤᠭᠰᠠᠨ 
 ᠮᠤᠩᠬᠠᠭ ᠪᠠᠢᠴᠠᠭᠠᠭᠴᠢ ᠶ᠋ᠢᠨ ᠲᠣᠯᠣᠭᠠᠢ ᠳᠡᠭᠡᠷ᠎ᠡ 
 ᠬᠢᠭᠤᠷᠰᠤ ᠪᠥᠭᠡᠰᠦ ᠢᠵᠠᠭᠠᠨᠠᠭᠰᠠᠨ 
 ᠲᠠᠮᠲᠤᠭ ᠪᠣᠯᠤᠭᠰᠠᠨ ᠬᠥᠨᠵᠢᠯᠡ ᠳᠡᠭᠡᠷ᠎ᠡ 
 ᠬᠤᠪᠢᠩ ᠳᠦᠭᠦᠷᠡᠩ ᠮᠡᠯᠲᠡᠯᠵᠡᠬᠦ 
 ᠰᠢᠩᠭᠡᠨ ᠰᠢᠷᠭᠠᠯ ᠰᠢᠭᠡᠰᠦᠨ ᠳᠡᠭᠡᠷ᠎ᠡ 
 ᠬᠤᠯᠠᠭᠠᠢ ᠶ᠋ᠢᠨ ᠠᠯᠳᠠᠷ ᠢ᠋ ᠬᠠᠢᠷᠠᠯᠠᠭᠰᠠᠨ 
 ᠠᠪᠤ ᠶ᠋ᠢᠨ ᠬᠡᠮᠡᠬᠦ ᠣᠷᠳᠣᠨ ᠳᠡᠭᠡᠷ᠎ᠡ 
 ᠲᠣᠣᠷ ᠲᠠᠢ ᠴᠣᠩᠬᠣ ᠪᠠᠷ ᠬᠠᠭᠠᠷᠢᠬᠤ 
 ᠢᠳᠡᠷ ᠶᠢᠰᠦ ᠶ᠋ᠢᠨ ᠵᠢᠪᠠᠷ ᠳᠡᠭᠡᠷ᠎ᠡ 
 ᠲᠣᠰᠣᠨ ᠤ᠋ ᠨᠦᠮᠵᠦᠭ ᠦᠵᠡᠭᠡ ᠦᠭᠡᠢ 
 ᠵᠠᠪᠠᠭᠠᠨ ᠰᠢᠷ᠎ᠠ ᠪᠠᠨᠲᠠᠩ ᠳᠡᠭᠡᠷ᠎ᠡ 
 ᠲᠣᠭᠣᠰᠣᠲᠤ ᠬᠣᠷᠸ᠎ᠠ ᠳ᠋ᠤ᠌ ᠠᠮᠢᠳᠤᠷᠠᠬᠤ ᠳ᠋ᠤ᠌ ᠪᠠᠨ 
 ᠬᠠᠰᠢᠷ ᠰᠠᠭᠤᠭ᠎ᠠ ᠦᠭᠡᠢ ᠲᠣᠯᠣᠭᠠᠢ ᠳᠡᠭᠡᠷ᠎ᠡ 
 ᠲᠣᠮᠣᠭ᠎ᠠ ᠭᠡᠨᠡᠨ ᠲᠡᠢ ᠮᠢᠨᠢ ᠬᠣᠯᠪᠣᠭᠳᠠᠭᠰᠠᠨ 
 ᠡᠷᠡᠭᠦᠦ ᠶ᠋ᠢᠨ ᠬᠠᠤᠯᠢ ᠶ᠋ᠢᠨ ᠵᠦᠢᠯ ᠠᠩᠭᠢ ᠳᠡᠭᠡᠷ᠎ᠡ 
 ᠡᠷᠬᠡ ᠴᠢᠯᠥᠭᠡ ᠴᠢ 
 ᠠᠶᠤᠩᠭ᠎ᠠ ᠪᠣᠯᠵᠤ ᠨᠢᠵᠢᠭᠢᠨᠡᠭᠡᠴᠢ 
 ᠡᠷᠬᠡ ᠴᠢᠯᠥᠭᠡ ᠴᠢ 
 ᠠᠲ᠋ᠣᠮ ᠪᠣᠯᠵᠤ ᠳᠡᠯᠪᠡᠷᠡᠭᠡᠴᠢ! 

 ᠵᠢᠷᠦᠬᠡᠨ ᠦ᠌ ᠢᠨᠠᠭ ᠠ᠋ᠴᠠ ᠢᠯᠡᠭᠦᠦ ᠳ᠋ᠦ᠍ ᠦᠵᠡᠬᠦ 
 ᠵᠦᠰᠦᠮ ᠲᠡᠳᠦᠢ ᠬᠠᠷ᠎ᠠ ᠲᠠᠯᠬᠠᠨ ᠳᠡᠭᠡᠷ᠎ᠡ 
 ᠨᠠᠷᠠᠨ ᠰᠠᠷᠠᠨ ᠡᠭᠡᠯᠵᠢᠯᠡᠭᠰᠡᠨ 
 ᠴᠢᠯᠥᠭᠡᠲᠦ ᠶᠢᠷᠲᠢᠨᠴᠦ ᠶ᠋ᠢᠨ ᠠᠮᠢᠳᠤᠷᠠᠯ ᠳᠡᠭᠡᠷ᠎ᠡ 
 ᠨᠠᠷᠠᠰᠤᠨ ᠠ᠋ᠴᠠ ᠤᠳᠠᠬᠤ ᠦᠭᠡᠢ ᠭᠠᠷᠬᠤ 
 ᠨᠠᠩᠴᠢᠳ ᠡᠷᠭᠦᠨ ᠰᠡᠷᠵᠢᠮᠳᠡᠬᠦ 
 ᠨᠡᠷᠡᠭᠦᠢ ᠬᠤᠷᠤᠭᠤᠨ ᠤ᠋ ᠳᠣᠯᠢᠶᠠᠨ ᠳᠡᠭᠡᠷ᠎ᠡ 
 ᠨᠠᠢᠷ ᠤ᠋ᠨ ᠲᠣᠭᠣᠷ᠎ᠠ ᠴᠢᠯᠡᠭᠡ ᠦᠭᠡᠢ 
 ᠣᠷᠬᠢᠨ ᠢᠷᠡᠭᠰᠡᠨ ᠰᠢᠷᠡᠭᠡᠨ ᠳᠡᠭᠡᠷ᠎ᠡ 
 ᠡᠷᠬᠡ ᠴᠢᠯᠥᠭᠡ ᠴᠢᠮᠠᠶ᠋ᠢ 
 ᠡᠷᠳᠡᠨᠢ ᠪᠣᠯᠭᠠᠨ ᠲᠠᠬᠢᠶ᠎ᠠ᠂ 
 《ᠡᠵᠡᠨᠲᠦ ᠶᠡᠬᠡ》 ᠲᠥᠷᠥ ᠶ᠋ᠢᠨ 
 ᠰᠦᠯᠳᠡ ᠨᠢ ᠪᠣᠯᠭᠠᠨ ᠵᠠᠯᠠᠶ᠎ᠠ᠃ 

     ᠲᠤᠰ ᠰᠢᠯᠦᠭ ᠢ᠋ ᠬᠡᠨᠲᠡᠢ ᠠᠢᠮᠠᠭ᠂ ᠳᠠᠷᠬᠠᠨ ᠰᠤᠮᠤ᠂ ᠳᠡᠭᠦᠦ ᠴ· ᠮᠢᠰᠢᠭ ᠡᠴᠡ ᠨᠢ ᠬᠠᠭᠤᠯᠤᠨ ᠠᠪᠤᠪᠠ᠃ 

          ᠦᠰᠦᠭ ᠠᠮᠢᠯᠠᠭᠤᠯᠤᠭᠴᠢ᠄ ᠭᠠᠷᠮ᠎ᠠ 
          ᠦᠰᠦᠭ ᠬᠠᠲᠠᠭᠰᠠᠨ ᠨᠢ ᠄ ᠭᠠᠸᠠ 
           ᠬᠢᠨᠠᠭᠴᠢ᠄  ᠭᠠᠷᠮ᠎ᠠ᠂ ᠲᠤᠭᠴᠢ ᠰᠠᠷᠠᠨ᠎ᠠ