ᠮᠠᠩᠯᠠᠢ ᠪᠠᠭᠠᠲᠤᠷ ᠳᠠᠮᠳᠢᠨᠰᠦ᠋ᠷᠦᠩ-ᠰᠥᠰᠥ ᠶᠡᠬᠡᠲᠦ ᠮᠣᠩᠭᠣᠯ ᠡᠷ᠎ᠡ Манлайбаатар Дамдинсүрэн-Цөс ихт Монгол эр ᠴᠤᠤᠲᠤ ᠬᠥᠮᠥᠰ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠮᠠᠩᠯᠠᠢ ᠪᠠᠭᠠᠲᠤᠷ ᠳᠠᠮᠳᠢᠨᠰᠦ᠋ᠷᠦᠩ-ᠰᠥᠰᠥ ᠶᠡᠬᠡᠲᠦ ᠮᠣᠩᠭᠣᠯ ᠡᠷ᠎ᠡ Манлайбаатар Дамдинсүрэн-Цөс ихт Монгол эр

ᠮᠠᠩᠯᠠᠢ ᠪᠠᠭᠠᠲᠤᠷ ᠳᠠᠮᠳᠢᠨᠰᠦ᠋ᠷᠦᠩ-ᠰᠥᠰᠥ ᠶᠡᠬᠡᠲᠦ ᠮᠣᠩᠭᠣᠯ ᠡᠷ᠎ᠡ Манлайбаатар Дамдинсүрэн-Цөс ихт Монгол эр

ᠠᠩᠭᠢᠯᠠᠯ:ᠴᠤᠤᠲᠤ ᠬᠥᠮᠥᠰ
2022-02-17

1197

ᠮᠠᠩᠯᠠᠢ ᠪᠠᠭᠠᠲᠤᠷ ᠳᠠᠮᠳᠢᠨᠰᠦ᠋ᠷᠦᠩ

    ᠮᠣᠩᠭᠣᠯ ᠤ᠋ᠨ ᠠᠷᠠᠳ ᠲᠦᠮᠡᠨ ᠦ᠌ ᠦᠨᠳᠦᠰᠦᠨ ᠦ᠌ ᠡᠷᠬᠡ ᠴᠢᠯᠥᠭᠡ᠂ ᠲᠤᠰᠠᠭᠠᠷ ᠲᠣᠭᠲᠠᠨᠢᠯ ᠤ᠋ᠨ ᠲᠥᠯᠥᠭᠡ ᠲᠡᠮᠡᠴᠡᠭᠴᠢ᠂ ᠲᠥᠷᠥ᠂ ᠴᠡᠷᠢᠭ ᠦ᠋ᠨ ᠨᠡᠷᠡᠲᠦ ᠵᠢᠳᠬᠦᠯᠲᠡᠨ᠃
ᠮᠠᠩᠯᠠᠢ ᠪᠠᠭᠠᠲᠤᠷ ᠳᠠᠮᠳᠢᠨᠰᠦ᠋ᠷᠦᠩ 14 ᠨᠠᠰᠤᠲᠠᠢ ᠠ᠋ᠴᠠ ᠪᠠᠨ ᠬᠥᠯᠥᠨ ᠪᠤᠢᠷ ᠤ᠋ᠨ ᠰᠢᠨ᠎ᠡ ᠪᠠᠷᠭᠤ ᠵᠡᠭᠦᠨ ᠭᠠᠷ ᠤ᠋ᠨ ᠪᠦᠭᠦᠳᠡ ᠶ᠋ᠢᠨ ᠳᠠᠷᠤᠭ᠎ᠠ ᠶ᠋ᠢᠨ ᠶᠠᠮᠤᠨ ᠤ᠋ ᠲᠤᠰᠠᠯᠠᠬᠤ᠂ ᠵᠢᠩᠬᠢᠨᠢ᠂ ᠲᠡᠷᠢᠭᠦᠨ ᠪᠢᠴᠢᠭᠡᠴᠢ ᠪᠣᠯᠵᠤ᠂ ᠣᠷᠣᠯᠠᠨ ᠬᠥᠭᠡᠭᠡᠭᠴᠢ᠂ ᠰᠤᠮᠤ ᠶ᠋ᠢᠨ ᠵᠠᠩ ᠤ᠋ᠨ ᠲᠤᠰᠢᠶᠠᠯ ᠳ᠋ᠤ᠌ ᠠᠵᠢᠯᠯᠠᠵᠠᠢ᠃  ᠳᠠᠮᠳᠢᠨᠰᠦ᠋ᠷᠦᠩ 1911 ᠣᠨ ᠤ᠋ ᠡᠴᠦᠰ ᠢ᠋ᠶ᠋ᠡᠷ ᠪᠠᠷᠭᠠᠳ ᠥᠷᠨᠢᠭᠰᠡᠨ ᠦᠨᠳᠦᠰᠦᠨ ᠦ᠌ ᠡᠷᠬᠡ ᠴᠢᠯᠥᠭᠡ᠂ ᠲᠤᠰᠠᠭᠠᠷ ᠲᠣᠭᠲᠠᠨᠢᠯ ᠤ᠋ᠨ ᠲᠡᠮᠡᠴᠡᠯ ᠳ᠋ᠦ᠍ ᠢᠳᠡᠪᠬᠢᠲᠡᠢ ᠣᠷᠣᠯᠴᠠᠵᠤ᠂ 1912 ᠣᠨ ᠳ᠋ᠤ᠌ ᠪᠠᠷᠭᠤ ᠶ᠋ᠢᠨ ᠲᠥᠯᠥᠭᠡᠯᠡᠭᠴᠢᠳ ᠢ᠋ ᠲᠡᠷᠢᠭᠦᠯᠡᠨ ᠨᠡᠢᠰᠯᠡᠯ ᠬᠦᠷᠢᠶᠡᠨ ᠳ᠋ᠦ᠍ ᠢᠷᠡᠪᠡ᠃ ᠪᠣᠭᠳᠠ ᠬᠠᠭᠠᠨ ᠲᠡᠭᠦᠨ ᠦ᠌ ᠭᠠᠪᠢᠶ᠎ᠠ ᠶ᠋ᠢ ᠦᠨᠡᠯᠡᠵᠦ᠂ ᠭᠦᠨ ᠴᠣᠯᠠ ᠱᠠᠩᠨᠠᠨ ᠭᠠᠳᠠᠭᠠᠳᠤ ᠶᠠᠮᠤᠨ ᠤ᠋ ᠳᠡᠳ᠋ ᠰᠠᠢᠳ ᠢ᠋ᠶ᠋ᠠᠷ ᠲᠣᠮᠢᠯᠠᠪᠠ᠃ ᠳᠡᠳ᠋ ᠰᠠᠢᠳ ᠳᠠᠮᠳᠢᠨᠰᠦ᠋ᠷᠦᠩ 1912 ᠣᠨ ᠳ᠋ᠤ᠌ ᠮᠣᠩᠭᠣᠯ᠂ ᠲᠥᠪᠡᠳ ᠦ᠋ᠨ ᠬᠡᠷᠢᠶᠡᠨ ᠳ᠋ᠦ᠍ ᠮᠣᠩᠭᠣᠯ ᠤ᠋ᠨ ᠲᠠᠯ᠎ᠠ ᠶ᠋ᠢᠨ ᠲᠥᠯᠥᠭᠡᠯᠡᠭᠴᠢ ᠶ᠋ᠢᠨ ᠬᠤᠪᠢᠶᠠᠷᠢ ᠭᠠᠷ ᠤ᠋ᠨ ᠦᠰᠦᠭ ᠵᠢᠷᠤᠵᠠᠢ᠃
    ᠵ ᠳᠠᠮᠳᠢᠨᠰᠦ᠋ᠷᠦᠩ 1912 ᠣᠨ ᠳ᠋ᠤ᠌ ᠬᠣᠪᠲᠣ ᠶ᠋ᠢ ᠴᠢᠯᠥᠭᠡᠯᠡᠬᠦ ᠪᠠᠢᠯᠳᠤᠭᠠᠨ ᠢ᠋ ᠮᠠᠭᠰᠤᠷᠵᠠᠪ ᠤ᠋ᠨ ᠬᠠᠮᠲᠤ ᠤᠳᠤᠷᠢᠳᠴᠤ᠂ ᠭᠠᠪᠢᠶ᠎ᠠ ᠪᠠᠢᠭᠤᠯᠤᠭᠰᠠᠨ ᠲᠤᠯᠠ ᠪᠣᠭᠳᠠ ᠬᠠᠭᠠᠨ ᠤ᠋ ᠵᠠᠷᠯᠢᠭ ᠢ᠋ᠶ᠋ᠠᠷ ᠴᠡᠷᠢᠭ ᠦ᠋ᠨ ᠵᠠᠩᠵᠤᠨ᠂ ᠮᠠᠩᠯᠠᠢ ᠪᠠᠭᠠᠲᠤᠷ ᠴᠣᠯᠠ ᠪᠠᠷ ᠱᠠᠩᠨᠠᠪᠠ᠃
    ᠮᠠᠩᠯᠠᠢ ᠪᠠᠭᠠᠲᠤᠷ ᠳᠠᠮᠳᠢᠨᠰᠦ᠋ᠷᠦᠩ 1913 ᠣᠨ ᠤ᠋ 3 ᠳ᠋ᠤᠭᠠᠷ ᠰᠠᠷ᠎ᠠ ᠶ᠋ᠢᠨ 16 ᠳ᠋ᠤ᠌ ᠴᠡᠷᠢᠭ ᠦ᠋ᠨ ᠶᠠᠮᠤᠨ ᠤ᠋ ᠡᠷᠬᠢᠯᠡᠨ ᠵᠥᠪᠳᠡᠬᠦ ᠰᠠᠢᠳ᠂ ᠮᠥᠨ ᠣᠨ ᠤ᠋ 7 ᠳ᠋ᠤᠭᠠᠷ ᠰᠠᠷ᠎ᠠ ᠶ᠋ᠢᠨ 1 ᠳ᠋ᠦ᠍ ᠡᠮᠦᠨ᠎ᠡ ᠵᠦᠭ ᠦ᠋ᠨ ᠴᠡᠷᠢᠭ ᠢ᠋ ᠳᠠᠢᠴᠢᠯᠠᠨ ᠵᠠᠬᠢᠷᠬᠤ ᠵᠠᠩᠵᠤᠨ ᠢ᠋ᠶ᠋ᠠᠷ ᠲᠤᠰ ᠲᠤᠰ ᠲᠣᠮᠢᠯᠠᠭᠳᠠᠵᠤ᠂ ᠥᠪᠥᠷ ᠮᠣᠩᠭᠣᠯ ᠢ᠋ ᠴᠢᠯᠥᠭᠡᠯᠡᠬᠦ ᠲᠡᠢᠨ ᠢ᠋ ᠤᠳᠤᠷᠢᠳᠴᠠᠢ᠃ ᠲᠡᠭᠦᠨ ᠦ᠌ ᠤᠳᠤᠷᠢᠳᠤᠭᠰᠠᠨ ᠴᠡᠷᠢᠭ ᠥᠪᠥᠷ ᠮᠣᠩᠭᠣᠯ ᠤ᠋ᠨ ᠰᠢᠯᠢ ᠶ᠋ᠢᠨ ᠭᠣᠣᠯ ᠤ᠋ᠨ ᠴᠢᠭᠤᠯᠭᠠᠨ᠂ ᠲᠤᠯᠤᠨ ᠨᠠᠭᠤᠷ᠂ ᠱᠠᠩᠳᠠ ᠶ᠋ᠢᠨ ᠭᠣᠣᠯ ᠤ᠋ᠨ ᠴᠢᠭᠯᠡᠯ ᠢ᠋ᠶ᠋ᠡᠷ ᠳᠠᠪᠰᠢᠵᠤ᠂ ᠳᠤᠮᠳᠠᠳᠤ ᠢᠷᠭᠡᠨ ᠤᠯᠤᠰ ᠤ᠋ᠨ ᠶᠡᠬᠡ ᠴᠡᠷᠢᠭ ᠲᠡᠢ 10 ᠭᠠᠷᠤᠢ ᠤᠳᠠᠭ᠎ᠠ ᠰᠢᠷᠦᠭᠦᠨ ᠪᠠᠢᠯᠳᠤᠭᠠᠨ ᠶᠠᠪᠤᠭᠤᠯᠵᠤ ᠢᠯᠠᠯᠲᠠ ᠪᠠᠢᠭᠤᠯᠵᠠᠢ᠃ ᠭᠡᠪᠡᠴᠦ ᠬᠠᠭᠠᠨᠲᠤ ᠣᠷᠣᠰ᠂ ᠮᠣᠩᠭᠣᠯ᠂ ᠳᠤᠮᠳᠠᠳᠤ ᠢᠷᠭᠡᠨ ᠤᠯᠤᠰ ᠤ᠋ᠨ ᠬᠣᠭᠣᠷᠣᠨᠳᠣ ᠬᠡᠯᠡᠯᠴᠡᠭᠡᠷ ᠬᠢᠬᠦ ᠪᠣᠯᠤᠭᠰᠠᠨ ᠲᠤᠯᠠ ᠪᠣᠭᠳᠠ ᠬᠠᠭᠠᠨ ᠤ᠋ ᠵᠠᠷᠯᠢᠭ ᠢ᠋ᠶ᠋ᠠᠷ ᠶᠡᠬᠡ ᠴᠡᠷᠢᠭ ᠢ᠋ ᠭᠡᠳᠡᠷᠭᠦ ᠲᠠᠲᠠᠵᠤ᠂ ᠲᠡᠢᠨ ᠢ᠋ ᠵᠣᠭᠰᠣᠭᠠᠪᠠ᠃
    1914 ᠣᠨ ᠳ᠋ᠤ᠌ ᠬᠢᠶᠠᠭᠲᠤ ᠳ᠋ᠤ᠌ ᠭᠤᠷᠪᠠᠨ ᠤᠯᠤᠰ ᠤ᠋ᠨ ᠬᠡᠯᠡᠯᠴᠡᠭᠡᠷ ᠡᠬᠢᠯᠡᠬᠦ ᠳ᠋ᠦ᠍ ᠮᠣᠩᠭᠣᠯ ᠤ᠋ᠨ ᠲᠥᠯᠥᠭᠡᠯᠡᠭᠴᠢᠳ ᠦ᠋ᠨ ᠵᠥᠪᠯᠡᠬᠦ ᠪᠡᠷ  ᠳᠠᠮᠳᠢᠨᠰᠦ᠋ᠷᠦᠩ ᠠᠵᠢᠯᠯᠠᠵᠤ ᠪᠠᠢᠪᠠ᠃ ᠲᠡᠷᠡᠪᠡᠷ ᠬᠡᠯᠡᠯᠴᠡᠭᠡᠷ ᠦ᠋ᠨ ᠶᠠᠪᠤᠴᠠ ᠳ᠋ᠤ᠌ ᠠᠷᠤ᠂ ᠥᠪᠥᠷ ᠮᠣᠩᠭᠣᠯ᠂ ᠪᠠᠷᠭᠤ ᠶ᠋ᠢ ᠨᠢᠭᠡᠳᠬᠡᠭᠰᠡᠨ ᠨᠢᠭᠡᠳᠦᠭᠰᠡᠨ ᠮᠣᠩᠭᠣᠯ ᠤᠯᠤᠰ ᠪᠠᠢᠭᠤᠯᠬᠤ ᠪᠣᠳᠣᠯᠭ᠎ᠠ ᠶ᠋ᠢ ᠬᠠᠮᠠᠭᠠᠯᠠᠨ ᠲᠡᠮᠡᠴᠡᠵᠦ᠂ ᠮᠣᠩᠭᠣᠯᠴᠤᠳ ᠢ᠋ ᠰᠠᠯᠭᠠᠨ ᠪᠤᠲᠠᠷᠭᠠᠬᠤ ᠭᠡᠰᠡᠨ ᠣᠷᠣᠰ᠂ ᠬᠢᠲᠠᠳ ᠤ᠋ᠨ ᠪᠠᠢᠷᠢ ᠰᠠᠭᠤᠷᠢ ᠶ᠋ᠢ ᠲᠤᠤᠱᠲᠠᠢ ᠡᠰᠡᠷᠭᠦᠴᠡᠨ ᠰᠢᠭᠦᠮᠵᠢᠯᠡᠵᠦ ᠪᠠᠢᠪᠠ᠃ ᠡᠢᠮᠦ ᠤᠴᠢᠷ ᠠ᠋ᠴᠠ ᠣᠷᠣᠰ᠂ ᠬᠢᠲᠠᠳ ᠤ᠋ᠨ ᠲᠥᠯᠥᠭᠡᠯᠡᠭᠴᠢᠳ ᠮᠣᠩᠭᠣᠯ ᠤᠯᠤᠰ ᠲᠤ᠌ ᠳᠠᠷᠤᠯᠲᠠ ᠰᠢᠬᠠᠯᠲᠠ ᠦᠵᠡᠭᠦᠯᠦᠨ ᠮᠠᠩᠯᠠᠢ ᠪᠠᠭᠠᠲᠤᠷ ᠢ᠋ ᠮᠣᠩᠭᠣᠯ ᠤ᠋ᠨ ᠲᠥᠯᠥᠭᠡᠯᠡᠭᠴᠢᠳ ᠦ᠋ᠨ ᠪᠥᠷᠢᠯᠳᠦᠬᠡᠬᠦᠨ ᠡᠴᠡ ᠡᠷᠭᠢᠭᠦᠯᠦᠨ ᠲᠠᠲᠠᠵᠠᠢ᠃  ᠳᠠᠮᠳᠢᠨᠰᠦ᠋ᠷᠦᠩ ᠬᠢᠶᠠᠭᠲᠤ ᠶ᠋ᠢᠨ ᠬᠡᠯᠡᠯᠴᠡᠭᠡᠷ ᠦ᠋ᠨ ᠳᠠᠷᠠᠭ᠎ᠠ ᠬᠥᠯᠥᠨ ᠪᠤᠢᠷ ᠠ᠋ᠴᠠ ᠭᠡᠷ ᠪᠦᠯᠢ ᠪᠡᠨ ᠨᠡᠭᠦᠯᠭᠡᠨ ᠠᠪᠴᠢᠷᠠᠵᠤ᠂ ᠮᠣᠩᠭᠣᠯ ᠤᠯᠤᠰ ᠤ᠋ᠨ ᠲᠥᠷᠥ ᠳ᠋ᠦ᠍ ᠬᠦᠴᠦᠨ ᠵᠢᠳᠬᠦᠵᠦ᠂ ᠦᠨᠳᠦᠰᠦᠨ ᠦ᠌ ᠡᠷᠬᠡ ᠴᠢᠯᠥᠭᠡ᠂ ᠲᠤᠰᠠᠭᠠᠷ ᠲᠣᠭᠲᠠᠨᠢᠯ ᠤ᠋ᠨ ᠲᠥᠯᠥᠭᠡ ᠲᠡᠮᠡᠴᠡᠯ ᠢ᠋ᠶ᠋ᠡᠨ ᠦᠷᠭᠦᠯᠵᠢᠯᠡᠭᠦᠯᠵᠦ ᠪᠠᠢᠪᠠ᠃
ᠮᠠᠩᠯᠠᠢ ᠪᠠᠭᠠᠲᠤᠷ ᠳᠠᠮᠳᠢᠨᠰᠦ᠋ᠷᠦᠩ 1912᠂ 1913 ᠣᠨ ᠳ᠋ᠤ᠌ ᠤᠯᠤᠰ ᠣᠷᠣᠨ ᠤ᠋ ᠪᠠᠨ ᠨᠡᠢᠭᠡᠮ᠂ ᠡᠳ᠋ ᠦ᠋ᠨ ᠵᠠᠰᠠᠭ᠂ ᠬᠠᠤᠯᠢ ᠴᠠᠭᠠᠵᠠ᠂ ᠴᠡᠷᠢᠭ ᠦ᠋ᠨ ᠬᠦᠴᠦ ᠶ᠋ᠢ ᠰᠢᠨᠡᠳᠬᠡᠬᠦ᠂ ᠬᠥᠭᠵᠢᠭᠦᠯᠦᠨ ᠪᠡᠬᠢᠵᠢᠭᠦᠯᠬᠦ ᠲᠤᠬᠠᠢ ᠪᠣᠳᠣᠷᠠᠯ ᠪᠢᠴᠢᠭ ᠢ᠋ᠶ᠋ᠡᠨ ᠪᠣᠭᠳᠠ ᠬᠠᠭᠠᠨ ᠳ᠋ᠤ᠌ ᠡᠷᠭᠦᠨ ᠪᠠᠷᠢᠵᠠᠢ᠃ ᠲᠡᠷᠡᠪᠡᠷ ᠮᠣᠩᠭᠣᠯ ᠤ᠋ᠨ ᠲᠤᠰᠠᠭᠠᠷ ᠲᠣᠭᠲᠠᠨᠢᠯ ᠢ᠋ ᠳᠠᠬᠢᠨ ᠰᠡᠷᠭᠦᠭᠡᠬᠦ ᠬᠥᠳᠡᠯᠭᠡᠭᠡᠨ ᠳ᠋ᠦ᠍ ᠢᠳᠡᠪᠬᠢᠲᠡᠢ ᠣᠷᠣᠯᠴᠠᠵᠤ ᠪᠠᠢᠭᠰᠠᠨ ᠲᠤᠯᠠ 1920 ᠣᠨ ᠤ᠋ 9 ᠳ᠋ᠦ᠍ᠭᠡᠷ ᠰᠠᠷ᠎ᠠ ᠶ᠋ᠢᠨ 11 ᠳ᠋ᠦ᠍ ᠬᠢᠲᠠᠳ ᠴᠡᠷᠢᠭ ᠲᠦ᠍ ᠪᠠᠷᠢᠪᠴᠢᠯᠠᠭᠳᠠᠵᠤ᠂ ᠲᠠᠮᠤᠯᠠᠨ ᠵᠣᠪᠠᠭᠠᠭᠰᠠᠨ ᠤ᠋ ᠤᠯᠠᠮ ᠠ᠋ᠴᠠ 1921 ᠣᠨ ᠤ᠋ 1 ᠳ᠋ᠦ᠍ᠭᠡᠷ ᠰᠠᠷ᠎ᠠ ᠶ᠋ᠢᠨ 27 ᠳ᠋ᠤ᠌ ᠱᠣᠷᠣᠩ ᠳ᠋ᠤ᠌ ᠨᠠᠰᠤ ᠪᠠᠷᠠᠵᠠᠢ᠃