ᠲᠠᠯ᠎ᠠ ᠨᠤᠲᠤᠭ ᠲᠤ ᠲᠡᠷᠢᠭᠦᠯᠡᠬᠦ ᠶᠢᠨ ᠲᠥᠯᠦᠭᠡ ᠬᠢ ᠪᠤᠶᠤ ᠬᠦᠢᠲᠡᠨ ᠦ ᠲᠤᠯᠤᠯᠳᠤᠭᠠᠨТал нутагт тэргүүлэхийн төлөөх буюу Хүйтэний тулалдаан
ᠲᠠᠯ᠎ᠠ ᠨᠤᠲᠤᠭ ᠲᠤ ᠲᠡᠷᠢᠭᠦᠯᠡᠬᠦ ᠶᠢᠨ ᠲᠥᠯᠦᠭᠡ ᠬᠢ ᠪᠤᠶᠤ ᠬᠦᠢᠲᠡᠨ ᠦ ᠲᠤᠯᠤᠯᠳᠤᠭᠠᠨ
ᠮᠣᠩᠭᠣᠯᠴᠤᠳ ᠤ᠋ᠨ ᠲᠡᠦᠬᠡᠨ ᠲᠤᠯᠤᠯᠳᠤᠭᠠᠨ-ᠲᠠᠨ ᠤ᠋ ᠰᠣᠨᠣᠰᠬᠤ ᠰᠤᠪᠠᠭ ᠦᠵᠡᠭᠦᠯᠵᠦ ᠪᠠᠢᠨ᠎ᠠ
ᠢᠷᠡᠭᠡᠳᠦᠢ ᠶ᠋ᠢᠨ ᠶᠢᠷᠲᠢᠨᠴᠦ ᠶ᠋ᠢ ᠪᠠᠢᠯᠳᠤᠨ ᠳᠠᠭᠠᠭᠤᠯᠤᠭᠴᠢ ᠴᠢᠩᠭᠢᠰ ᠬᠠᠭᠠᠨ ᠬᠠᠷ᠎ᠠ ᠪᠠᠭ᠎ᠠ ᠨᠠᠰᠤᠨ ᠤ᠋ ᠪᠠᠨ ᠬᠠᠢᠷᠠᠲᠤ ᠡᠴᠢᠭᠡ ᠡᠴᠡ ᠪᠡᠨ ᠥᠨᠥᠴᠢᠷᠡᠨ ᠦᠯᠡᠳᠡᠵᠦ᠂ ᠥᠭᠡᠯᠦᠨ ᠡᠬᠡ ᠪᠣᠯᠤᠨ ᠳᠡᠭᠦᠦ ᠨᠠᠷ ᠤ᠋ᠨ ᠬᠠᠮᠲᠤ ᠭᠠᠴᠢᠭᠳᠠᠵᠤ ᠳᠤᠲᠠᠭᠳᠠᠬᠤ ᠶ᠋ᠢᠨ ᠵᠣᠪᠠᠯᠠᠩ ᠢ᠋ ᠬᠠᠨᠲᠠᠯ᠎ᠠ ᠠᠮᠰᠠᠭᠰᠠᠨ ᠴᠤ᠌ ᠡᠴᠢᠭᠡ ᠶ᠋ᠢᠨ ᠬᠠᠭᠤᠴᠢᠨ ᠠᠨᠳᠠ ᠸᠠᠩ ᠬᠠᠨ ᠲᠤᠭᠤᠷᠢᠯ ᠪᠣᠯᠤᠨ ᠪᠠᠭ᠎ᠠ ᠶ᠋ᠢᠨ ᠨᠥᠬᠥᠷ ᠵᠠᠮᠤᠬ᠎ᠠ ᠨᠠᠷ ᠤ᠋ᠨ ᠳᠡᠮᠵᠢᠯᠭᠡ ᠶ᠋ᠢ ᠠᠪᠴᠤ ᠳᠡᠭᠵᠢᠨ ᠳᠡᠭᠡᠭᠰᠢᠯᠡᠭᠰᠡᠭᠡᠷ ᠥᠪᠡᠷ ᠦ᠋ᠨ ᠵᠦᠢ ᠶᠣᠰᠣᠨ ᠤ᠋ ᠪᠠᠢᠷᠢ ᠰᠠᠭᠤᠷᠢ ᠶ᠋ᠢ ᠡᠵᠡᠯᠡᠵᠦ᠂ ᠬᠠᠮᠤᠭ ᠮᠣᠩᠭᠣᠯ ᠤ᠋ᠨ ᠬᠠᠭᠠᠨ ᠪᠣᠯᠵᠤ ᠴᠢᠳᠠᠭᠰᠠᠨ ᠶᠤᠮ᠃
ᠡᠨᠡ ᠵᠠᠮ ᠳ᠋ᠤ᠌ ᠲᠡᠷᠡ ᠪᠡᠷ ᠥᠪᠡᠷ ᠦ᠋ᠨ ᠦᠰᠲᠡᠨ ᠪᠣᠯᠤᠨ ᠳᠠᠢᠰᠤᠩᠨᠠᠭᠴᠢ ᠣᠯᠠᠨ ᠣᠪᠣᠭ ᠠᠢᠮᠠᠭ ᠤ᠋ᠳ ᠢ᠋ ᠲᠤᠰ ᠲᠤᠰ ᠲᠤ᠌ ᠨᠢ ᠳᠠᠷᠤᠨ ᠮᠣᠬᠣᠭᠠᠵᠠᠢ᠃ ᠭᠡᠲᠡᠯ᠎ᠡ ᠬᠠᠮᠤᠭ ᠮᠣᠩᠭᠣᠯ ᠤ᠋ᠨ ᠬᠠᠭᠠᠨ ᠲᠡᠮᠦᠵᠢᠨ ᠪᠣᠯᠤᠨ ᠬᠡᠷᠡᠢᠳ ᠦ᠋ᠨ ᠸᠠᠩ ᠬᠠᠨ ᠲᠣᠭᠣᠷᠢᠯ ᠨᠠᠷ ᠤ᠋ᠨ ᠬᠣᠯᠪᠣᠭᠠᠨ ᠤ᠋ ᠡᠮᠦᠨ᠎ᠡ ᠬᠦᠯᠢᠶᠡᠭᠰᠡᠨ ᠤᠳᠠᠭ᠎ᠠ ᠳᠠᠷᠠᠭ᠎ᠠ ᠶ᠋ᠢᠨ ᠢᠯᠠᠭᠳᠠᠯ ᠨᠢ ᠮᠣᠩᠭᠣᠯ ᠤ᠋ᠨ ᠵᠡᠭᠦᠨ ᠵᠦᠭ ᠦ᠋ᠨ ᠠᠢᠮᠠᠭ ᠤ᠋ᠳ ᠲᠤ᠌ ᠰᠡᠷᠡᠮᠵᠢᠯᠡᠭᠦᠯᠬᠦ ᠳᠣᠬᠢᠶ᠎ᠠ ᠪᠣᠯᠤᠭᠰᠠᠨ ᠤᠴᠢᠷ ᠬᠠᠮᠲᠤ ᠶ᠋ᠢᠨ ᠬᠤᠪᠢ ᠲᠠᠪᠢᠯᠠᠩ ᠨᠢ ᠲᠦᠷ ᠴᠦ᠍ ᠭᠡᠰᠡᠨ ᠨᠢᠭᠡᠳᠬᠦ ᠶᠠᠪᠤᠴᠠ ᠶ᠋ᠢ ᠲᠦᠷᠭᠡᠳᠬᠡᠪᠡ᠃
ᠲᠡᠷᠡ ᠤᠳᠠᠭ᠎ᠠ ᠳᠠᠷᠠᠭ᠎ᠠ ᠬᠦᠴᠦᠷᠬᠡᠭ ᠬᠣᠯᠪᠣᠭᠠᠨ ᠤ᠋ ᠡᠮᠦᠨ᠎ᠡ ᠳᠠᠩ ᠳᠠᠩ ᠢ᠋ᠶ᠋ᠠᠷ ᠢ᠋ᠶ᠋ᠠᠨ ᠢᠯᠠᠭᠳᠠᠯ ᠠᠮᠰᠠᠭᠰᠠᠨ ᠴᠤ᠌ ᠪᠤᠰᠤᠳ ᠢ᠋ ᠪᠠᠭᠤᠯᠭᠠᠨ ᠳᠣᠣᠷ᠎ᠠ ᠣᠷᠣᠬᠤ ᠶ᠋ᠢ ᠬᠦᠰᠡᠬᠦ ᠦᠭᠡᠢ ᠥᠪᠡᠷ ᠥᠪᠡᠷ ᠦ᠋ᠨ ᠳᠤᠷ᠎ᠠ ᠪᠠᠷ ᠵᠠᠰᠠᠭᠯᠠᠵᠤ ᠶᠠᠪᠤᠬᠤ ᠶ᠋ᠢ ᠢᠯᠡᠭᠦᠦ ᠳ᠋ᠦ᠍ ᠦᠵᠡᠵᠦ ᠪᠠᠢᠪᠠ᠃
1201 ᠣᠨ ᠳ᠋ᠤ᠌ ᠵᠡᠭᠦᠨ ᠵᠦᠭ ᠦ᠋ᠨ ᠪᠦᠬᠦ ᠠᠢᠮᠠᠭ ᠤ᠋ᠳ ᠡᠷᠭᠦᠨ᠎ᠡ ᠭᠣᠣᠯ᠂ ᠬᠠᠨ ᠭᠣᠣᠯ᠂ ᠲᠡᠯᠮᠡᠨ ᠭᠣᠣᠯ ᠤ᠋ᠨ ᠴᠢᠳᠬᠤᠯᠠᠩ ᠠᠭᠤᠯᠵᠠᠷ ᠭᠠᠵᠠᠷ ᠤᠯᠠᠭᠠᠨ ᠡᠷᠭᠢ ᠭᠡᠳᠡᠭ ᠭᠠᠵᠠᠷ ᠲᠤ᠌ ᠴᠢᠬᠤᠯᠠ ᠴᠢᠭᠤᠯᠭᠠᠨ ᠬᠢᠪᠡ᠃ ᠬᠠᠲᠠᠭᠢᠨ᠂ ᠰᠠᠯᠵᠢᠭᠤᠳ᠂ ᠵᠠᠳᠠᠷᠠᠨ᠂ ᠲᠠᠲ᠋ᠠᠷ᠂ ᠨᠠᠢ᠍ᠮᠠᠨ ᠵᠡᠷᠭᠡ ᠠᠷᠪᠠᠨ ᠬᠣᠶᠠᠷ ᠠᠢᠮᠠᠭ ᠤ᠋ᠨ ᠲᠣᠯᠣᠭᠠᠢᠯᠠᠭᠴᠢᠳ ᠴᠤᠭᠯᠠᠵᠤ᠂ ᠵᠠᠳᠠᠷᠠᠨ ᠠᠢᠮᠠᠭ ᠤ᠋ᠨ ᠵᠠᠮᠤᠬ᠎ᠠ ᠶ᠋ᠢ ᠬᠥᠷ ᠬᠠᠨ ᠳ᠋ᠤ᠌ ᠡᠷᠭᠦᠮᠵᠢᠯᠡᠬᠦ ᠪᠡᠷ ᠲᠣᠭᠲᠠᠵᠠᠢ᠃ ᠬᠥᠷ ᠬᠠᠨ ᠬᠡᠮᠡᠬᠦ ᠨᠢ ᠬᠠᠨ ᠨᠤᠭᠤᠳ ᠤ᠋ᠨ ᠢ᠋ᠶ᠋ᠠᠨ ᠪᠦᠭᠦᠳᠡ ᠶ᠋ᠢᠨ ᠬᠠᠭᠠᠨ ᠭᠡᠰᠡᠨ ᠤᠳᠬ᠎ᠠ ᠲᠠᠢ ᠶᠤᠮ᠃
ᠬᠠᠮᠲᠤᠷᠠᠨ ᠪᠠᠢᠯᠳᠤᠵᠤ ᠮᠥᠬᠥᠯ ᠡᠴᠡ ᠠᠪᠤᠷᠠᠭᠳᠠ ᠣᠷᠣᠰᠢᠨ ᠲᠣᠭᠲᠠᠨᠢᠬᠤ ᠶ᠋ᠢᠨ ᠲᠤᠯᠠᠳᠠ ᠴᠠᠭ ᠲᠤ᠌ ᠪᠠᠨ ᠴᠠᠯᠭᠢᠵᠤ ᠶᠠᠪᠤᠭ᠎ᠠ ᠸᠠᠩ ᠬᠠᠨ ᠲᠡᠮᠦᠵᠢᠨ ᠨᠠᠷ ᠤ᠋ᠨ ᠡᠰᠡᠷᠭᠦ ᠳᠠᠢᠯᠠᠷ᠎ᠠ ᠮᠣᠷᠳᠠᠬᠤ ᠰᠢᠢᠳᠪᠦᠷᠢ ᠭᠠᠷᠭᠠᠪᠠ᠃ ᠲᠡᠳᠡᠨᠡᠷ ᠠᠵᠢᠷᠭ᠎ᠠ ᠭᠡᠭᠦᠦ ᠶ᠋ᠢ ᠴᠠᠪᠴᠢᠨ ᠠᠯᠠᠭᠠᠳ᠂ ᠬᠥᠯ ᠢ᠋ᠶ᠋ᠡᠷ ᠡᠷᠭᠢ ᠢᠰᠬᠦᠯᠦᠨ ᠨᠤᠷᠠᠭᠠᠵᠤ᠂ ᠰᠡᠯᠡᠮ᠎ᠡ ᠪᠡᠷ ᠮᠣᠳᠣ ᠲᠠᠰᠤᠷ ᠴᠠᠪᠴᠢᠨ᠂ ᠡᠳᠡᠨ ᠲᠡᠢ ᠨᠠᠢᠷᠠᠮᠳᠠᠭᠰᠠᠨ ᠬᠡᠨ ᠪᠦᠬᠦᠨ ᠬᠡᠷᠪᠡ ᠡᠨᠡ ᠬᠤᠤᠪᠢᠯᠳᠤᠭᠠᠨ ᠢ᠋ ᠵᠠᠳᠠᠷᠠᠭᠤᠯᠪᠠᠯ ᠶᠠᠭ ᠡᠢᠮᠦ ᠨᠤᠷᠠᠭᠰᠠᠨ ᠰᠢᠷᠣᠢ ᠬᠢᠷᠭᠠᠭᠤᠯᠤᠭᠰᠠᠨ ᠮᠣᠳᠣ ᠰᠢᠭ᠋ ᠪᠣᠯᠤᠨ᠎ᠠ ᠭᠡᠵᠦ ᠲᠡᠭᠷᠢ ᠳ᠋ᠦ᠍ ᠰᠥᠬᠥᠷᠡᠨ ᠠᠨᠳᠠᠭᠠᠢᠯᠠᠪᠠ᠃ ᠡᠨᠡ ᠨᠢ ᠬᠣᠯᠪᠣᠭᠠᠨ ᠠ᠋ᠴᠠ ᠤᠷᠪᠠᠵᠤ ᠬᠥᠷᠪᠡᠬᠦ ᠶ᠋ᠢ ᠵᠢᠷᠦᠬᠡᠯᠡᠬᠦ ᠬᠥᠮᠦᠨ ᠪᠠᠢᠪᠠᠯ ᠢᠩᠭᠢᠨ᠎ᠡ ᠭᠡᠰᠡᠨ ᠠᠩᠬᠠᠷᠤᠯᠭᠠ ᠮᠠᠭᠠᠳ᠂ ᠲᠡᠢᠮᠦ ᠬᠥᠮᠦᠨ ᠭᠠᠷᠪᠠᠯ ᠴᠠᠭᠠᠰᠢᠳᠠ ᠪᠠᠨ ᠰᠠᠢᠨ ᠢ᠋ᠶ᠋ᠠᠨ ᠦᠵᠡᠬᠦ ᠦᠭᠡᠢ ᠭᠡᠰᠡᠨ ᠢ᠋ ᠪᠣᠯᠭᠣᠮᠵᠢᠯᠠᠭᠤᠯᠬᠤ ᠣᠷᠣᠯᠳᠣᠯᠭ᠎ᠠ ᠪᠠᠢᠪᠠ᠃
ᠲᠡᠭᠦᠨ ᠡᠴᠡ ᠬᠣᠢᠰᠢ ᠤᠳᠠᠭᠰᠠᠨ ᠦᠭᠡᠢ ᠪᠠᠷᠠᠭᠤᠨ ᠵᠦᠭ ᠲᠦ᠍ ᠨᠢᠭᠡᠳᠦᠭᠰᠡᠨ ᠴᠡᠷᠢᠭ ᠬᠥᠳᠡᠯᠭᠡᠵᠦ ᠲᠡᠮᠦᠵᠢᠨ ᠸᠠᠩ ᠬᠠᠨ ᠬᠣᠶᠠᠷ ᠢ᠋ ᠭᠡᠨᠡᠳᠡᠭᠦᠯᠦᠨ ᠳᠣᠪᠲᠣᠯᠬᠤ ᠪᠠᠷ ᠪᠡᠯᠡᠳᠬᠡᠪᠡ᠃
ᠡᠨᠡ ᠨᠢ ᠵᠠᠮᠤᠬ᠎ᠠ ᠲᠡᠷᠢᠭᠦᠲᠡᠢ ᠢᠵᠠᠭᠤᠷᠲᠠᠨ ᠤ᠋ ᠤᠯᠤᠰ ᠲᠥᠷᠥ ᠶ᠋ᠢᠨ ᠬᠣᠯᠪᠣᠭ᠎ᠠ ᠪᠠᠢᠭᠰᠠᠨ ᠬᠡᠳᠦᠢ ᠴᠦ᠍ ᠲᠡᠢᠮᠦ ᠪᠠᠲᠤ ᠪᠥᠬᠡ ᠪᠠᠢᠭᠰᠠᠨ ᠦᠭᠡᠢ᠃ ᠤᠴᠢᠷ ᠨᠢ ᠠᠢᠮᠠᠭ ᠤ᠋ᠳ ᠤ᠋ᠨ ᠢᠵᠠᠭᠤᠷᠲᠠᠨ ᠨᠠᠷ ᠨᠢᠭᠡᠨᠲᠡ ᠣᠯᠤᠭᠰᠠᠨ ᠤᠯᠤᠰ ᠲᠥᠷᠥ ᠡᠳ᠋ ᠦ᠋ᠨ ᠵᠠᠰᠠᠭ ᠤ᠋ᠨ ᠠᠰᠢᠭ ᠰᠣᠨᠢᠷᠬᠠᠯ ᠢ᠋ᠶ᠋ᠠᠨ ᠠᠯᠳᠠᠬᠤ ᠶ᠋ᠢ ᠬᠦᠰᠡᠬᠦ ᠦᠭᠡᠢ ᠪᠠᠢᠭᠰᠠᠨ ᠤᠴᠢᠷ ᠠ᠋ᠴᠠ ᠤᠯᠤᠰ ᠲᠥᠷᠥ ᠶ᠋ᠢᠨ ᠬᠠᠮᠲᠤ ᠶ᠋ᠢᠨ ᠵᠣᠷᠢᠯᠭ᠎ᠠ ᠨᠢ ᠬᠠᠩᠭᠠᠯᠲᠠ ᠦᠭᠡᠢ ᠳᠤᠲᠠᠭᠤ ᠳᠤᠯᠢᠮᠠᠭ ᠪᠠᠢᠪᠠ᠃
ᠲᠡᠳᠡ ᠪᠠᠰᠠ ᠲᠤᠰ ᠲᠤᠰ ᠤ᠋ᠨ ᠴᠡᠷᠢᠭ ᠢ᠋ ᠥᠭᠡᠷ᠎ᠡ ᠬᠥᠮᠦᠨ ᠢ᠋ᠶ᠋ᠡᠷ ᠤᠳᠤᠷᠢᠳᠤᠭᠤᠯᠵᠤ ᠬᠥᠳᠡᠯᠭᠡᠬᠦ ᠳᠤᠷ᠎ᠠ ᠦᠭᠡᠢ ᠪᠠᠢᠭᠰᠠᠨ ᠤᠴᠢᠷ ᠠ᠋ᠴᠠ ᠨᠢᠭᠡᠨ ᠵᠢᠭᠠᠪᠤᠷᠢ ᠶ᠋ᠢᠨ ᠳᠠᠭᠤ ᠪᠠᠢᠯᠳᠤᠬᠤ ᠨᠢᠭᠡᠳᠦᠮᠡᠯ ᠴᠡᠷᠢᠭ ᠦ᠋ᠨ ᠬᠦᠴᠦ ᠪᠦᠷᠢᠯᠳᠦᠭᠦᠯᠵᠦ ᠴᠢᠳᠠᠭ᠎ᠠ ᠦᠭᠡᠢ ᠪᠠᠢᠪᠠ᠃
ᠬᠠᠮᠲᠤᠷᠠᠭᠰᠠᠨ ᠴᠡᠷᠢᠭ ᠦ᠋ᠨ ᠬᠦᠴᠦ ᠭᠡᠳᠡᠭ ᠨᠢ᠄《 ᠭᠠᠢ ᠭᠠᠵᠠᠷ ᠳᠣᠣᠷ᠎ᠠ ᠠ᠋ᠴᠠ᠂ ᠭᠠᠬᠠᠢ ᠮᠣᠳᠣᠨ ᠳᠣᠲᠣᠷ᠎ᠠ ᠠ᠋ᠴᠠ》 ᠭᠠᠷᠤᠭᠰᠠᠨ ᠴᠠᠭ ᠲᠤ᠌ ᠲᠤᠯᠭᠠᠷᠠᠬᠤ ᠠᠶᠤᠯ ᠠ᠋ᠴᠠ ᠠᠪᠤᠷᠠᠭᠳᠠᠬᠤ ᠶ᠋ᠢᠨ ᠲᠤᠯᠠᠳᠠ᠂ ᠲᠡᠮᠦᠵᠢᠨ ᠸᠠᠩ ᠬᠠᠨ ᠤ᠋ ᠳᠣᠪᠲᠣᠯᠭᠠᠨ ᠳ᠋ᠤ᠌ ᠰᠥᠷᠬᠦ ᠴᠣᠬᠢᠯᠲᠠ ᠥᠭᠬᠦ ᠵᠣᠷᠢᠯᠭ᠎ᠠ ᠲᠠᠢ ᠳ᠋ᠤᠷ ᠵᠠᠭᠤᠷ᠎ᠠ ᠡᠮᠬᠢᠯᠡᠨ ᠪᠠᠢᠭᠤᠯᠤᠭᠳᠠᠭᠰᠠᠨ ᠪᠠᠢᠯ᠎ᠠ᠃
ᠵᠠᠮᠤᠬ᠎ᠠ ᠶ᠋ᠢᠨ ᠴᠡᠷᠢᠭ ᠬᠥᠳᠡᠯᠵᠦ ᠡᠬᠢᠯᠡᠮᠡᠭᠴᠡ ᠭᠣᠷᠯᠣᠰ ᠤ᠋ᠨ ᠬᠣᠷᠢᠲᠠᠢ ᠠᠮᠢ ᠨᠠᠰᠤ ᠪᠠᠨ ᠠᠯᠳᠠᠬᠤ ᠠᠶᠤᠯ ᠢ᠋ ᠰᠥᠷᠴᠦ ᠰᠥᠨᠢᠵᠢᠨ ᠳᠠᠪᠬᠢᠵᠤ᠂ ᠬᠡᠯᠡ ᠬᠦᠷᠭᠡᠭᠰᠡᠨ ᠡᠴᠡ ᠰᠡᠵᠢᠭ ᠠᠵᠢᠭ ᠦᠭᠡᠢ ᠪᠠᠢᠭᠰᠠᠨ ᠲᠡᠮᠦᠵᠢᠨ ᠢ᠋ ᠢᠯᠠᠭᠳᠠᠯ ᠠ᠋ᠴᠠ ᠵᠠᠢᠯᠠᠭᠤᠯᠵᠤ ᠴᠢᠳᠠᠪᠠ᠃ ᠲᠡᠮᠦᠵᠢᠨ ᠣᠳᠣ ᠶ᠋ᠢᠨ ᠬᠡᠨᠲᠡᠢ ᠠᠢᠮᠠᠭ ᠤ᠋ᠨ ᠴᠡᠩᠬᠡᠷ ᠦ᠋ᠨ ᠭᠣᠣᠯ ᠤ᠋ᠨ ᠡᠬᠢ ᠪᠡᠷ ᠨᠤᠲᠤᠭᠯᠠᠵᠤ ᠪᠠᠢᠬᠤ ᠳ᠋ᠤ᠌ ᠪᠠᠨ ᠳᠠᠢᠰᠤᠨ ᠤ᠋ ᠲᠠᠯ᠎ᠠ ᠠ᠋ᠴᠠ ᠢᠷᠡᠭᠰᠡᠨ ᠮᠡᠳᠡᠭᠡ ᠶ᠋ᠢ ᠠᠪᠤᠭᠠᠳ ᠲᠡᠷᠡ ᠰᠥᠨᠢ ᠳ᠋ᠦ᠍ ᠪᠡᠨ ᠸᠠᠩ ᠬᠠᠨ ᠳ᠋ᠤ᠌ ᠳᠣᠭᠣᠯᠭᠠᠪᠠ᠃ ᠬᠣᠶᠠᠷ ᠲᠠᠯ᠎ᠠ ᠴᠡᠷᠢᠭ ᠢ᠋ᠶ᠋ᠡᠨ ᠶᠠᠭᠠᠷᠠᠯᠲᠠᠢ ᠬᠣᠷᠢᠮᠳᠤᠯᠭᠤᠯᠵᠦ ᠬᠡᠷᠦᠯᠦᠨ ᠢ᠋ ᠳ᠋ᠡᠭᠡᠨ ᠤᠷᠤᠭᠤᠳᠠᠬᠤ ᠳ᠋ᠤ᠌ ᠪᠠᠨ ᠠᠰᠢᠭ ᠲᠠᠢ ᠭᠠᠵᠠᠷ ᠢ᠋ ᠡᠵᠡᠯᠡᠨ ᠪᠠᠢᠷᠢᠯᠠᠵᠤ᠂ ᠠᠯᠵᠢᠶᠠᠯ ᠶᠠᠳᠠᠷᠠᠭ᠎ᠠ ᠶ᠋ᠢ ᠵᠠᠮ ᠵᠠᠭᠤᠷ᠎ᠠ ᠳᠠᠢᠯᠠᠬᠤ ᠵᠡᠷᠭᠡ ᠪᠡᠷ ᠵᠠᠮᠤᠬ᠎ᠠ ᠶ᠋ᠢᠨ ᠤᠳᠤᠷᠢᠳᠤᠭᠰᠠᠨ ᠬᠠᠮᠲᠤᠷᠠᠭᠰᠠᠨ ᠴᠡᠷᠢᠭ ᠢ᠋ ᠲᠣᠰᠣᠨ ᠬᠦᠯᠢᠶᠡᠵᠦ ᠪᠠᠢᠪᠠ᠃
ᠬᠣᠯᠪᠣᠭᠠᠲᠠᠨ ᠨᠤᠭᠤᠳ ᠴᠡᠷᠢᠭ ᠦ᠋ᠨ ᠨᠠᠷᠢᠨ ᠲᠥᠯᠥᠪᠯᠡᠭᠡ ᠪᠠᠢᠷᠢᠰᠢᠯ ᠬᠢᠵᠦ᠂ ᠵᠢᠷᠭᠤᠭᠠᠨ ᠮᠠᠩᠯᠠᠢ᠂ ᠭᠤᠷᠪᠠᠨ ᠬᠠᠷᠠᠭᠤᠯ ᠲᠠᠯᠪᠢᠭᠰᠠᠨ ᠪᠥᠭᠡᠳ ᠬᠡᠷᠡᠢᠳ ᠣᠪᠣᠭ ᠤ᠋ᠨ ᠨᠡᠷ᠎ᠡ ᠲᠥᠷᠥ ᠲᠡᠢ ᠢᠵᠠᠭᠤᠷᠲᠠᠨ ᠠᠯᠲᠠᠨ᠂ ᠬᠣᠴᠢᠷ᠂ ᠳᠠᠷᠢᠳᠠᠢ᠂ ᠸᠠᠩ ᠬᠠᠨ ᠤ᠋ ᠬᠥᠪᠡᠭᠦᠨ ᠰᠡᠩᠭᠦᠨ᠂ ᠸᠠᠩ ᠬᠠᠨ ᠤ᠋ ᠳᠡᠭᠦᠦ ᠵᠠᠬ᠎ᠠ ᠬᠠᠮᠪᠤ ᠪᠣᠯᠤᠨ ᠪᠢᠯᠭᠡ ᠪᠡᠬᠢ ᠨᠠᠷ ᠢ᠋ᠶ᠋ᠠᠷ ᠮᠠᠩᠯᠠᠢ ᠠᠩᠭᠢ ᠶ᠋ᠢ ᠤᠳᠤᠷᠢᠳᠤᠭᠤᠯᠪᠠ᠃
ᠮᠠᠩᠯᠠᠢ ᠳ᠋ᠤ᠌ ᠶᠠᠪᠤᠭᠰᠠᠳ ᠤ᠋ᠨ ᠲᠡᠷᠢᠭᠦᠨ ᠳ᠋ᠦ᠍ ᠭᠤᠷᠪᠠᠨ ᠬᠠᠷᠠᠭᠤᠯ ᠲᠠᠯᠪᠢᠵᠠᠢ᠃ ᠢᠩᠭᠢᠭᠡᠳ ᠨᠢᠭᠡᠨ ᠦᠳᠡᠰᠢ ᠮᠠᠩᠯᠠᠢ ᠪᠣᠯᠵᠤ ᠶᠠᠪᠤᠭᠰᠠᠳ ᠤ᠋ᠨ ᠲᠦᠷᠦᠭᠦᠴᠢ ᠤᠳᠬᠢᠶᠠ ᠭᠡᠳᠡᠭ ᠭᠠᠵᠠᠷ ᠬᠦᠷᠬᠦ ᠦᠶ᠎ᠡ ᠳ᠋ᠦ᠍ ᠴᠢᠬᠤᠷᠭᠤ ᠳ᠋ᠤ᠌ ᠲᠠᠯᠪᠢᠭᠰᠠᠨ ᠬᠠᠷᠠᠭᠤᠯ ᠠ᠋ᠴᠠ ᠬᠥᠮᠦᠨ ᠳᠠᠪᠬᠢᠨ ᠢᠷᠡᠵᠦ ᠳᠠᠢᠰᠤᠨ ᠠᠢᠰᠤᠢ ᠭᠡᠵᠦ ᠮᠡᠳᠡᠭᠡᠯᠡᠵᠡᠢ᠃ ᠡᠢᠮᠦ ᠬᠣᠯᠪᠣᠭᠠᠲᠠᠨ ᠨᠤᠭᠤᠳ ᠳᠠᠢᠰᠤᠨ ᠢ᠋ ᠤᠭᠲᠤᠨ ᠪᠠᠢᠯᠳᠤᠬᠤ ᠪᠠᠷ ᠲᠡᠷᠡ ᠳᠠᠷᠤᠢ ᠬᠦᠷᠢᠶ᠎ᠡ ᠪᠡᠬᠢᠯᠡᠯᠲᠡ ᠪᠡᠨ ᠪᠠᠵᠠᠭᠠᠪᠠ᠃
ᠡᠬᠢᠯᠡᠭᠡᠳ ᠲᠡᠮᠦᠵᠢᠨ ᠸᠠᠩ ᠬᠠᠨ ᠤ᠋ ᠴᠡᠷᠢᠭ ᠲᠡᠢ ᠵᠠᠮᠤᠬ᠎ᠠ ᠶ᠋ᠢᠨ ᠳᠥᠷᠪᠡᠨ ᠮᠠᠩᠯᠠᠢ ᠴᠡᠷᠢᠭ ᠲᠤᠯᠭᠠᠷᠠᠭᠰᠠᠨ ᠪᠥᠭᠡᠳ ᠲᠠᠢᠴᠢᠭᠤᠳ ᠤ᠋ᠨ ᠠᠭᠤᠴᠤ ᠪᠠᠭᠠᠲᠤᠷ᠂ ᠨᠠᠢ᠍ᠮᠠᠨ ᠤ᠋ ᠪᠣᠢᠷᠤᠭ ᠬᠠᠨ᠂ ᠮᠡᠷᠭᠢᠳ ᠦ᠋ᠨ ᠲᠣᠭᠲᠤᠭ᠎ᠠ ᠪᠡᠬᠢ ᠶ᠋ᠢᠨ ᠬᠥᠪᠡᠭᠦᠨ ᠬᠣᠳᠣ᠂ ᠣᠢᠷᠠᠳ ᠤ᠋ᠨ ᠬᠤᠳᠤᠭ᠎ᠠ ᠪᠡᠬᠢ ᠨᠠᠷ ᠲᠡᠭᠦᠨ ᠢ᠋ ᠤᠳᠤᠷᠢᠳᠤᠨ ᠶᠠᠪᠤᠵᠠᠢ᠃
ᠲᠡᠮᠦᠵᠢᠨ ᠸᠠᠩ ᠬᠠᠨ ᠨᠠᠷ ᠤ᠋ᠨ ᠴᠡᠷᠢᠭ ᠪᠡᠯᠡᠳᠬᠡᠯ ᠰᠠᠢᠲᠠᠢ ᠶᠠᠪᠤᠭᠰᠠᠨ ᠤᠴᠢᠷ ᠵᠠᠮᠤᠬ᠎ᠠ ᠶ᠋ᠢᠨ ᠭᠡᠨᠡᠳᠡᠭᠦᠯᠵᠦ ᠳᠠᠭᠠᠷᠢᠬᠤ ᠠᠷᠭ᠎ᠠ ᠲᠠᠺᠲ᠋ᠢᠺ ᠨᠤᠷᠠᠨ ᠤᠨᠠᠵᠠᠢ᠃ ᠲᠡᠷᠡ ᠡᠳᠦᠷ ᠲᠡᠭᠷᠢ ᠬᠠᠷᠠᠩᠭᠤᠢ ᠪᠣᠯᠬᠤ ᠳ᠋ᠤ᠌ ᠲᠡᠮᠦᠵᠢᠨ ᠸᠠᠩ ᠬᠠᠨ ᠨᠠᠷ ᠪᠦᠬᠦ ᠮᠠᠩᠯᠠᠢ ᠴᠡᠷᠢᠭ ᠢ᠋ᠶ᠋ᠡᠨ ᠶᠡᠬᠡ ᠬᠤᠸᠠᠷᠠᠨ ᠳ᠋ᠤ᠌ ᠴᠤᠭᠯᠠᠷᠠᠬᠤ ᠶ᠋ᠢ ᠵᠠᠷᠯᠢᠭ
ᠪᠠᠭᠤᠯᠭᠠᠪᠠ᠃ ᠪᠦᠬᠦ ᠴᠡᠷᠢᠭ ᠨᠢᠭᠡ ᠬᠤᠸᠠᠷᠠᠨ ᠳ᠋ᠤ᠌ ᠨᠡᠢᠯᠡᠵᠦ ᠬᠣᠨᠣᠭᠰᠠᠨ ᠢ᠋ᠶ᠋ᠠᠷ ᠥᠪᠡᠷ ᠦ᠋ᠨ ᠴᠡᠷᠢᠭ ᠦ᠋ᠨ ᠬᠦᠴᠦ ᠶ᠋ᠢ ᠳᠡᠭᠡᠳᠦ ᠵᠡᠷᠭᠡ ᠪᠡᠷ ᠪᠥᠭᠡᠭᠡᠨᠡᠭᠦᠯᠦᠭᠡᠳ᠂ ᠳᠠᠢᠰᠤᠨ ᠲᠠᠢ ᠮᠠᠷᠭᠠᠰᠢ ᠪᠠᠢᠯᠳᠤᠬᠤ ᠪᠠᠷ ᠲᠣᠭᠲᠠᠪᠠ᠃
ᠳᠣᠷᠣᠨ᠎ᠠ ᠠ᠋ᠴᠠ ᠦᠷ ᠬᠡᠬᠡᠷᠡᠭᠡ ᠦᠭᠡᠢ ᠪᠠᠢᠬᠤ ᠳ᠋ᠤ᠌ ᠲᠡᠮᠦᠵᠢᠨ ᠸᠠᠩ ᠬᠠᠨ ᠨᠠᠷ ᠳᠠᠢᠰᠤᠨ ᠠ᠋ᠴᠠ ᠥᠷᠢᠰᠦᠨ ᠠᠰᠢᠭᠲᠠᠢ ᠪᠠᠢᠷᠢᠯᠠᠯ ᠡᠵᠡᠯᠡᠭᠡᠳ᠂ ᠵᠠᠮᠤᠬ᠎ᠠ ᠶ᠋ᠢᠨ ᠬᠠᠮᠲᠤᠷᠠᠭᠰᠠᠨ ᠴᠡᠷᠢᠭ ᠲᠡᠢ ᠬᠦᠢᠲᠡᠨ ᠭᠡᠳᠡᠭ ᠭᠠᠵᠠᠷ ᠲᠤᠯᠭᠠᠷᠠᠨ ᠪᠠᠢᠯᠳᠤᠪᠠ᠃ ᠡᠨᠡ ᠨᠢ ᠣᠳᠣ ᠶ᠋ᠢᠨ ᠬᠢᠲᠠᠳ ᠮᠣᠩᠭᠣᠯ ᠤ᠋ᠨ ᠬᠢᠯᠢ ᠳᠡᠭᠡᠷᠡᠬᠢ ᠬᠦᠢᠲᠡᠨ ᠠᠭᠤᠯᠠ ᠶ᠋ᠢᠨ ᠣᠷᠴᠢᠮ ᠪᠠᠢᠭᠰᠠᠨ ᠪᠥᠭᠡᠳ ᠲᠡᠮᠦᠵᠢᠨ ᠸᠠᠩ ᠬᠠᠨ ᠨᠠᠷ ᠠᠭᠤᠯᠠ ᠲᠦᠰᠢᠵᠦ ᠪᠡᠬᠢᠯᠡᠯᠲᠡ ᠪᠠᠷᠢᠭᠰᠠᠨ ᠲᠤᠯᠠ ᠬᠠᠮᠠᠭᠠᠯᠠᠬᠤ ᠳ᠋ᠤ᠌ ᠠᠮᠠᠷ᠂ ᠳᠣᠪᠲᠣᠯᠬᠤ ᠳ᠋ᠤ᠌ ᠬᠡᠴᠡᠭᠦᠦ ᠶ᠋ᠢᠨ ᠳᠡᠭᠡᠷ᠎ᠡ ᠬᠥᠮᠦᠨ ᠬᠦᠴᠦ ᠪᠡᠨ ᠪᠠᠭᠴᠠᠯᠠᠭᠠᠳ ᠠᠰᠢᠭᠲᠠᠢ ᠭᠠᠵᠠᠷ ᠢ᠋ ᠣᠯᠤᠭᠠᠳ ᠠᠪᠤᠭᠰᠠᠨ ᠪᠣᠯᠪᠴᠦ ᠲᠡᠷᠡ ᠡᠳᠦᠷ ᠬᠤᠪᠢᠰᠤᠨ ᠥᠭᠡᠷᠴᠢᠯᠡᠭᠳᠡᠵᠦ ᠪᠠᠢᠭᠰᠠᠨ ᠠᠭᠠᠰᠢ ᠨᠢ ᠣᠯᠳᠠᠬᠤ ᠦᠭᠡᠢ ᠲᠡᠭᠷᠢ ᠶ᠋ᠢᠨ ᠴᠢᠷᠠᠢ ᠶ᠋ᠢ ᠬᠠᠷᠠᠬᠤ ᠳ᠋ᠤ᠌ ᠬᠦᠷᠴᠡᠢ᠃ ᠵᠠᠮᠤᠬ᠎ᠠ ᠶ᠋ᠢᠨ ᠬᠠᠮᠲᠤᠷᠠᠭᠰᠠᠨ ᠴᠡᠷᠢᠭ ᠴᠦ᠍ ᠭᠡᠰᠡᠨ ᠲᠡᠭᠷᠢ ᠴᠠᠭ ᠠᠭᠠᠷ ᠶᠠᠭᠠᠬᠢᠳᠠᠭ ᠪᠣᠯ ᠭᠡᠵᠦ ᠰᠠᠨᠠᠭ᠎ᠠ ᠵᠣᠪᠠᠵᠤ ᠪᠠᠢᠪᠠ᠃ ᠡᠨᠡ ᠦᠶ᠎ᠡ ᠳ᠋ᠦ᠍ ᠨᠠᠢ᠍ᠮᠠᠨ ᠤ᠋ ᠪᠣᠢᠷᠤᠭ᠂ ᠣᠢᠷᠠᠳ ᠤ᠋ᠨ ᠬᠤᠲᠤᠭ᠎ᠠ ᠪᠡᠬᠢ ᠨᠠᠷ ᠥᠪᠡᠷᠰᠡᠳ ᠦ᠋ᠨ ᠢ᠋ᠶ᠋ᠡᠨ ᠵᠠᠳᠠ ᠶ᠋ᠢᠨ ᠠᠷᠭ᠎ᠠ ᠶ᠋ᠢ ᠮᠡᠳᠡᠬᠦ ᠢᠳᠡ ᠰᠢᠳᠢᠲᠡᠨ ᠭᠡᠳ ᠬᠤᠷ᠎ᠠ ᠣᠷᠣᠭᠤᠯᠵᠤ᠂ ᠰᠢᠭᠤᠷᠭ᠎ᠠ ᠲᠠᠯᠪᠢᠭᠤᠯᠬᠤ ᠪᠤᠶᠤ ᠪᠠᠢᠭᠠᠯᠢ ᠳᠡᠯᠡᠬᠡᠢ ᠲᠡᠢ ᠬᠠᠮᠵᠢᠨ ᠬᠣᠯᠪᠣᠭᠠᠲᠠᠨ ᠤ᠋ ᠴᠡᠷᠢᠭ ᠢ᠋ ᠪᠤᠲᠠ ᠴᠣᠬᠢᠬᠤ ᠠᠷᠭ᠎ᠠ ᠰᠠᠲᠤᠪᠠ᠃ ᠡᠨᠡ ᠵᠣᠷᠢᠯᠭ᠎ᠠ ᠪᠠᠷ ᠲᠡᠳᠡ ᠴᠡᠷᠡᠨ ᠳ᠋ᠦ᠍ ᠴᠡᠪᠡᠷ ᠤᠰᠤ ᠠᠪᠴᠢᠷᠠ ᠭᠡᠵᠦ ᠳᠣᠣᠷᠠᠲᠤ ᠬᠥᠮᠦᠰ ᠲᠦ᠍ ᠲᠤᠰᠢᠶᠠᠭᠠᠳ ᠳᠣᠲᠣᠷ᠎ᠠ ᠨᠢ ᠦᠬᠡᠷ ᠠᠳᠤᠭᠤᠨ ᠤ᠋ ᠭᠡᠳᠡᠰᠦᠨ ᠡᠴᠡ ᠠᠪᠤᠭᠰᠠᠨ ᠭᠡᠬᠦ ᠲᠠᠬᠢᠶᠠᠨ ᠤ᠋ ᠥᠨᠳᠡᠭᠡᠨ ᠦ᠌ ᠴᠢᠨᠡᠭᠡᠨ ᠬᠡᠳᠦᠨ ᠴᠢᠯᠠᠭᠤ ᠬᠢᠭᠡᠳ ᠲᠠᠷᠨᠢᠳᠠᠬᠤ ᠪᠣᠯᠵᠠᠢ᠃ ᠤᠯᠠᠮ ᠢ᠋ᠶ᠋ᠠᠷ ᠠᠮᠠᠨ ᠳ᠋ᠤ᠌ ᠪᠠᠨ ᠨᠣᠮ ᠤᠩᠰᠢᠨ ᠲᠡᠭᠷᠢ ᠡᠴᠡ ᠠᠭᠠᠳᠠᠷ ᠪᠣᠷᠣᠭᠠᠨ ᠣᠷᠣᠭᠤᠯᠵᠤ ᠳᠠᠢᠰᠤᠨ ᠢ᠋ ᠳᠣᠪᠲᠣᠯᠬᠤ ᠳ᠋ᠤ᠌ ᠲᠤᠰᠠᠯᠠᠭᠠᠴᠢ ᠭᠡᠵᠦ ᠱᠦᠩᠰᠢᠭᠯᠡᠪᠡ᠃ ᠬᠡᠯᠡᠬᠦ ᠳ᠋ᠦ᠍ ᠭᠠᠢᠬᠠᠮ᠎ᠠ ᠲᠣᠬᠢᠶᠠᠯᠳᠤᠯ ᠪᠣᠯᠵᠤ᠂ ᠲᠦᠳᠡᠯ ᠦᠭᠡᠢ ᠲᠡᠭᠷᠢ ᠬᠠᠷᠠᠩᠭᠤᠢᠯᠠᠨ ᠰᠢᠭᠤᠷᠭ᠎ᠠ ᠲᠠᠯᠪᠢᠵᠤ ᠪᠣᠷᠣᠭ᠎ᠠ ᠣᠷᠣᠬᠤ ᠨᠢ ᠲᠡᠷᠡ᠂ ᠲᠡᠭᠡᠲᠡᠯ᠎ᠡ ᠭᠣᠣᠯ ᠬᠡᠷᠡᠭ ᠨᠢ ᠲᠡᠳᠡᠨ ᠦ᠌ ᠰᠠᠨᠠᠭᠰᠠᠨ ᠢ᠋ᠶ᠋ᠠᠷ ᠪᠣᠯᠤᠭᠰᠠᠨ ᠦᠭᠡᠢ ᠪᠤᠷᠤᠭᠤ ᠪᠠᠷ ᠡᠷᠭᠢᠵᠦ᠂ ᠳᠣᠭᠰᠢᠨ ᠰᠠᠯᠬᠢ ᠰᠢᠷᠦᠭᠦᠨ ᠪᠣᠷᠣᠭ᠎ᠠ ᠬᠤᠢᠯᠠᠷᠠᠭᠤᠯᠤᠨ ᠵᠠᠮᠤᠬ᠎ᠠ ᠶ᠋ᠢᠨ ᠬᠠᠮᠲᠤᠷᠠᠭᠰᠠᠨ ᠴᠡᠷᠢᠭ ᠳᠡᠭᠡᠷ᠎ᠡ ᠪᠠᠭᠤᠯᠭᠠᠪᠠ᠃
ᠲᠡᠮᠦᠵᠢᠨ ᠸᠠᠩ ᠬᠠᠨ ᠤ᠋ ᠴᠡᠷᠢᠭ ᠰᠠᠯᠬᠢᠨ ᠤᠷᠤᠭᠤ ᠬᠠᠷᠪᠤᠬᠤ ᠳ᠋ᠤ᠌ ᠪᠦᠷ ᠬᠢᠯᠪᠠᠷ ᠳᠥᠭᠥᠮ ᠪᠣᠯᠵᠤ ᠲᠡᠭᠷᠢ ᠶ᠋ᠢᠨ ᠴᠠᠭ ᠲᠡᠮᠦᠵᠢᠨ ᠳ᠋ᠦ᠍ ᠠᠰᠢᠭᠲᠠᠢ ᠪᠠᠷ ᠥᠭᠡᠷᠡᠴᠢᠯᠡᠭᠳᠡᠪᠡ᠃ ᠰᠠᠯᠬᠢ ᠪᠣᠷᠣᠭ᠎ᠠ ᠰᠥᠷᠴᠦ ᠠᠭᠤᠯᠠ ᠥᠭᠡᠳᠡ ᠠᠪᠠᠷᠢᠬᠤ ᠵᠠᠮᠤᠬ᠎ᠠ ᠶ᠋ᠢᠨ ᠬᠠᠮᠲᠤᠷᠠᠭᠰᠠᠨ ᠴᠡᠷᠢᠭ ᠦ᠋ᠳ ᠪᠠᠯᠴᠢᠭ ᠲᠤ᠌ ᠭᠤᠯᠭᠤᠨ᠂ ᠵᠢᠯᠠᠭᠠᠨ ᠳ᠋ᠤ᠌ ᠤᠨᠠᠬᠤ ᠳ᠋ᠤ᠌ ᠲᠡᠳᠡᠨ ᠦ᠌ ᠳᠤᠮᠳᠠ ᠠ᠋ᠴᠠ ᠬᠥᠬᠡ ᠲᠩᠷᠢ ᠪᠢᠳᠡᠨ ᠢ᠋ ᠲᠠᠭᠠᠯᠠᠭᠰᠠᠨ ᠦᠭᠡᠢ᠂ ᠪᠢᠳᠡᠨ ᠳ᠋ᠦ᠍ ᠲᠡᠭᠷᠢ ᠶ᠋ᠢᠨ ᠬᠢᠯᠢᠩ ᠪᠣᠯᠪᠠ ᠭᠡᠵᠦ ᠤᠷᠢ ᠳᠠᠭᠤ ᠲᠠᠯᠪᠢᠬᠤ ᠳᠤᠭᠤᠯᠳᠠᠨ᠎ᠠ᠃
ᠲᠡᠭᠷᠢ ᠪᠤᠷᠬᠠᠨ ᠠ᠋ᠴᠠ ᠲᠤᠰᠠᠯᠠᠮᠵᠢ ᠭᠣᠷᠢᠯᠠᠭᠰᠠᠨ ᠬᠥᠮᠦᠰ ᠰᠢᠲᠦᠯᠭᠡ ᠪᠢᠰᠢᠷᠡᠯ ᠦ᠋ᠨ ᠢ᠋ᠶ᠋ᠡᠨ ᠭᠠᠢ ᠪᠠᠷᠴᠢᠳ ᠢ᠋ ᠠᠮᠰᠠᠵᠤ᠂ ᠤᠳᠠᠵᠤ ᠲᠦᠳᠡᠯ ᠦᠭᠡᠢ ᠴᠡᠷᠢᠭ ᠦ᠋ᠳ ᠨᠢ ᠴᠥᠮ ᠲᠠᠯ᠎ᠠ ᠲᠠᠯ᠎ᠠ ᠲᠡᠰᠢ ᠪᠤᠲᠠᠷᠠᠨ ᠳᠤᠲᠠᠭᠠᠵᠠᠢ᠃ ᠳᠦᠷ ᠵᠠᠭᠤᠷ᠎ᠠ ᠶ᠋ᠢᠨ ᠡᠰᠡᠬᠦᠯ᠎ᠡ ᠬᠣᠯᠪᠣᠭ᠎ᠠ ᠨᠢᠭᠡᠳᠦᠭᠰᠡᠨ ᠤᠳᠤᠷᠢᠳᠤᠯᠭ᠎ᠠ ᠪᠠᠷ ᠳᠤᠲᠠᠭᠳᠠᠵᠤ ᠬᠦᠴᠦ ᠪᠡᠨ ᠬᠠᠳᠠᠭᠠᠯᠠᠵᠤ ᠦᠯᠡᠳᠡᠬᠦ ᠶ᠋ᠢᠨ ᠲᠤᠯᠠᠳᠠ ᠬᠤᠪᠢ ᠪᠠᠨ ᠪᠣᠷᠣᠯᠠᠭᠤᠯᠵᠤ᠂ ᠳᠣᠪᠣ ᠪᠠᠨ ᠰᠢᠷᠠᠯᠠᠭᠤᠯᠬᠤ ᠭᠡᠭᠴᠢ ᠪᠣᠯᠪᠠ᠃
ᠡᠨᠡ ᠪᠣᠯ ᠠᠩᠬᠠᠨ ᠠ᠋ᠴᠠ ᠪᠠᠨ ᠵᠠᠮᠤᠬ᠎ᠠ ᠶ᠋ᠢᠨ ᠬᠠᠮᠲᠤᠷᠠᠭᠰᠠᠨ ᠴᠡᠷᠢᠭ ᠦ᠋ᠨ ᠠᠮᠢᠨ ᠳ᠋ᠤ᠌ ᠬᠦᠷᠬᠦ ᠰᠤᠯᠠ ᠲᠠᠯ᠎ᠠ ᠪᠠᠢᠪᠠ᠃ ᠳᠥᠩᠭᠡᠵᠢ ᠥᠴᠦᠬᠡᠨ ᠰᠠᠭᠠᠳ ᠲᠠᠢ ᠲᠤᠯᠭᠠᠷᠠᠮᠠᠭᠴᠠ ᠵᠠᠮᠤᠬ᠎ᠠ ᠶ᠋ᠢᠨ ᠳᠥᠷᠪᠡᠨ ᠮᠠᠩᠯᠠᠢ ᠴᠡᠷᠢᠭ ᠡᠢᠨ ᠬᠦ᠌ ᠳᠠᠭᠠᠷᠢᠵᠤ ᠳᠣᠪᠲᠣᠯᠬᠤ ᠴᠢᠳᠠᠪᠤᠷᠢ ᠪᠠᠨ ᠠᠯᠳᠠᠭᠰᠠᠨ ᠪᠠᠢᠨ᠎ᠠ᠃ ᠨᠠᠢ᠍ᠮᠠᠨ ᠤ᠋ ᠪᠣᠢᠷᠤᠭ ᠬᠠᠨ ᠲᠡᠮᠦᠵᠢᠨ ᠦ᠌ ᠮᠠᠩᠯᠠᠢ ᠠᠯᠲᠠᠨ ᠤ᠋ ᠤᠳᠤᠷᠢᠳᠤᠭᠰᠠᠨ ᠬᠠᠮᠠᠭᠠᠯᠠᠯᠲᠠ ᠶ᠋ᠢᠨ ᠱᠤᠭᠤᠮ ᠢ᠋ ᠰᠡᠲᠡᠯᠵᠦ ᠴᠢᠳᠠᠯ ᠦᠭᠡᠢ ᠮᠣᠷᠢᠨ ᠤ᠋ ᠪᠠᠨ ᠠᠮᠠ ᠶ᠋ᠢ ᠡᠷᠭᠢᠭᠦᠯᠵᠦ᠂ ᠠᠢᠮᠠᠭ ᠤ᠋ᠨ ᠢ᠋ᠶ᠋ᠠᠨ ᠴᠡᠷᠢᠭ ᠢ᠋ ᠳᠠᠭᠠᠭᠤᠯᠵᠤ ᠬᠣᠯᠠᠳᠠᠬᠤ ᠳ᠋ᠤ᠌ ᠪᠠᠨ ᠪᠦᠭᠦᠳᠡ ᠶ᠋ᠢ ᠶᠡᠷᠦᠩᠬᠡᠢᠯᠡᠨ ᠵᠠᠬᠢᠷᠬᠤ ᠶᠣᠰᠣᠲᠠᠢ ᠬᠥᠷ ᠬᠠᠨ ᠵᠠᠮᠤᠬ᠎ᠠ ᠳ᠋ᠤ᠌ ᠴᠤ᠌ ᠬᠡᠯᠡᠭᠰᠡᠨ ᠦᠭᠡᠢ᠂ ᠮᠥᠷᠥ ᠵᠡᠷᠭᠡᠴᠡᠨ ᠲᠤᠯᠤᠯᠳᠤᠵᠤ ᠶᠠᠪᠤᠭ᠎ᠠ ᠭᠤᠷᠪᠠᠨ ᠮᠠᠩᠯᠠᠢ ᠳᠠᠢᠴᠢᠳ ᠢ᠋ᠶ᠋ᠠᠨ ᠴᠤ᠌ ᠬᠠᠢᠬᠤᠷᠤᠭᠰᠠᠨ ᠦᠭᠡᠢ ᠪᠠᠷᠠᠭᠤᠨ ᠳᠠᠰᠢ ᠭᠡᠷ ᠦ᠋ᠨ ᠵᠦᠭ ᠲᠡᠷᠡ ᠴᠢᠭ ᠲᠦ᠍ ᠪᠡᠨ ᠳᠤᠲᠠᠭᠠᠵᠤ ᠣᠳᠪᠠ᠃ ᠵᠣᠷᠢᠭ ᠮᠣᠬᠣᠭᠰᠠᠨ ᠴᠡᠷᠢᠭ ᠢᠯᠠᠭᠳᠠᠬᠤ ᠲᠠᠪᠢᠯᠠᠩ ᠠ᠋ᠴᠠ ᠮᠤᠯᠲᠤᠷᠠᠭᠰᠠᠨ ᠦᠭᠡᠢ᠂ ᠲᠦᠷᠦᠭᠦᠦ ᠮᠠᠩᠯᠠᠢ ᠨᠢᠷᠭᠡᠭᠳᠡᠭᠰᠡᠨ ᠦ᠌ ᠤᠷᠰᠢᠭ ᠲᠡᠷᠡ ᠳᠣᠣᠷ᠎ᠠ ᠪᠠᠨ ᠪᠤᠰᠤᠳ ᠲᠤ᠌ ᠨᠥᠯᠥᠭᠡᠯᠡᠵᠦ᠂ ᠨᠥᠭᠥᠭᠡ ᠭᠤᠷᠪᠠᠨ ᠮᠠᠩᠯᠠᠢ ᠳᠠᠢᠳᠤᠬᠤ ᠠ᠋ᠴᠠ ᠬᠠᠯᠠᠰᠢᠷᠠᠪᠠ᠃ ᠮᠡᠷᠭᠢᠳ ᠦ᠋ᠨ ᠬᠣᠲᠣ ᠪᠠᠢᠳᠠᠯ ᠪᠢᠰᠢᠳᠡᠭᠰᠡᠨ ᠢ᠋ ᠬᠠᠷᠠᠭᠠᠳ ᠥᠪᠡᠷ ᠦ᠋ᠨ ᠠᠢᠮᠠᠭ ᠤ᠋ᠨ ᠬᠢᠨ ᠢ᠋ᠶ᠋ᠡᠨ ᠳᠠᠭᠤᠳᠠᠵᠤ ᠴᠤᠭᠯᠠᠭᠤᠯᠵᠤ ᠠᠷᠤ ᠳ᠋ᠤ᠌ ᠨᠢ ᠶᠠᠪᠤᠭᠰᠠᠨ ᠢ᠋ᠶ᠋ᠠᠨ ᠤᠷᠢᠳᠤ ᠨᠢ ᠭᠠᠷᠴᠤ ᠰᠡᠯᠡᠩᠭᠡ ᠤᠷᠤᠭᠤ ᠤᠬᠤᠷᠢᠪᠠ᠃
ᠣᠢᠷᠠᠳ ᠤ᠋ᠨ ᠬᠤᠳᠤᠭ᠎ᠠ ᠪᠡᠬᠢ ᠪᠤᠷᠬᠠᠨ ᠳ᠋ᠤ᠌ ᠢᠲᠡᠭᠡᠯ ᠠᠯᠳᠠᠷᠠᠵᠤ᠂ ᠮᠣᠷᠢᠨ ᠤ᠋ ᠳᠥᠷᠪᠡᠨ ᠬᠥᠯ ᠮᠡᠳᠡᠳᠡᠭ ᠦᠭᠡᠢ ᠭᠡᠰᠡᠨ ᠰᠢᠭ ᠲᠠᠰᠢᠭᠤᠷᠳᠠᠭᠰᠠᠭᠠᠷ ᠲᠡᠢᠨ ᠦ᠌ ᠲᠠᠯᠠᠪᠤᠷ ᠠ᠋ᠴᠠ ᠵᠠᠢᠯᠠᠵᠤ ᠤᠮᠠᠷᠠᠲᠤ ᠵᠦᠭ ᠦ᠋ᠨ ᠣᠢ ᠮᠣᠳᠣ ᠶ᠋ᠢ ᠪᠠᠷᠠᠳᠠᠬᠤ ᠪᠠᠷ ᠣᠮ ᠬᠣᠮ ᠦᠭᠡᠢ ᠵᠢᠭᠤᠲᠠᠵᠤ ᠰᠢᠰᠭᠢᠰ ᠢ᠋ ᠵᠣᠷᠢᠪᠠ᠃
ᠪᠠᠭᠠᠲᠤᠷ ᠴᠣᠯᠠ ᠲᠠᠢ ᠲᠠᠢᠴᠢᠭᠤᠳ ᠤ᠋ᠨ ᠠᠭᠤᠴᠤ ᠨᠡᠷ᠎ᠡ ᠬᠤᠭᠤᠷᠠᠬᠤ ᠴᠤ᠌ ᠶᠠᠭᠠᠬᠢᠮᠤᠢ ᠭᠡᠰᠡᠨ ᠰᠢᠭ ᠪᠤᠰᠤᠳ ᠢ᠋ ᠪᠡᠨ ᠳᠠᠭᠠᠭᠤᠯᠤᠨ ᠤᠨᠤᠨ ᠮᠥᠷᠡᠨ ᠳ᠋ᠡᠬᠢ ᠬᠦᠷᠢᠶ᠎ᠡ ᠭᠡᠷ ᠤᠷᠤᠭᠤ ᠪᠠᠨ ᠶᠠᠭᠠᠷᠠᠨ ᠰᠠᠨᠳᠤᠷᠤᠨ ᠬᠥᠳᠡᠯᠵᠡᠢ᠃ ᠢᠩᠭᠢᠭᠡᠳ ᠠᠷᠪᠠᠨ ᠬᠣᠶᠠᠷ ᠠᠢᠮᠠᠭ ᠤ᠋ᠨ ᠬᠣᠯᠪᠣᠭ᠎ᠠ ᠪᠤᠲᠠ ᠦᠰᠦᠷᠴᠡᠢ᠃
ᠬᠠᠮᠲᠤᠷᠠᠭᠰᠠᠨ ᠴᠡᠷᠢᠭ ᠦ᠋ᠨ ᠤᠳᠤᠷᠢᠳᠤᠭᠴᠢ ᠵᠠᠮᠤᠬ᠎ᠠ ᠪᠤᠰᠤᠳ ᠠ᠋ᠴᠠ ᠳᠡᠭᠡᠷᠡᠳᠡᠬᠦ ᠶᠠᠭᠤᠮ᠎ᠠ ᠦᠭᠡᠢ ᠪᠣᠯᠵᠤ᠂ ᠲᠡᠭᠦᠨ ᠢ᠋ ᠪᠦᠭᠦᠳᠡ ᠶ᠋ᠢᠨ ᠬᠠᠭᠠᠨ ᠭᠡᠳᠡᠭ ᠬᠥᠷ ᠬᠠᠨ ᠤ᠋ ᠨᠡᠷ᠎ᠡ ᠰᠦᠷ ᠡᠴᠡ ᠨᠢ ᠰᠢᠪᠬᠠᠷᠤᠤ ᠴᠤ᠌ ᠦᠯᠡᠳᠡᠭᠰᠡᠨ ᠦᠭᠡᠢ᠃ ᠮᠠᠩᠯᠠᠢ ᠴᠡᠷᠢᠭ ᠦ᠋ᠨ ᠢ᠋ᠶ᠋ᠡᠨ ᠰᠠᠷᠨᠢᠯ ᠢ᠋ ᠬᠠᠷᠠᠭᠰᠠᠭᠠᠷ ᠪᠠᠢᠵᠤ ᠪᠦᠬᠦ ᠴᠡᠷᠢᠭ ᠦ᠋ᠨ ᠢ᠋ᠶ᠋ᠡᠨ ᠰᠡᠳᠬᠢᠯ ᠢ᠋ ᠲᠠᠢᠳᠬᠠᠷᠠᠭᠤᠯᠵᠦ ᠡᠮᠬᠢ ᠴᠡᠭᠴᠡᠨ ᠳ᠋ᠦ᠍ ᠣᠷᠣᠭᠤᠯᠬᠤ ᠶᠣᠰᠣᠲᠠᠢ ᠪᠠᠢᠲᠠᠯ᠎ᠠ᠂ ᠥᠪᠡᠷ ᠢ᠋ ᠨᠢ ᠡᠷᠭᠦᠮᠵᠢᠯᠡᠭᠰᠡᠨ ᠢᠷᠭᠡᠳ ᠢ᠋ ᠵᠠᠮ ᠳ᠋ᠤ᠌ ᠪᠠᠨ ᠳᠡᠭᠡᠷᠡᠮᠳᠡᠨ ᠲᠡᠳᠡᠨ ᠦ᠌ ᠭᠡᠷ ᠮᠠᠢᠬᠠᠨ ᠢ᠋ ᠣᠩᠭᠢᠴᠢᠨ ᠬᠣᠭᠣᠰᠣᠯᠠᠭᠠᠳ ᠡᠷᠭᠦᠨ᠎ᠡ ᠭᠣᠣᠯ ᠢ᠋ ᠤᠷᠤᠭᠤᠳᠠᠨ ᠳᠣᠷᠣᠨ᠎ᠠ ᠵᠦᠭ ᠪᠤᠴᠠᠬᠤ ᠵᠠᠮ ᠢ᠋ᠶ᠋ᠠᠨ ᠬᠥᠭᠡᠭᠡᠵᠡᠢ᠃
ᠡᠨᠳᠡ ᠬᠠᠷᠢᠨ ᠨᠥᠬᠥᠴᠡᠯ ᠪᠠᠢᠳᠠᠯ ᠢ᠋ ᠠᠵᠢᠭᠯᠠᠵᠤ ᠲᠤᠯᠤᠯᠳᠤᠭᠠᠨ ᠳ᠋ᠤ᠌ ᠣᠷᠣᠭ᠎ᠠ ᠦᠭᠡᠢ ᠪᠠᠢᠭᠰᠠᠨ ᠬᠣᠩᠭᠢᠷᠠᠳ ᠠᠢᠮᠠᠭ ᠤ᠋ᠨ ᠬᠢᠨ ᠵᠠᠮᠤᠬ᠎ᠠ ᠶ᠋ᠢᠨ ᠲᠡᠷᠢᠭᠦᠯᠡᠭᠰᠡᠨ ᠡᠪᠰᠡᠯ ᠦ᠋ᠨ ᠬᠦᠴᠦ ᠢᠯᠠᠭᠳᠠᠮᠠᠭᠴᠠ ᠲᠡᠮᠦᠵᠢᠨ ᠲᠡᠢ ᠳᠠᠷᠤᠢ ᠣᠴᠢᠵᠤ ᠨᠡᠢᠯᠡᠨ ᠤᠯᠤᠰ ᠲᠤ᠌ ᠨᠢ ᠨᠢᠭᠡᠳᠦᠭᠰᠡᠨ ᠪᠠᠢᠨ᠎ᠠ᠃
ᠬᠦᠢᠲᠡᠨ ᠦ᠌ ᠪᠠᠢᠯᠳᠤᠭᠠᠨ ᠡᠢᠨ ᠬᠦ᠌ ᠳᠥᠩᠭᠡᠵᠢ ᠬᠠᠭᠠᠰ ᠡᠳᠦᠷ ᠦᠷᠭᠦᠯᠵᠢᠯᠡᠭᠰᠡᠨ ᠪᠠ ᠵᠡᠭᠡᠭᠡᠭᠰᠡᠨ ᠬᠦᠴᠦᠷᠬᠡᠭ ᠪᠠᠢᠮᠠᠷ ᠵᠠᠮᠤᠬ᠎ᠠ ᠶ᠋ᠢᠨ ᠬᠣᠯᠪᠣᠭ᠎ᠠ ᠡᠷᠴᠢ ᠨᠢ ᠵᠠᠳᠠᠷᠠᠭᠰᠠᠨ ᠳᠡᠭᠡᠰᠦ ᠮᠡᠲᠦ ᠨᠢᠭᠡᠮᠦᠰᠦᠨ ᠵᠠᠳᠠᠷᠠᠨ ᠤᠨᠠᠪᠠ᠃
ᠡᠨᠡ ᠴᠠᠭ ᠮᠥᠴᠡ ᠡᠴᠡ ᠡᠬᠢᠯᠡᠨ ᠮᠣᠩᠭᠣᠯ ᠤ᠋ᠨ ᠲᠠᠯ᠎ᠠ ᠨᠤᠲᠤᠭ ᠲᠤ᠌ ᠠᠩᠬᠠᠨ ᠤ᠋ ᠶᠡᠬᠡ ᠡᠷᠭᠢᠯᠲᠡ ᠭᠠᠷᠤᠭᠰᠠᠨ ᠪᠢᠯᠡ᠃ ᠡᠨᠡ ᠪᠣᠯ ᠮᠣᠩᠭᠣᠯ ᠤ᠋ᠨ ᠲᠠᠯ᠎ᠠ ᠨᠤᠲᠤᠭ ᠲᠤ᠌ ᠡᠪ ᠨᠢᠭᠡᠳᠦᠯ ᠳᠡᠢᠯᠬᠦ ᠦᠦ? ᠡᠰᠡᠬᠦᠯ᠎ᠡ ᠪᠦᠭᠦᠳᠡᠭᠡᠷ ᠢ᠋ᠶ᠋ᠡᠨ ᠳᠠᠷᠬᠠᠢ ᠪᠤᠲᠠᠷᠬᠠᠢ ᠭᠡᠪᠡ ᠪᠡᠷ ᠪᠠᠢᠬᠤ ᠤᠤ ᠭᠡᠳᠡᠭ ᠢ᠋ ᠰᠢᠢᠳᠬᠦ ᠭᠣᠣᠯ ᠲᠤᠯᠤᠯᠳᠤᠭᠠᠨ ᠪᠠᠢᠪᠠ᠃
ᠬᠡᠷᠪᠡ ᠬᠣᠯᠪᠣᠭᠠᠲᠠᠨ ᠤ᠋ ᠲᠠᠯ᠎ᠠ ᠢᠯᠠᠭᠳᠠᠭᠰᠠᠨ ᠪᠣᠯ ᠪᠤᠰᠤᠳ ᠢ᠋ ᠥᠪᠡᠷ ᠲᠦ᠍ ᠪᠡᠨ ᠨᠢᠭᠡᠳᠬᠡᠨ ᠲᠠᠲᠠᠬᠤ ᠲᠥᠪᠯᠡᠷᠡᠭᠰᠡᠨ ᠬᠦᠴᠦ ᠠᠯᠭ᠎ᠠ ᠪᠣᠯᠵᠤ᠂ ᠲᠥᠪ ᠠᠽᠢᠶ᠎ᠠ ᠶ᠋ᠢᠨ ᠨᠡᠭᠦᠳᠡᠯᠴᠢᠳ ᠤᠷᠢᠳᠤ ᠶ᠋ᠢᠨ ᠪᠠᠢᠬᠤ ᠪᠠᠢᠳᠠᠯ ᠢ᠋ᠶ᠋ᠠᠷ ᠢ᠋ᠶ᠋ᠠᠨ ᠦᠯᠡᠳᠡᠬᠦ ᠪᠠᠢᠪᠠ᠃ ᠬᠠᠷᠢᠨ ᠵᠠᠮᠤᠬ᠎ᠠ ᠶ᠋ᠢᠨ ᠡᠪᠰᠡᠯ ᠦ᠋ᠨ ᠬᠢᠨ ᠲᠡᠢ ᠬᠢᠭᠰᠡᠨ ᠲᠤᠯᠤᠯᠳᠤᠭᠠᠨ ᠨᠢ ᠲᠡᠮᠦᠵᠢᠨ ᠸᠠᠩ ᠬᠠᠨ ᠬᠣᠶᠠᠷ ᠤ᠋ᠨ ᠡᠭᠡᠯᠵᠢᠲᠦ ᠢᠯᠠᠯᠲᠠ ᠪᠠᠷ ᠡᠢᠨ ᠬᠦ᠌ ᠥᠨᠳᠥᠷᠯᠡᠭᠰᠡᠨ ᠪᠣᠯᠪᠠᠴᠤ ᠨᠥᠭᠥᠭᠡ ᠲᠠᠯ᠎ᠠ ᠪᠠᠷ ᠲᠡᠳᠡᠨ ᠦ᠌ ᠬᠠᠭᠠᠴᠠᠨ ᠰᠠᠯᠬᠤ ᠶᠠᠪᠤᠳᠠᠯ ᠢ᠋ ᠲᠦᠷᠭᠡᠳᠬᠡᠵᠡᠢ᠃ ᠤᠴᠢᠷ ᠨᠢ ᠵᠠᠮᠤᠬ᠎ᠠ ᠢᠯᠠᠭᠳᠠᠭᠰᠠᠨ ᠤ᠋ ᠪᠠᠨ ᠳᠠᠷᠠᠭ᠎ᠠ ᠸᠠᠩ ᠬᠠᠨ ᠲᠠᠢ ᠰᠦᠯᠪᠡᠯᠳᠦᠬᠦ ᠪᠣᠯᠤᠭᠰᠠᠨ ᠪᠥᠭᠡᠳ ᠲᠡᠷᠡ ᠲᠣᠰᠤᠮ ᠢ᠋ᠶ᠋ᠠᠨ ᠲᠡᠮᠦᠵᠢᠨ ᠢ᠋ ᠲᠤᠤᠱᠲᠠᠢ ᠦᠵᠡᠨ ᠶᠠᠳᠠᠭᠴᠢ ᠰᠡᠩᠭᠦᠨ ᠲᠡᠢ ᠳᠣᠲᠣᠨᠣ ᠬᠠᠷᠢᠯᠴᠠᠭ᠎ᠠ ᠲᠠᠢ ᠪᠣᠯᠤᠭᠰᠠᠨ ᠪᠠᠢᠨ᠎ᠠ᠃
ᠦᠰᠦᠭ ᠠᠮᠢᠯᠠᠭᠤᠯᠤᠭᠴᠢ᠄
ᠳ᠋ᠠᠰᠢᠨᠢᠮ᠎ᠠ ᠦᠰᠦᠭ ᠬᠠᠲᠠᠭᠴᠢ᠄ ᠳ᠋ᠠᠰᠨᠢᠮᠠ
ᠦᠰᠦᠭ ᠬᠢᠨᠠᠭᠴᠢ᠄ᠨᠤᠮᠤᠴᠢᠨ ᠪᠢᠯᠢᠭ᠂ ᠠ· ᠰᠠᠷᠠᠩᠭᠡᠷᠡᠯ᠂ ᠢᠷᠡᠭᠡᠳᠦᠢ
