ᠮᠢᠨᠦ ᠮᠣᠩᠭᠣᠯ ᠤ᠋ᠨ ᠥᠨᠥᠳᠥᠷ ᠪᠤᠶᠤ ᠮᠠᠷᠭᠠᠰᠢ- ᠡᠪᠦᠭᠡᠨ ᠰᠢᠪᠠᠭᠤМиний монголын өнөөдөр буюу маргааш-өвгөн шувуу ᠰᠢᠯᠦᠭ ᠢᠷᠠᠭᠤ ᠨᠠᠢᠷᠠᠭ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠮᠢᠨᠦ ᠮᠣᠩᠭᠣᠯ ᠤ᠋ᠨ ᠥᠨᠥᠳᠥᠷ ᠪᠤᠶᠤ ᠮᠠᠷᠭᠠᠰᠢ- ᠡᠪᠦᠭᠡᠨ ᠰᠢᠪᠠᠭᠤМиний монголын өнөөдөр буюу маргааш-өвгөн шувуу

ᠮᠢᠨᠦ ᠮᠣᠩᠭᠣᠯ ᠤ᠋ᠨ ᠥᠨᠥᠳᠥᠷ ᠪᠤᠶᠤ ᠮᠠᠷᠭᠠᠰᠢ- ᠡᠪᠦᠭᠡᠨ ᠰᠢᠪᠠᠭᠤМиний монголын өнөөдөр буюу маргааш-өвгөн шувуу

2023-08-13

295

ᠮᠢᠨᠦ ᠮᠣᠩᠭᠣᠯ ᠤ᠋ᠨ ᠥᠨᠥᠳᠥᠷ ᠪᠤᠶᠤ ᠮᠠᠷᠭᠠᠰᠢ

                ᠡᠪᠦᠭᠡᠨ ᠰᠢᠪᠠᠭᠤ
ᠬᠠᠷᠠᠭᠳᠠᠵᠤ ᠪᠠᠢᠭ᠎ᠠ ᠠᠭᠤᠯᠠ᠂ ᠡᠭᠦᠯᠡ᠂ ᠤᠷᠭᠤᠮᠠᠯ᠁ 
ᠰᠠᠨᠠᠭᠳᠠᠵᠤ ᠪᠠᠢᠭ᠎ᠠ ᠡᠷᠬᠡ ᠴᠢᠯᠥᠭᠡ᠂ ᠡᠷᠭᠢᠴᠡᠭᠦᠯᠦᠯ᠂ ᠡᠨᠳᠡᠭᠦᠷᠡᠯ᠁ 
ᠬᠠᠷᠭᠤᠵᠤ ᠪᠠᠢᠭ᠎ᠠ ᠬᠠᠭᠤᠷᠮᠠᠭ᠂ ᠬᠣᠭᠣᠰᠣᠷᠠᠯ᠂ ᠥᠷᠢᠰᠥᠯᠳᠦᠭᠡᠨ᠁ 
ᠤᠰᠠᠳᠴᠤ ᠪᠠᠢᠭ᠎ᠠ ᠦᠭᠡ ᠬᠡᠯᠡ᠂ ᠦᠰᠦᠭ ᠪᠢᠴᠢᠭ᠂ ᠦᠨᠳᠦᠰᠦ᠁ 
ᠳᠤᠷᠠᠰᠤᠭᠳᠠᠵᠤ ᠪᠠᠢᠭ᠎ᠠ ᠴᠡᠴᠡᠭ᠂ ᠡᠷᠪᠡᠬᠡᠢ᠂ ᠪᠠᠯ᠁ 
ᠤᠷᠤᠰᠴᠤ ᠪᠠᠢᠭ᠎ᠠ ᠣᠨ ᠵᠢᠯ᠂ ᠥᠩᠭᠡ ᠮᠥᠩᠭᠥ᠂ ᠤᠰᠠᠳᠬᠠᠯ᠁ 
ᠰᠣᠨᠢᠷᠬᠠᠵᠤ ᠪᠠᠢᠭ᠎ᠠ ᠨᠠᠢᠷ ᠨᠠᠭᠠᠳᠤᠮ᠂ ᠰᠣᠯᠢᠶᠠᠷᠠᠯ᠂ ᠰᠣᠭᠲᠣᠭᠤᠷᠠᠯ᠁ 
ᠮᠡᠳᠡᠷᠡᠭᠳᠡᠵᠦ ᠪᠠᠢᠭ᠎ᠠ ᠬᠣᠯᠢᠮᠠᠭ ᠬᠡᠯᠡ᠂ ᠬᠠᠢᠯᠬᠤ ᠬᠠᠭᠠᠴᠠᠬᠤ᠂ ᠳᠣᠷᠣᠢᠲᠠᠯ᠁ 
ᠠᠯᠳᠠᠭᠳᠠᠵᠤ ᠪᠠᠢᠭ᠎ᠠ ᠨᠤᠲᠤᠭ ᠤᠰᠤ᠂ ᠵᠠᠩ ᠰᠣᠶᠣᠯ᠂ ᠶᠣᠰᠣ ᠤᠴᠢᠷ᠁
ᠳᠠᠭᠤᠯᠠᠵᠤ ᠪᠠᠢᠭ᠎ᠠ ᠴᠢᠩᠭᠢᠰ ᠬᠠᠭᠠᠨ᠂ ᠮᠢᠨᠦ ᠮᠣᠩᠭᠣᠯ᠂ ᠡᠬᠡ ᠣᠷᠣᠨ᠁
ᠬᠠᠰᠬᠢᠷᠴᠤ ᠪᠠᠢᠭ᠎ᠠ ᠠᠷᠪᠠᠨ ᠭᠤᠷᠪᠠᠳᠤᠭᠠᠷ ᠵᠠᠭᠤᠨ᠂ ᠪᠢ ᠮᠣᠩᠭᠣᠯ᠂ ᠠᠷᠢᠬᠢ᠁
ᠬᠠᠯᠠᠭᠤᠴᠠᠵᠤ ᠪᠠᠢᠭ᠎ᠠ ᠬᠡᠲᠦᠷᠬᠡᠢ ᠮᠠᠭᠲᠠᠭᠠᠯ᠂ ᠬᠡᠢᠷᠬᠡᠯ ᠳᠣᠭᠳᠣᠯᠤᠯ᠂ ᠮᠥᠬᠥᠯᠢᠭ ᠵᠢᠷᠭᠠᠯ᠁
ᠭᠠᠩᠰᠠᠷᠠᠵᠤ ᠪᠠᠢᠭ᠎ᠠ ᠰᠡᠳᠬᠢᠯ ᠦ᠋ᠨ ᠲᠠᠮᠤ᠂ ᠰᠡᠷᠢᠬᠦ ᠦᠭᠡᠢ ᠨᠣᠢᠷ᠂ ᠦᠭᠡ ᠦᠭᠡᠢ ᠭᠤᠨᠢᠭ᠁
ᠣᠷᠣᠰᠢᠵᠤ ᠪᠠᠢᠭ᠎ᠠ ᠠᠲᠠᠭ᠎ᠠ ᠵᠢᠲᠥᠭᠡ᠂ ᠵᠡᠭᠦᠨ ᠪᠠᠷᠠᠭᠤᠨ᠂ ᠥᠭᠡᠳᠡ ᠦᠭᠡᠢ ᠤᠬᠠᠮᠰᠠᠷ᠁
ᠳᠡᠩᠳᠡᠵᠦ ᠪᠠᠢᠭ᠎ᠠ ᠮᠤᠬᠤᠷ ᠪᠢᠰᠢᠷᠡᠯ᠂ ᠡᠷᠬᠡᠯᠡᠵᠦ ᠥᠰᠬᠦ᠂
ᠠᠮᠤᠷ ᠵᠢᠮᠤᠷ᠁
                2023.8.7
ᠦᠰᠦᠭ ᠠᠮᠢᠯᠠᠭᠤᠯᠤᠭᠴᠢ᠄ ᠣᠳᠬᠠᠨᠰᠣ᠎ᠠ