ᠬᠦᠭᠡᠷᠤᠬᠦᠨ ᠮᠠᠰᠢᠨ ᠲᠡᠷᠭᠡ ( ᠬᠡᠯᠡ ᠪᠢᠴᠢᠭ – ᠳᠣᠯᠣᠳᠤᠭᠠᠷ ᠳᠡᠪᠲᠡᠷ)Хөөрхөн машин тэрэг( Хэл бичиг – Долдугар дэвтэр)
ᠬᠦᠭᠡᠷᠤᠬᠦᠨ ᠮᠠᠰᠢᠨ ᠲᠡᠷᠭᠡ
ᠬᠣᠷᠭᠣ ᠳ᠋ᠤ᠌ ᠬᠠᠳᠠᠭᠠᠯᠠᠵᠤ ᠪᠠᠢᠭ᠎ᠠ ᠬᠥᠭᠡᠷᠦᠬᠦᠨ ᠮᠠᠰᠢᠨ ᠲᠡᠷᠭᠡ ᠶ᠋ᠢ ᠬᠠᠷᠠᠬᠤ ᠲᠠᠢ ᠵᠡᠷᠭᠡ ᠮᠠᠨᠳᠠ ᠮᠢᠨᠢ ᠰᠠᠨᠠᠭᠳᠠᠳᠠᠭ ᠪᠢᠯᠡ᠃
ᠮᠠᠨᠳᠠ ᠪᠢᠳᠡ ᠬᠣᠶᠠᠷ ᠨᠢᠭᠡᠳᠦᠭᠡᠷ ᠣᠨ ᠠ᠋ᠴᠠ ᠪᠠᠨ ᠡᠬᠢᠯᠡᠭᠡᠳ ᠨᠢᠭᠡ ᠠᠩᠭᠢ ᠳ᠋ᠤ᠌ ᠰᠤᠷᠤᠯᠴᠠᠳᠠᠭ ᠪᠠᠢᠯ᠎ᠠ᠃ ᠮᠠᠨ ᠤ᠋ ᠬᠣᠶᠠᠷ ᠠᠢᠯ ᠰᠠᠭᠠᠬᠠᠯᠲᠠ ᠰᠠᠭᠤᠳᠠᠭ᠃ ᠪᠢᠳᠡ ᠬᠣᠶᠠᠭᠤᠯᠠ ᠶᠣᠰᠣᠲᠠᠢ ᠤᠨᠠᠭᠠᠨ ᠬᠣᠯᠪᠣᠭ᠎ᠠ ᠲᠠᠢ ᠶᠤᠮ ᠰᠢᠭ᠋ ᠶᠠᠪᠤᠪᠠᠴᠤ ᠴᠣᠭ᠂ ᠢᠷᠡᠪᠡᠴᠦ ᠴᠣᠭ᠂ ᠳᠠᠪᠲᠠᠪᠠᠴᠤ ᠴᠣᠭ᠂ ᠨᠠᠭᠠᠳᠪᠠᠴᠤ ᠴᠣᠭ ᠪᠠᠢᠭᠰᠠᠨ ᠶᠤᠮ᠃ ᠲᠡᠭᠡᠭᠡᠳ ᠳᠥᠷᠪᠡᠳᠦᠭᠡᠷ ᠣᠨ ᠬᠦᠷᠲᠡᠯ᠎ᠡ ᠣᠭᠣᠨᠣ ᠶ᠋ᠢᠨ ᠬᠣᠶᠠᠷ ᠡᠪᠡᠷ ᠰᠢᠭ ᠰᠠᠯᠤᠰᠢ ᠦᠭᠡᠢ ᠶᠠᠪᠤᠵᠤ ᠢᠵᠢᠯᠢᠳᠦᠨ ᠳᠠᠰᠤᠭᠰᠠᠨ ᠨᠠᠢᠵᠠ ᠪᠣᠯᠤᠭᠰᠠᠨ ᠶᠤᠮ᠃
ᠨᠢᠭᠡᠨ ᠡᠳᠦᠷ ᠲᠤᠩ ᠡᠪ ᠦᠭᠡᠢ ᠬᠡᠷᠡᠭ ᠭᠠᠷᠴᠤ ᠪᠢᠳᠡ ᠬᠣᠶᠠᠷ ᠮᠠᠭᠤᠳᠠᠯᠴᠠᠯᠠ᠃ ᠬᠢᠴᠢᠶᠡᠯ ᠢᠶᠠᠨ ᠳᠠᠪᠲᠠᠵᠤ ᠪᠠᠷᠠᠭᠠᠳ ᠪᠢᠳᠡ ᠥᠪᠡᠷᠰᠡᠳ ᠢᠶᠡᠨ ᠬᠢᠭᠰᠡᠨ ᠪᠢᠴᠢᠬᠠᠨ ᠮᠠᠰᠢᠨ ᠲᠡᠷᠭᠡ ᠪᠡᠨ ᠭᠠᠷᠭᠠᠵᠤ ᠨᠠᠭᠠᠳᠴᠠᠭᠠᠪᠠ᠃ ᠮᠠᠨᠳᠠ ᠮᠠᠰᠢᠨ ᠲᠡᠷᠭᠡ ᠶ᠋ᠢᠨ ᠢᠶᠡᠨ ᠴᠣᠩᠬᠣᠨ ᠳ᠋ᠤᠨᠢ ᠴᠥᠮ ᠰᠢᠯ ᠲᠠᠭᠠᠷᠠᠭᠤᠯᠵᠤ ᠮᠠᠰᠢ ᠨᠠᠷᠢᠯᠢᠭ᠋ ᠭᠣᠶᠣᠯᠠᠵᠤ ᠬᠢᠵᠡᠢ᠃ ᠪᠢ ᠲᠡᠭᠦᠨ ᠢ᠋ ᠨᠢ ᠱᠣᠬᠣᠭᠣᠷᠬᠠᠵᠤ ᠪᠠᠢᠭᠠᠳ ᠠᠯᠳᠠᠵᠤ ᠰᠢᠯ ᠢ᠋ ᠨᠢ ᠬᠠᠭᠠᠯᠴᠢᠬᠠᠪᠠ᠃ ᠮᠠᠨᠳᠠ ᠮᠢᠨᠢ ᠪᠠᠴᠢᠮᠳᠠᠨ ᠤᠬᠢᠯᠠᠵᠤ ᠂ ᠲᠥᠯᠥᠵᠦ ᠥᠭ ᠭᠡᠪᠡ᠃《 ᠬᠢᠴᠢᠶᠡᠮᠵᠢ ᠦᠭᠡᠢ ᠪᠠᠢᠭᠰᠠᠭᠠᠷ ᠠᠯᠳᠠᠴᠢᠬᠠᠯ᠎ᠠ》 ᠭᠡᠵᠦ ᠪᠢ ᠬᠡᠯᠡᠪᠡ᠃ 《ᠬᠡᠨ ᠴᠢᠮ᠎ᠠ ᠶ᠋ᠢ ᠬᠢᠴᠢᠶᠡᠬᠦ ᠦᠭᠡᠢ ᠪᠠᠢ ᠭᠡᠰᠡᠨ ᠶᠦ᠍ᠮ᠂ ᠵᠠᠪᠠᠯ ᠲᠥᠯᠥᠬᠦ ᠬᠡᠷᠡᠭᠲᠡᠢ!》 ᠭᠡᠳ ᠮᠠᠨᠳᠠ ᠠᠭᠤᠷᠰᠠᠨ ᠨᠠᠮ᠎ᠠ ᠶ᠋ᠢ ᠲᠦᠯᠬᠢᠪᠡ᠃ ᠪᠢ ᠬᠣᠢᠰᠢ ᠤᠬᠤᠷᠢᠬᠤ ᠳ᠋ᠠᠭᠠᠨ ᠰᠠᠶᠢ ᠶ᠋ᠢᠨ ᠠᠯᠳᠠᠭᠰᠠᠨ ᠮᠠᠰᠢᠨ ᠲᠡᠷᠭᠡ ᠶ᠋ᠢ ᠨᠢᠴᠠ ᠭᠢᠰᠬᠢᠴᠢᠬᠡᠯᠡ᠂ ᠢᠩᠭᠢᠬᠦᠯᠡᠷ ᠮᠠᠨᠳᠠ ᠤᠯᠠᠮ ᠴᠤ᠌ ᠠᠭᠤᠷᠯᠠᠪᠠ᠃ ᠲᠡᠭᠡᠭᠡᠳ ᠲᠡᠷᠡ ᠮᠢᠨᠦ ᠬᠢᠭᠰᠡᠨ ᠮᠠᠰᠢᠨ ᠲᠡᠷᠭᠡ ᠶ᠋ᠢ ᠠᠪᠴᠤ ᠰᠠᠪᠠᠭᠠᠳ ᠬᠡᠮᠬᠡ ᠳᠡᠪᠰᠡᠵᠦ᠂ ᠪᠣᠭᠴᠣ ᠪᠠᠨ ᠠᠪᠤᠩᠭᠤᠲᠠ ᠡᠷᠭᠢᠵᠦ ᠬᠠᠷᠠᠯ ᠦᠭᠡᠢ ᠶᠠᠪᠤᠴᠢᠬᠠᠪᠠ᠃ ᠡᠪᠳᠡᠷᠬᠡᠢ ᠮᠠᠰᠢᠨ ᠲᠡᠷᠭᠡ ᠪᠡᠨ ᠬᠠᠷᠠᠭᠠᠳ ᠪᠢ ᠪᠠᠰᠠ ᠠᠭᠤᠷᠰᠠᠵᠤ ᠦᠭᠡ ᠪᠡᠨ ᠬᠡᠯᠡᠵᠦ ᠴᠢᠳᠠᠬᠤ ᠦᠭᠡᠢ ᠪᠣᠯᠵᠠᠢ᠃ ᠡᠪ ᠨᠠᠢᠷ ᠮᠠᠨᠢ ᠢᠩᠭᠢᠭᠡᠳ ᠡᠪᠳᠡᠷᠡᠪᠡ᠃
ᠤᠳᠠᠭᠰᠠᠨ ᠴᠤ᠌ ᠦᠭᠡᠢ ᠬᠡᠳᠦᠨ ᠰᠠᠷ᠎ᠠ ᠥᠩᠭᠡᠷᠡᠯ᠎ᠡ᠃ ᠨᠢᠭᠡ ᠦᠳᠡ ᠶ᠋ᠢᠨ ᠬᠣᠢᠨ᠎ᠠ ᠰᠤᠷᠭᠠᠭᠤᠯᠢ ᠲᠠᠷᠬᠠᠭᠠᠳ ᠭᠡᠷ ᠲᠡᠭᠡᠨ ᠬᠠᠷᠢᠬᠤ ᠳ᠋ᠤ᠌ ᠮᠠᠨᠳᠠ ᠮᠢᠨᠦ ᠠᠷᠤ ᠳ᠋ᠤ᠌ ᠶᠠᠪᠤᠵᠤ ᠪᠠᠢᠪᠠ᠃ ᠪᠢ ᠰᠡᠮᠡᠬᠡᠷ ᠭᠡᠳᠡᠷᠭᠦ ᠪᠡᠨ ᠬᠠᠷᠠᠵᠤ ᠦᠵᠡᠬᠦᠯᠡᠷ ᠲᠡᠷᠡ ᠪᠣᠮᠪᠣᠢᠨ ᠲᠦᠭᠳᠦᠢᠭᠰᠡᠨ ᠬᠠᠷᠮᠠᠨ ᠳ᠋ᠠᠭᠠᠨ ᠭᠠᠷ ᠢ᠋ᠶ᠋ᠠᠨ ᠰᠣᠢᠯᠠᠵᠤ ᠶᠠᠪᠤᠨ᠎ᠠ᠃ ᠳᠡᠮᠡᠢ ᠤᠳᠠᠭᠰᠠᠨ ᠦᠭᠡᠢ ᠨᠠᠮ᠎ᠠ ᠶ᠋ᠢ ᠭᠦᠢᠴᠡᠨ ᠢᠷᠡᠭᠡᠳ ᠤᠤᠯ ᠤ᠋ᠨ ᠬᠢ ᠡᠴᠡ ᠪᠡᠨ ᠨᠡᠩ ᠰᠠᠢᠬᠠᠨ ᠬᠢᠭᠰᠡᠨ ᠬᠥᠭᠡᠷᠦᠬᠦᠨ ᠮᠠᠰᠢᠨ ᠲᠡᠷᠭᠡ ᠭᠠᠷᠭᠠᠵᠤ ᠨᠠᠳᠠ ᠳ᠋ᠤ᠌ ᠥᠭᠪᠡ᠃ ᠪᠢ ᠲᠡᠭᠦᠨ ᠢ᠋ ᠭᠠᠢᠬᠠᠨ ᠬᠠᠷᠠᠬᠤ ᠳ᠋ᠤ᠌ ᠮᠠᠨᠳᠠ ᠮᠢᠨᠢ ᠴᠢᠷᠠᠢ ᠪᠠᠨ ᠤᠯᠠᠢᠯᠭᠠᠨ ᠳᠣᠭᠳᠣᠯᠤᠭᠰᠠᠨ ᠰᠡᠳᠬᠢᠯᠭᠡ ᠪᠡᠷ᠄《 ᠲᠡᠷᠡ ᠤᠳᠠᠭ᠎ᠠ ᠪᠢ ᠤᠰᠤᠯᠲᠠᠯ᠎ᠠ᠂ ᠴᠢᠨᠦ ᠮᠠᠰᠢᠨ ᠲᠡᠷᠭᠡ ᠶ᠋ᠢ ᠬᠡᠮᠬᠡ ᠳᠡᠪᠰᠡᠭᠰᠡᠨ ᠢᠶᠡᠨ ᠪᠣᠳᠣᠪᠠᠯ ᠥᠪᠡᠷ ᠦ᠋ᠨ ᠡᠷᠬᠡ ᠦᠭᠡᠢ ᠭᠡᠮᠰᠢᠬᠦ ᠶᠦᠮ᠃ ᠮᠠᠨᠠᠢᠬᠢ ᠮᠠᠷᠭᠠᠰᠢ ᠨᠡᠭᠦᠬᠦ ᠪᠣᠯᠤᠨ᠎ᠠ᠂ ᠡᠨᠡ ᠮᠠᠰᠢᠨ ᠲᠡᠷᠭᠡ ᠶ᠋ᠢ ᠴᠢᠮ᠎ᠠ ᠳ᠋ᠤ᠌ ᠪᠡᠯᠡᠭᠯᠡᠵᠦ ᠳᠤᠷᠠᠰᠬᠠᠯ ᠪᠣᠯᠭᠠᠶ᠎ᠠ᠂ ᠨᠠᠢᠵᠠ ᠮᠢᠨᠢ!》 ᠭᠡᠪᠡ᠃ ᠲᠡᠷᠡ ᠡᠳᠦᠷ ᠦ᠋ᠨ ᠶᠠᠪᠤᠳᠠᠯ ᠢ᠋ ᠪᠣᠳᠣᠪᠠᠯ ᠦᠨᠡᠨ ᠳ᠋ᠡᠭᠡᠨ ᠮᠢᠨᠦ ᠪᠤᠷᠤᠭᠤ ᠶᠤᠮ᠃ ᠪᠢ ᠲᠡᠭᠦᠨ ᠦ᠌ ᠬᠠᠯᠠᠭᠤᠨ ᠳᠣᠲᠣᠨᠣᠰᠤᠭ ᠬᠣᠶᠠᠷ ᠨᠢᠳᠦ ᠶ᠋ᠢ ᠰᠢᠷᠳᠡᠭᠰᠡᠭᠡᠷ ᠶᠠᠭᠤ ᠴᠤ᠌ ᠬᠡᠯᠡᠵᠦ ᠴᠢᠳᠠᠬᠤ ᠦᠭᠡᠢ ᠪᠣᠯᠵᠤ᠂ ᠬᠣᠶᠠᠷ ᠭᠠᠷ ᠢ᠋ ᠨᠢ ᠴᠢᠩᠭᠠᠬᠠᠨ ᠠᠳᠬᠤᠵᠤ ᠪᠢᠯᠡ᠃
ᠮᠠᠨᠳᠠ ᠮᠢᠨᠢ ᠠᠪᠤ ᠡᠵᠢ ᠪᠡᠨ ᠳᠠᠭᠠᠭᠠᠳ ᠨᠡᠭᠦᠵᠦ ᠶᠠᠪᠤᠵᠠᠢ᠃ ᠲᠡᠷᠡ ᠡᠳᠦᠷ ᠡᠴᠡ ᠬᠣᠢᠰᠢ ᠪᠢᠳᠡ ᠬᠣᠶᠠᠷ ᠳᠠᠬᠢᠵᠤ ᠠᠭᠤᠯᠵᠠᠭᠰᠠᠨ ᠦᠭᠡᠢ᠃ ᠲᠡᠭᠦᠨ ᠦ᠌ ᠪᠡᠯᠡᠭᠯᠡᠭᠰᠡᠨ ᠮᠠᠰᠢᠨ ᠲᠡᠷᠭᠡ ᠶ᠋ᠢ ᠪᠢ ᠬᠣᠷᠭᠣ ᠳ᠋ᠠᠭᠠᠨ ᠬᠠᠳᠠᠭᠠᠯᠠᠭᠰᠠᠭᠠᠷ ᠪᠠᠢᠨ᠎ᠠ᠃ ᠡᠨᠡ ᠬᠦ᠌ ᠬᠥᠭᠡᠷᠦᠬᠦᠨ ᠮᠠᠰᠢᠨ ᠲᠡᠷᠭᠡ ᠶ᠋ᠢ ᠬᠠᠷᠠᠩᠭᠤᠲᠠ ᠯᠠ ᠮᠠᠨᠳᠠ ᠮᠢᠨᠢ ᠳᠡᠷᠭᠡᠳᠡ ᠪᠠᠢᠭ᠎ᠠ ᠰᠢᠭ᠋ ᠪᠣᠳᠣᠭᠳᠠᠬᠤ ᠶᠤᠮ᠃
※ᠢᠷᠡᠯᠲᠡ ᠄
ᠠᠯᠪᠠᠨ ᠵᠢᠷᠤᠮ ᠤ᠋ᠨ ᠲᠠᠪᠤᠨ ᠵᠢᠯ ᠦ᠋ᠨ ᠳᠦᠷᠢᠮᠲᠦ ᠪᠠᠭ᠎ᠠ ᠰᠤᠷᠭᠠᠭᠤᠯᠢ ᠳ᠋ᠤ᠌ ᠦᠵᠡᠬᠦ
ᠬᠡᠯᠡ ᠪᠢᠴᠢᠭ ᠳᠣᠯᠣᠳᠤᠭᠠᠷ ᠳᠡᠪᠲᠡᠷ
ᠥᠪᠥᠷ ᠮᠣᠩᠭᠣᠯ ᠤ᠋ᠨ ᠰᠤᠷᠭᠠᠨ ᠬᠥᠮᠦᠵᠢᠯ ᠦ᠋ᠨ ᠬᠡᠪᠯᠡᠯ ᠦ᠋ᠨ ᠬᠣᠷᠢᠶ᠎ᠠ ᠨᠠᠢᠷᠠᠭᠤᠯᠤᠨ ᠬᠡᠪᠯᠡᠭᠦᠯᠪᠡ
ᠥᠪᠥᠷ ᠮᠣᠩᠭᠣᠯ ᠤ᠋ᠨ ᠰᠢᠨᠬᠤᠸᠠ ᠨᠣᠮ ᠤ᠋ᠨ ᠳᠡᠯᠭᠡᠭᠦᠷ ᠲᠠᠷᠬᠠᠭᠠᠪᠠ
ᠥᠪᠥᠷ ᠮᠣᠩᠭᠣᠯ ᠤ᠋ᠨ ᠰᠤᠷᠭᠠᠨ ᠬᠥᠮᠦᠵᠢᠯ ᠦ᠋ᠨ ᠬᠡᠪᠯᠡᠬᠦ ᠦᠢᠯᠡᠳᠪᠦᠷᠢ ᠬᠡᠪᠯᠡᠪᠡ
1991 ᠣᠨ ᠤ᠋ 3 ᠰᠠᠷ᠎ᠠ ᠳ᠋ᠤ᠌ ᠠᠩᠬᠠᠳᠤᠭᠠᠷ ᠬᠡᠪ ᠢ᠋ ᠬᠢᠪᠡ
1993 ᠣᠨ ᠤ᠋ 4 ᠰᠠᠷ᠎ᠠ ᠳ᠋ᠤ᠌ ᠭᠤᠷᠪᠠᠳᠤᠭᠠᠷ ᠤᠳᠠᠭ᠎ᠠ ᠬᠡᠪᠯᠡᠪᠡ᠃
ᠦᠨ᠎ᠡ᠄1.40 ᠲᠥᠭᠥᠷᠢᠭ
ᠦᠰᠦᠭ ᠠᠮᠢᠯᠠᠭᠤᠯᠤᠭᠴᠢ᠄ ᠰᠠᠢᠨᠴᠡᠴᠡᠭ
ᠬᠢᠨᠠᠭᠴᠢ᠄ ᠪᠥᠷᠢᠨᠴᠡᠴᠡᠭ
