ᠰᠣᠶᠣᠯ ᠤᠨ ᠴᠡᠴᠡᠭᠯᠡᠯ - ᠣᠴᠢᠨᠭᠠᠯ Соёлын цэцэглэл – Очингал
ᠰᠣᠶᠣᠯ ᠤᠨ ᠴᠡᠴᠡᠭᠯᠡᠯ
ᠣᠴᠢᠨᠭᠠᠯ
ᠵᠥᠪ ᠪᠢᠴᠢᠯᠭᠡ ᠶ᠋ᠢᠨ ᠬᠣᠯᠪᠣᠭᠠᠨ ᠳ᠋ᠤ᠌ ᠰᠠᠭᠠᠳᠠᠭᠠᠳ
ᠵᠢᠷᠦᠬᠡᠨ ᠦ᠌ ᠲᠠᠮᠢᠷ ᠢ᠋ᠶ᠋ᠠᠨ ᠴᠡᠨᠡᠭᠯᠡᠭᠡᠳ ᠠᠪᠤᠯ᠎ᠠ
ᠵᠢᠭᠠᠯ ᠪᠠᠭ᠎ᠠ ᠶ᠋ᠢᠨ ᠨᠠᠰᠤᠨ ᠤ᠋ ᠳᠤᠷᠠᠰᠤᠮᠵᠢ ᠪᠠᠨ ᠵᠡᠭᠦᠳᠦᠯᠡᠭᠡᠳ
ᠰᠡᠷᠡᠭᠰᠡᠨ ᠰᠢᠭ ᠰᠠᠢᠬᠠᠨ ᠰᠠᠨᠠᠭᠳᠠᠯ᠎ᠠ
ᠵᠠᠯᠠᠭᠤ ᠨᠠᠰᠤᠨ ᠳ᠋ᠠᠭᠠᠨ ᠡᠵᠡᠮᠰᠢᠭᠰᠡᠨ ᠦᠭᠡᠢ ᠰᠣᠶᠣᠯ ᠳ᠋ᠠᠭᠠᠨ ᠬᠠᠷᠠᠮᠰᠠᠨ ᠭᠤᠲᠤᠵᠤ
ᠪᠡᠶ᠎ᠡ ᠪᠡᠨ ᠪᠤᠷᠤᠭᠤᠳᠬᠠᠨ ᠪᠢᠴᠢᠭ ᠢ᠋ᠶ᠋ᠡᠷ ᠪᠠᠬᠠᠷᠬᠠᠯ᠎ᠠ
ᠪᠣᠰᠤᠭ᠎ᠠ ᠦᠰᠦᠭ ᠭᠡᠳᠡᠭ ᠶᠠᠮᠠᠷ ᠰᠠᠢᠬᠠᠨ ᠬᠡᠢᠮᠣᠷᠢᠯᠢᠭ᠋ ᠪᠣᠢ
ᠡᠬᠡ ᠬᠡᠯᠡ ᠭᠡᠳᠡᠭ ᠶᠠᠮᠠᠷ ᠰᠠᠢᠬᠠᠨ ᠤᠶᠠᠩᠭᠠᠯᠢᠭ ᠪᠣᠢ
ᠰᠣᠶᠣᠯ ᠪᠢᠴᠢᠭ ᠭᠡᠳᠡᠭ ᠶᠠᠮᠠᠷ ᠰᠠᠢᠬᠠᠨ ᠬᠦᠨᠡᠰᠦ ᠪᠣᠢ
ᠮᠣᠷᠢᠨ ᠨᠢᠷᠤᠭᠤᠨ ᠳᠡᠭᠡᠷ᠎ᠡ ᠴᠡᠭᠡᠵᠢᠯᠡᠭᠰᠡᠨ ᠰᠣᠶᠣᠯ ᠢ᠋ᠶ᠋ᠠᠨ ᠪᠠᠶᠠᠯᠢᠭᠵᠢᠭᠤᠯᠵᠤ
ᠮᠣᠩᠭᠣᠯ ᠪᠢᠴᠢᠭ ᠦ᠋ᠨ ᠰᠠᠩ ᠢ᠋ᠶ᠋ᠠᠨ ᠠᠰᠠᠭᠠᠵᠤ
ᠮᠣᠯᠣᠷ ᠡᠷᠳᠡᠨᠢ ᠶ᠋ᠢᠨ ᠰᠣᠶᠣᠯ ᠳᠡᠯᠭᠡᠷᠡᠬᠦ ᠰᠠᠢᠬᠠᠨ
ᠵᠥᠪ ᠪᠡᠯᠡᠳᠬᠡᠯ᠂ ᠰᠢᠯᠢᠳᠡᠭ ᠪᠢᠴᠢᠯᠭᠡ᠂ ᠠᠮᠢᠳᠤ ᠦᠰᠦᠭ ᠭᠡᠳ
ᠠᠩᠭᠢ ᠲᠠᠪᠰᠢᠬᠤ ᠰᠠᠢᠬᠠᠨ
ᠠ᠂ ᠠ᠋᠂ ᠢ ᠶ᠋ᠢᠨ ᠴᠠᠭᠠᠨ ᠲᠣᠯᠣᠭᠠᠢ ᠠᠮᠢᠯᠠᠨ ᠳᠡᠯᠭᠡᠷᠡᠭᠡᠳ
ᠨᠣᠮ ᠤ᠋ᠨ ᠴᠠᠭᠠᠨ ᠪᠤᠶᠠᠨ ᠢᠪᠡᠭᠡᠨ ᠲᠡᠳᠬᠦᠬᠦ ᠰᠠᠢᠬᠠᠨ
ᠣᠳᠬᠠᠨᠰᠣ ᠠ᠋ ᠪᠠᠭᠰᠢ ᠠ᠋ᠴᠠ
ᠣᠪᠣᠭ᠎ᠠ ᠪᠤᠰᠬᠠᠭᠰᠠᠨ ᠨᠣᠮ ᠤ᠋ᠨ ᠱᠠᠲᠤ ᠳᠡᠯᠭᠡᠭᠳᠡᠨ᠎ᠡ
ᠮᠧᠢ ᠷᠦᠩ ᠪᠠᠭᠰᠢ ᠠ᠋ᠴᠠ
ᠮᠡᠳᠡᠯᠭᠡ ᠶ᠋ᠢᠨ ᠰᠠᠢᠬᠠᠨ ᠱᠠᠩ ᠬᠦᠷᠲᠡᠭᠡᠨ᠎ᠡ
ᠡᠩᠬᠡ ᠪᠠᠭᠰᠢ ᠠ᠋ᠴᠠ
ᠡᠷᠳᠡᠮ ᠦ᠋ᠨ ᠰᠠᠢᠬᠠᠨ ᠪᠤᠶᠠᠨ ᠢᠪᠡᠭᠡᠨ᠎ᠡ
ᠴᠣᠭᠵᠢᠯᠮ᠎ᠠ ᠪᠠᠭᠰᠢ ᠠ᠋ᠴᠠ
ᠴᠣᠭ ᠵᠢᠪᠬᠤᠭᠠᠯᠢᠭ ᠤ᠋ᠨ ᠬᠠᠢᠷ᠎ᠠ ᠢᠪᠢᠯᠦᠨ᠎ᠡ
ᠭᠠᠩᠪᠣᠯᠣᠳ ᠪᠠᠭᠰᠢ ᠠ᠋ᠴᠠ
ᠭᠠᠢᠬᠠᠮᠰᠢᠭᠲᠤ ᠦᠢᠯᠡᠰ ᠦ᠋ᠨ ᠪᠠᠬᠠᠷᠬᠠᠯ ᠴᠤᠤᠷᠢᠶᠠᠳᠠᠨᠠ
ᠰᠣᠷᠢᠯᠲᠠ ᠪᠠᠨ ᠪᠣᠯᠪᠠᠰᠤᠷᠠᠳᠠᠭ ᠬᠠᠮᠲᠤ ᠰᠤᠷᠤᠯᠭᠠᠲᠠᠨ ᠠ᠋ᠴᠠ
ᠰᠣᠶᠣᠯ ᠤ᠋ᠨ ᠰᠢᠮ᠎ᠡ ᠶ᠋ᠢᠨ ᠴᠡᠴᠡᠭ ᠦᠨᠦᠷᠲᠦᠨ᠎ᠡ
ᠡᠷᠳᠡᠮᠲᠡᠨ ᠮᠡᠷᠭᠡᠳ ᠪᠠᠭᠰᠢ ᠨᠠᠷ ᠤ᠋ᠨ
ᠡᠷᠳᠡᠮ ᠦ᠋ᠨ ᠰᠠᠢᠬᠠᠨ ᠨᠠᠢᠷᠠᠭ ᠨᠢ ᠳᠠᠪᠠᠷᠠᠨᠠ
ᠡᠢᠮᠦ ᠯᠡ ᠰᠠᠢᠬᠠᠨ ᠮᠣᠩᠭᠣᠯ ᠰᠣᠶᠣᠯ ᠤ᠋ᠨ ᠬᠣᠯᠪᠣᠭᠠᠨ ᠳ᠋ᠤ᠌ ᠪᠠᠢᠬᠤ ᠪᠠᠷ ᠢ᠋ᠶ᠋ᠠᠨ ᠪᠢ
ᠰᠣᠶᠣᠯ ᠤ᠋ᠨ ᠴᠡᠴᠡᠭᠯᠡᠯ ᠲᠡᠢ ᠭᠡᠭᠡᠨ ᠦᠢᠯᠡᠰ ᠦ᠋ᠨ ᠮᠥᠷ ᠢ᠋ᠶ᠋ᠡᠷ ᠭᠢᠯᠠᠷᠠᠭᠤᠯᠤᠨ ᠬᠠᠢᠷᠠᠯᠠᠭᠳᠠᠨᠠ
ᠪᠣᠰᠤᠭ᠎ᠠ ᠮᠣᠩᠭᠣᠯ ᠪᠢᠴᠢᠭ ᠭᠡᠳᠡᠭ ᠶᠠᠮᠠᠷ ᠰᠠᠢᠬᠠᠨ ᠬᠡᠢᠮᠣᠷᠢᠯᠢᠭ᠋ ᠪᠣᠢ
ᠡᠬᠡ ᠬᠡᠯᠡ ᠭᠡᠳᠡᠭ ᠶᠠᠮᠠᠷ ᠰᠠᠢᠬᠠᠨ ᠤᠶᠠᠩᠭᠠᠯᠢᠭ ᠪᠣᠢ
ᠪᠢᠴᠢᠭ ᠰᠣᠶᠣᠯ ᠭᠡᠳᠡᠭ ᠶᠠᠮᠠᠷ ᠰᠠᠢᠬᠠᠨ ᠬᠦᠨᠡᠰᠦ ᠪᠣᠢ
ᠪᠠᠶᠠᠷᠯᠠᠯ᠎ᠠ᠂ ᠪᠠᠶᠠᠷᠯᠠᠯ᠎ᠠ᠂ ᠪᠠᠶᠠᠷᠯᠠᠯ᠎ᠠ
ᠲᠠᠯᠠᠷᠬᠠᠯ᠎ᠠ᠂ ᠲᠠᠯᠠᠷᠬᠠᠯ᠎ᠠ᠂ ᠲᠠᠯᠠᠷᠬᠠᠯ᠎ᠠ
2023.07.18
ᠰᠡᠷᠬᠡ ᠶ᠋ᠢᠨ ᠭᠣᠣᠯ ᠳ᠋ᠤ᠌
ᠦᠰᠦᠭ ᠠᠮᠢᠯᠠᠭᠤᠯᠤᠭᠴᠢ᠄ ᠱᠠᠭᠰᠠᠯ
ᠬᠢᠨᠠᠭᠴᠢ᠄ ᠣᠳᠬᠠᠨᠰᠣ ᠠ᠋
