ᠴᠢ ᠬᠡᠨ ᠪᠠᠢᠭᠰᠠᠨ ᠪᠣᠢ - ᠷ ᠂ ᠴᠣᠢᠨᠣᠮ Чи хэн байсан бэ – Р ᠂ Чойном ᠰᠢᠯᠦᠭ ᠢᠷᠠᠭᠤ ᠨᠠᠢᠷᠠᠭ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠴᠢ ᠬᠡᠨ ᠪᠠᠢᠭᠰᠠᠨ ᠪᠣᠢ - ᠷ ᠂ ᠴᠣᠢᠨᠣᠮ Чи хэн байсан бэ – Р ᠂ Чойном

ᠴᠢ ᠬᠡᠨ ᠪᠠᠢᠭᠰᠠᠨ ᠪᠣᠢ - ᠷ ᠂ ᠴᠣᠢᠨᠣᠮ Чи хэн байсан бэ – Р ᠂ Чойном

2023-08-11

272

ᠴᠢ ᠬᠡᠨ ᠪᠠᠢᠭᠰᠠᠨ ᠪᠣᠢ


   ᠨᠠᠢᠵᠠ ᠮᠢᠨᠢ ᠠ᠋! ᠴᠢ ᠬᠡᠨ ᠪᠠᠢᠭᠰᠠᠨ ᠪᠣᠢ? 
  ᠨᠠᠭᠠᠳᠴᠤ ᠨᠠᠭᠠᠯᠳᠤᠵᠤ ᠶᠠᠪᠤᠭᠰᠠᠨ ᠠ᠋ᠴᠠ ᠥᠭᠡᠷ᠎ᠡ ᠶ᠋ᠢ ᠴᠢᠨᠢ ᠲᠠᠨᠢᠭᠰᠠᠨ ᠦᠭᠡᠢ 
  ᠨᠠᠰᠤ ᠰᠡᠭᠦᠳᠡᠷ ᠬᠢᠭᠡᠳ ᠪᠣᠳᠣᠯ ᠢ᠋ ᠴᠢᠨᠢ ᠮᠡᠳᠡᠭᠰᠡᠨ ᠦᠭᠡᠢ  
  ᠨᠠᠮᠤᠷ ᠤ᠋ᠨ ᠭᠤᠷᠪᠠᠨ ᠰᠠᠷ᠎ᠠ ᠳ᠋ᠠᠭᠠᠨ ᠰᠤᠷᠠᠭᠯᠠᠭᠠᠳ ᠣᠯᠤᠭᠰᠠᠨ ᠦᠭᠡᠢ  

  ᠳᠠᠭᠤ ᠠᠯᠳᠠᠭᠰᠠᠨ ᠢᠨᠢᠶᠡᠳᠦ ᠴᠢᠨᠢ ᠰᠢᠯ ᠦ᠋ᠨ ᠬᠤᠨᠳᠠᠭᠠᠨ ᠤ᠋ ᠠᠪᠢᠶ᠎ᠠ ᠶᠤᠮᠰᠠᠨ ᠤᠤ 
  ᠳᠤᠷᠠᠯᠠᠯ ᠤ᠋ᠨ ᠲᠤᠬᠠᠢ ᠶᠠᠷᠢᠶ᠎ᠠ ᠴᠢᠨᠢ ᠰᠢᠳᠢᠲᠦ ᠰᠥᠨᠢ ᠶ᠋ᠢᠨ ᠦᠯᠢᠭᠡᠷ ᠶᠤᠮᠰᠠᠨ ᠤᠤ  
  ᠲᠤᠩ ᠴᠠᠭᠠᠨ ᠪᠡᠶ᠎ᠡ ᠴᠢᠨᠢ ᠠᠮᠢᠳᠤ ᠦᠢᠯᠡᠳᠪᠦᠷᠢ ᠶ᠋ᠢᠨ ᠫᠸᠴᠤᠷᠢᠨ ᠶᠤᠮᠰᠠᠨ ᠤᠤ  
  ᠳᠤᠲᠠᠭᠤᠬᠠᠨ ᠳᠠᠰᠢᠭᠰᠠᠨ ᠲᠡᠰᠦᠯᠲᠡ ᠮᠠᠨᠢ ᠠᠮᠢᠳᠤᠷᠠᠯ ᠤ᠋ᠨ ᠲᠠᠢᠵᠠᠨ ᠤ᠋ ᠵᠦᠴᠦᠭᠡ ᠶᠤᠮᠰᠠᠨ ᠤᠤ   

  ᠨᠠᠭᠠᠯᠢᠩᠬᠠᠢ ᠬᠣᠶᠠᠷ ᠨᠢᠳᠦ ᠶ᠋ᠢ ᠴᠢᠨᠢ ᠬᠠᠷᠠᠶ᠎ᠠ ᠳᠠ ᠭᠡᠰᠡᠨ ᠴᠢᠨᠢ  
  ᠨᠠᠷᠠᠨ ᠤ᠋ ᠪᠠᠷᠠᠭᠠᠨ ᠰᠢᠯ ᠬᠠᠯᠠᠭᠯᠠᠭᠠᠳ ᠪᠣᠯᠤᠭᠰᠠᠨ ᠦᠭᠡᠢ   
  ᠨᠠᠪᠴᠢᠨ ᠬᠣᠶᠠᠷ ᠤᠷᠤᠭᠤᠯ ᠢ᠋ ᠴᠢᠨᠢ ᠠᠮᠲᠠᠯᠠᠶ᠎ᠠ ᠳᠠ ᠭᠡᠰᠡᠨ ᠴᠢᠨᠢ  
  ᠨᠠᠷᠠᠨ ᠰᠢᠩᠭᠡᠬᠦ ᠵᠦᠭ ᠦ᠋ᠨ ᠪᠣᠳᠣᠭ ᠠᠮᠲᠠᠭᠳᠠᠭᠠᠳ ᠰᠠᠯᠤᠭᠰᠠᠨ ᠦᠭᠡᠢ  

  ᠴᠢᠬᠠᠷᠠᠭᠰᠠᠨ ᠬᠥᠯᠥᠰᠥ ᠶ᠋ᠢ ᠴᠢᠨᠢ ᠦᠨᠦᠷᠯᠡᠶ᠎ᠡ ᠳᠡ ᠭᠡᠰᠡᠨ ᠴᠢᠨᠢ   
  ᠴᠢᠴᠧ ᠶ᠋ᠢᠨ ᠦᠨᠦᠷ᠂ ᠣᠷᠣᠰ ᠲᠣᠬᠢᠲᠠᠢ ᠬᠠᠩᠬᠤᠯᠤᠭᠠᠳ ᠪᠣᠯᠤᠭᠰᠠᠨ ᠦᠭᠡᠢ  
  ᠴᠢᠩ ᠰᠡᠳᠬᠢᠯ ᠦ᠋ᠨ ᠦᠭᠡ ᠶ᠋ᠢ ᠴᠢᠨᠢ ᠰᠣᠨᠣᠰᠤᠶ᠎ᠠ ᠳᠠ ᠭᠡᠰᠡᠨ ᠴᠢᠨᠢ  
  ᠴᠢᠮᠡᠳ ᠳᠠᠷᠪᠠ ᠬᠣᠶᠠᠷ ᠤ᠋ᠨ ᠰᠢᠯᠦᠭ ᠰᠣᠨᠣᠰᠳᠠᠭᠠᠳ ᠪᠣᠯᠤᠭᠰᠠᠨ ᠦᠭᠡᠢ᠃    

  *《 ᠨᠠᠢᠵᠠ ᠮᠢᠨᠢ ᠠ᠋! ᠴᠢ ᠬᠡᠨ ᠪᠠᠢᠭᠰᠠᠨ ᠪᠣᠢ?》 ᠭᠡᠰᠡᠨ ᠭᠠᠷᠴᠠᠭ ᠲᠠᠢ ᠪᠠᠷ《 ᠬᠣᠨᠣᠴᠠ ᠶ᠋ᠢᠨ ᠬᠡᠦᠬᠡᠳ》 ᠨᠣᠮ ᠳ᠋ᠤ᠌ ᠪᠣᠢ᠃  

※ ᠢᠷᠡᠯᠲᠡ᠄
《 ᠷ · ᠴᠣᠶ᠋ᠢᠨᠣᠮ ᠦ᠋ᠨ ᠰᠢᠯᠦᠭ ᠵᠣᠬᠢᠶᠠᠯ ᠬᠤᠷᠢᠶᠠᠬᠤᠢ — 》
            — ᠤᠶᠠᠩᠬ᠋᠎ᠠ ᠶ᠋ᠢᠨ ᠰᠢᠯᠦᠭ ᠡᠴᠡ ᠬᠠᠭᠤᠯᠪᠠ ᠃
             ᠪᠢ‍  · ᠳᠠᠮᠳᠢᠨᠰᠦ᠋ᠷᠦᠩ ᠡᠮᠬᠢᠤᠠᠬᠡᠨ ᠨᠠᠶ᠋ᠢᠷᠠᠭᠤᠯᠪᠠ
             ᠬᠠᠷᠢᠭᠤᠴᠠᠭᠰᠠᠨ ᠨᠠᠶ᠋ᠢᠷᠠᠭᠤᠯᠤᠭᠴᠢ ᠄ ᠪᠣᠷᠤᠨᠤᠳ ᠳᠣᠷᠵᠢ

     ᠦᠰᠦᠭ ᠠᠮᠢᠯᠠᠭᠤᠯᠤᠭᠴᠢ᠄ ᠱᠠᠭᠰᠠᠯ 
      ᠬᠢᠨᠠᠭᠴᠢ᠄  ᠣᠳᠬᠠᠨᠰᠣ ‍ᠠ᠋