ᠺᠣᠨᠰᠤᠨᠢ ᠪᠠ ᠨᠠᠢᠵᠠ ᠨᠤᠭᠤᠳ-ᠡᠵᠢ ᠶᠢᠨ ᠴᠠᠭЭэжийн цаг-Консуни ба найзуудKonsuni
ᠺᠣᠨᠰᠤᠨᠢ ᠪᠠ ᠨᠠᠢᠵᠠ ᠨᠤᠭᠤᠳ-ᠡᠵᠢ ᠶᠢᠨ ᠴᠠᠭ
ᠡᠵᠢ᠄ ᠭᠣᠶᠣ ᠰᠢᠦ᠂ ᠠ᠋᠂ ᠬᠡ᠂ ᠥᠯᠥᠰᠦᠭᠰᠡᠨ ᠤᠤ? ᠠᠮᠠ ᠪᠠᠨ ᠠᠩᠭᠠᠢᠭᠠᠷᠠᠢ᠂ ᠨᠢᠶᠠᠮ ᠨᠢᠶᠠᠮ ᠭᠡᠭᠡᠷᠡᠢ᠂
ᠺᠤᠯᠤᠶᠢ᠄ ᠠ᠁ ᠠ᠁
ᠡᠵᠢ᠄ ᠦ᠁ ᠦ᠁ ᠺᠣᠨᠰᠤᠨᠢ ᠴᠤ᠌ ᠭᠡᠰᠡᠨ ᠢᠩᠭᠢᠳᠡᠭ ᠪᠠᠢᠭᠰᠠᠨ᠂ ᠴᠢ ᠶᠠᠭ ᠠᠳᠠᠯᠢᠬᠠᠨ ᠶᠤᠮ᠂
ᠺᠤᠯᠤᠶᠢ᠄ ᠠ᠁ ᠠ᠁ ᠠ᠁ ᠬᠠ᠁ ᠠ ᠬᠠ ᠬᠠ᠁
ᠡᠵᠢ᠄ ᠰᠠᠢᠨ ᠥᠬᠢᠨ᠂ ᠡᠭᠡᠴᠢ ᠴᠢᠨᠢ ᠴᠢᠮ᠎ᠠ ᠳ᠋ᠤ᠌ ᠶᠠᠷᠢᠬᠤ ᠶ᠋ᠢ ᠵᠢᠭᠠᠵᠤ ᠥᠭᠴᠡᠢ ᠳᠡ!
ᠺᠤᠯᠤᠶᠢ᠄ ᠠ᠁ ᠬᠠ᠁ ᠬᠠ᠁
ᠡᠵᠢ᠄ ᠡᠭᠡᠴᠢ ᠨᠢ ᠴᠦ᠍ ᠭᠡᠰᠡᠨ ᠰᠠᠶᠢᠬᠠᠨ ᠯᠠ ᠡᠢᠮᠦ ᠵᠢᠭᠠᠬᠠᠨ ᠪᠠᠢᠭᠰᠠᠨ ᠳᠠ᠂ ᠠ᠋᠁
ᠺᠣᠨᠰᠤᠨᠢ᠄ ᠠ᠋᠁ ᠪᠢ ᠭᠣᠮᠣᠳᠠᠵᠤ ᠪᠠᠢᠨ᠎ᠠ᠂ ᠡᠵᠢ ᠶᠠᠭᠠᠬᠢᠭᠠᠳ ᠦᠷᠭᠦᠯᠵᠢ ᠳᠡᠭᠦᠦ ᠲᠡᠢ ᠬᠠᠮᠲᠤ ᠪᠠᠢᠳᠠᠭ ᠶᠤᠮ ᠪᠣᠯ?
ᠣᠭᠣᠯᠢ᠄ ᠲᠡᠷᠡ ᠵᠢᠭᠠᠬᠠᠨ ᠬᠡᠦᠬᠡᠳ᠂ ᠡᠵᠢ ᠴᠢᠨᠢ ᠴᠢᠮ᠎ᠠ ᠶ᠋ᠢ ᠪᠠᠰᠠ ᠲᠡᠭᠡᠵᠦ ᠠᠰᠠᠷᠠᠳᠠᠭ ᠪᠠᠢᠭᠰᠠᠨ᠂
ᠺᠣᠨᠰᠤᠨᠢ᠄ ᠬᠡᠩ᠂ ᠭᠡᠬᠦ ᠳ᠋ᠡᠭᠡᠨ ᠣᠳᠣ ᠲᠡᠭᠡᠬᠦ ᠪᠡᠨ ᠪᠣᠯᠢᠭᠰᠠᠨ᠂ ᠦᠷᠭᠦᠯᠵᠢ ᠯᠡ ᠳᠡᠭᠦᠦ ᠲᠡᠢ ᠴᠣᠭ ᠪᠠᠢᠳᠠᠭ᠂ ᠡᠵᠢ ᠨᠠᠮ᠎ᠠ ᠶ᠋ᠢ ᠪᠠᠷᠤᠭ ᠮᠠᠷᠲᠠᠭᠰᠠᠨ ᠪᠠᠢᠬ᠎ᠠ ᠂
ᠡᠵᠢ᠄ ᠺᠣᠨᠰᠤᠨᠢ᠂ ᠦᠯᠢᠭᠡᠷ ᠰᠣᠨᠣᠰᠬᠤ ᠳ᠋ᠤ᠌ ᠪᠡᠯᠡᠨ ᠤᠤ?
ᠺᠣᠨᠰᠤᠨᠢ᠄ᠺᠤᠯᠤᠶᠢ ᠶ᠋ᠢ ᠤᠨᠲᠠᠭᠤᠯᠴᠢᠬᠠᠭᠰᠠᠨ ᠤᠤ?
ᠡᠵᠢ᠄ ᠪᠢ ᠰᠠᠶᠢ ᠤᠨᠲᠠᠭᠤᠯᠴᠢᠬᠠᠯᠠ᠃ ᠡᠩ᠂ ᠲᠡᠭᠡᠭᠡᠳ᠂ ᠠ᠋᠂ ᠴᠢ ᠶᠠᠭᠠᠬᠢᠭ᠎ᠠ ᠪᠣᠢ? ᠬᠥᠭᠡᠷᠦᠬᠦᠨ ᠢᠨᠢᠶᠡᠳᠡᠭ ᠨᠢ ᠶᠠᠭᠠᠬᠢᠴᠢᠬᠠᠪᠠ᠂ ᠴᠢ ᠢᠩᠭᠢᠳᠡᠭ ᠦᠭᠡᠢ ᠪᠠᠢᠭᠰᠠᠨ᠂ ᠶᠠᠭᠠᠬᠢᠭᠠᠳ ᠢᠩᠭᠢᠵᠦ ᠳᠠᠭᠤ ᠪᠠᠨ ᠬᠤᠷᠢᠶᠠᠴᠢᠬᠠᠪᠠ?
ᠺᠣᠨᠰᠤᠨᠢ᠄ ᠪᠤᠴᠠᠭᠠᠳ ᠵᠢᠭᠠᠬᠠᠨ ᠪᠣᠯᠬᠤ ᠶᠤᠮ ᠰᠠᠨ᠂
ᠡᠵᠢ᠄ ᠠ᠋᠂ ᠬᠡ᠂ ᠲᠣᠮᠣ ᠪᠣᠯᠬᠤ ᠮᠠᠭᠤᠬᠠᠢ ᠪᠠᠢᠨ᠎ᠠ ᠤᠤ?
ᠺᠣᠨᠰᠤᠨᠢ᠄ ᠪᠢ ᠪᠤᠴᠠᠭᠠᠳ ᠲᠠᠨ ᠤ᠋ ᠬᠠᠮᠤᠭ ᠤ᠋ᠨ ᠬᠠᠢᠷᠠᠲᠠᠢ ᠥᠬᠢᠨ ᠪᠣᠯᠤᠮᠠᠷ ᠪᠠᠢᠨ᠎ᠠ᠂
ᠡᠵᠢ᠄ ᠪᠢ ᠴᠢᠮ᠎ᠠ ᠳ᠋ᠤ᠌ ᠬᠠᠢᠷᠠᠲᠠᠢ᠂ ᠪᠢ ᠴᠢᠮ᠎ᠠ ᠶ᠋ᠢ ᠳᠡᠭᠦᠦ ᠰᠢᠭ ᠴᠢᠨᠢ ᠯᠡ ᠬᠠᠢᠷᠠᠯᠠᠳᠠᠭ᠂ ᠬᠣᠶᠠᠭᠤᠯᠠᠨ ᠳ᠋ᠤ᠌ ᠴᠢᠨᠢ ᠬᠠᠢᠷᠠᠲᠠᠢ ᠰᠢᠦ ᠳᠡ᠂ ᠡᠭᠦᠨ ᠢ᠋ ᠴᠢ ᠪᠢᠲᠡᠭᠡᠢ ᠮᠠᠷᠲᠠᠭᠠᠷᠠᠢ᠂
ᠺᠣᠨᠰᠤᠨᠢ᠄ ᠬᠢᠴᠢᠶᠡᠶ᠎ᠡ ᠯᠡ ᠳᠡ᠂ ᠪᠢ ᠲᠠᠨ ᠢ᠋ ᠰᠠᠨᠠᠳᠠᠭ᠂
ᠡᠵᠢ᠄ ᠡᠪᠡᠢ ᠳᠡ᠂ ᠴᠢᠨᠦ ᠬᠢᠵᠦ ᠴᠢᠳᠠᠳᠠᠭ ᠵᠦᠢᠯ᠂ ᠳᠡᠭᠦᠦ ᠶ᠋ᠢᠨ ᠴᠢᠨᠢ ᠬᠢᠵᠦ ᠴᠢᠳᠠᠳᠠᠭ ᠦᠭᠡᠢ ᠵᠦᠢᠯ ᠢ᠋ ᠪᠣᠳᠣ᠂ ᠴᠢ ᠲᠣᠭᠯᠠᠭᠠᠮ ᠤ᠋ᠨ ᠲᠠᠯᠠᠪᠠᠢ ᠳ᠋ᠤ᠌ ᠣᠴᠢᠵᠤ ᠬᠣᠭᠣᠯᠠ ᠪᠠᠨ ᠥᠪᠡᠷ ᠢ᠋ᠶ᠋ᠡᠨ ᠢᠳᠡᠵᠦ ᠨᠢᠭᠤᠭᠳᠠᠵᠤ ᠲᠣᠭᠯᠠᠵᠤ ᠴᠢᠳᠠᠳᠠᠭ ᠂ ᠠ ᠢᠩᠭᠢᠵᠦ ᠡᠵᠢ ᠨᠢ ᠴᠢᠮ᠎ᠠ ᠲᠠᠢ ᠠᠯᠢ ᠪᠣᠯᠬᠤ ᠪᠠᠷ ᠬᠠᠮᠲᠤ ᠪᠠᠢᠬᠤ ᠶ᠋ᠢ ᠬᠢᠴᠢᠶᠡᠨ᠎ᠡ᠂ ᠡᠳᠦᠷ ᠲᠦ᠍ ᠨᠢᠭᠡ ᠤᠳᠠᠭ᠎ᠠ ᠴᠢᠨᠦ ᠬᠦᠰᠡᠭᠰᠡᠨ ᠲᠣᠭᠯᠠᠭᠠᠮ ᠢ᠋ ᠲᠣᠭᠯᠠᠵᠤ ᠪᠠᠢᠶ᠎ᠠ᠂
ᠺᠣᠨᠰᠤᠨᠢ᠄ ᠵᠠ᠂ ᠪᠢ ᠵᠢᠭᠠᠬᠠᠨ ᠪᠣᠯᠤᠮᠠᠷ ᠦᠭᠡᠢ ᠪᠠᠢᠨ᠎ᠠ᠂ ᠲᠡᠷᠡ ᠨᠠᠳᠠ ᠰᠢᠭ᠋ ᠰᠤᠷᠭᠠᠭᠤᠯᠢ ᠳ᠋ᠤ᠌ ᠶᠠᠪᠤᠳᠠᠭ ᠦᠭᠡᠢ᠂ ᠪᠢ ᠠᠵᠠ ᠲᠠᠢ᠂ ᠪᠢ ᠨᠠᠢᠵᠠ ᠨᠤᠭᠤᠳ ᠲᠠᠢ ᠪᠠᠨ ᠲᠣᠭᠯᠠᠵᠤ᠂ ᠴᠡᠴᠡᠷᠯᠢᠭ ᠲᠦ᠍ ᠣᠴᠢᠵᠤ ᠪᠠᠰᠠ ᠳᠤᠭᠤᠢ ᠪᠠᠨ ᠤᠨᠤᠵᠤ ᠴᠢᠳᠠᠳᠠᠭ᠂
ᠡᠵᠢ᠄ ᠠ᠋ ᠬᠡ ᠬᠡ᠂ ᠰᠠᠢᠨ ᠥᠬᠢᠨ ᠰᠢᠦ!
ᠺᠣᠨᠰᠤᠨᠢ᠄ ᠠ ᠬᠠ ᠬᠠ᠂
ᠺᠣᠨᠰᠤᠨᠢ᠄ ᠡᠵᠢ ᠠ᠋᠂ ᠨᠠᠳᠠ ᠳ᠋ᠤ᠌ ᠶᠠᠭᠤ ᠪᠠᠢᠭ᠎ᠠ ᠶ᠋ᠢ ᠬᠠᠷ᠎ᠠ ᠳᠠ᠂ ᠠ ᠬᠠ ᠬᠠ᠂ ᠪᠢ ᠢᠷᠡᠯ᠎ᠡ! ᠬᠠᠷ᠎ᠠ ᠳᠠ᠂ ᠡᠨᠡ ᠪᠣᠯ ᠤᠲᠠᠰᠤ
ᠡᠵᠢ᠄ ᠦ ᠬᠦ᠂ ᠴᠢ ᠥᠪᠡᠷ ᠢ᠋ᠶ᠋ᠡᠨ ᠬᠢᠭᠡ ᠤᠤ?
ᠺᠣᠨᠰᠤᠨᠢ᠄ ᠲᠡᠢᠮᠦ ᠠ᠋᠂ ᠴᠡᠴᠡᠷᠯᠢᠭ ᠲᠦ᠍ ᠂
ᠡᠵᠢ᠄ ᠠ᠋᠂ ᠬᠡ᠂ ᠳ᠋ᠠᠩ ᠳ᠋ᠠᠩ᠂ ᠬᠡᠨ ᠪᠣᠢ?
ᠺᠣᠨᠰᠤᠨᠢ᠄ ᠪᠠᠢᠨ᠎ᠠ ᠤᠤ? ᠲᠠ ᠰᠣᠨᠣᠰᠴᠤ ᠪᠠᠢᠨ᠎ᠠ ᠤᠤ?
ᠡᠵᠢ᠄ ᠲᠡᠢᠮᠦ ᠠ᠋᠂ ᠲᠣᠳᠣᠬᠠᠨ ᠰᠣᠨᠣᠰᠴᠤ ᠪᠠᠢᠨ᠎ᠠ᠂
ᠺᠣᠨᠰᠤᠨᠢ᠄ ᠪᠠᠢᠨ᠎ᠠ ᠤᠤ? ᠺᠣᠨᠰᠤᠨᠢ ᠶᠠᠷᠢᠵᠤ ᠪᠠᠢᠨ᠎ᠠ᠂ ᠬᠡᠷᠪᠡ ᠲᠠ ᠵᠠᠪ ᠦᠭᠡᠢ ᠠᠵᠢᠯ ᠲᠠᠢ ᠪᠠᠢᠪᠠᠯ ᠨᠠᠳᠠ ᠤᠷᠤᠭᠤ ᠵᠠᠯᠭᠠᠵᠤ ᠪᠠᠢᠭᠠᠷᠠᠢ᠂ ᠭᠡᠷ ᠢ᠋ᠶ᠋ᠡᠨ ᠴᠡᠪᠡᠷᠯᠡᠬᠦ ᠳ᠋ᠦ᠍ ᠪᠢ ᠲᠠᠨ ᠳ᠋ᠤ᠌ ᠲᠤᠰᠠᠯᠠᠵᠤ ᠪᠠᠢᠬᠤ ᠪᠣᠯᠤᠨ᠎ᠠ᠂ ᠪᠢ ᠲᠣᠮᠣ ᠪᠣᠯᠤᠭᠰᠠᠨ ᠤᠴᠢᠷ ᠠ᠋ᠴᠠ ᠳᠡᠭᠦᠦ ᠪᠡᠨ ᠬᠠᠷᠠᠬᠤ ᠳ᠋ᠤ᠌ ᠴᠤ᠌ ᠲᠤᠰᠠᠯᠠᠵᠤ ᠴᠢᠳᠠᠨ᠎ᠠ᠂ ᠵᠠᠯᠭᠠᠭᠠᠷᠠᠢ᠂ ᠬᠢ ᠬᠢ ᠬᠢ
ᠺᠤᠯᠤᠶᠢ᠄ ᠠ᠂ ᠠ᠁
ᠺᠣᠨᠰᠤᠨᠢ᠄ ᠬᠡ ᠬᠡ ᠬᠡ᠁
ᠺᠤᠯᠤᠶᠢ᠄ ᠠ᠁ ᠠ᠁
ᠡᠵᠢ᠄ ᠬᠡ ᠬᠡ ᠬᠡ᠂ ᠬᠡ ᠬᠡ ᠬᠡ᠁
ᠺᠣᠨᠰᠤᠨᠢ᠄ ᠦ᠁
ᠠᠪᠤ᠄ ᠦ᠋᠂ ᠦᠭᠡᠢ᠂ ᠴᠠᠭ ᠬᠠᠷᠠᠭᠠᠴᠢ!
ᠡᠵᠢ᠄ ᠠ᠂ ᠴᠢ ᠶᠠᠪᠤᠬᠤ ᠨᠢ ᠤᠤ᠂ ᠪᠢ᠁
ᠠᠪᠤ᠄ ᠪᠢ ᠶᠠᠪᠤᠯ᠎ᠠ᠂ ᠬᠣᠴᠣᠷᠤᠯ᠎ᠠ᠂ ᠪᠢ ᠡᠳᠦᠷ ᠵᠠᠯᠭᠠᠶᠠ᠂ ᠣᠳᠣ ᠰᠢᠭᠤᠳ ᠶᠠᠪᠤᠯ᠎ᠠ᠂
ᠡᠵᠢ᠄ ᠠ
ᠡᠵᠢ᠄ ᠺᠣᠨᠰᠤᠨᠢ᠂ ᠶᠠᠭᠤ ᠪᠣᠯᠪᠠ? ᠴᠢ ᠪᠠᠷᠤᠭ ᠢᠳᠡᠭᠰᠡᠨ ᠦᠭᠡᠢ᠂ ᠶᠠᠭᠠᠬᠢᠭᠰᠠᠨ ᠶᠤᠮ?
ᠺᠣᠨᠰᠤᠨᠢ᠄ ᠠ᠋᠂ ᠡᠨᠡ ᠨᠣᠭᠣᠭ᠎ᠠ ᠨᠢᠭᠡ ᠯᠡ ᠰᠣᠨᠢᠨ ᠬᠠᠷᠠᠭᠳᠠᠭᠠᠳ ᠪᠠᠢᠬᠤ ᠶᠤᠮ ᠠ᠂ ᠬᠠᠷ᠎ᠠ ᠳᠠ᠂ ᠭᠤᠨᠢᠭᠯᠠᠭᠠᠳ ᠡᠢᠮᠦ ᠪᠣᠯᠴᠢᠬᠠᠭᠰᠠᠨ ᠪᠣᠯᠤᠯᠲᠠᠢ᠂
ᠡᠵᠢ᠄ ᠦᠭᠡᠢ ᠳᠡ᠂ ᠪᠠᠶᠠᠷᠲᠠᠢ ᠪᠠᠢᠭ᠎ᠠ᠂ ᠶᠠᠭᠠᠬᠢᠭᠠᠳ ᠭᠡᠵᠦ᠂ ᠡᠷᠡᠭᠦᠯ ᠬᠦᠨᠡᠰᠦ ᠤᠴᠢᠷ ᠠ᠋ᠴᠠ ᠬᠡᠷᠪᠡ ᠴᠢ ᠢᠳᠡᠪᠡᠯ ᠪᠠᠰᠠ ᠯᠠ ᠡᠷᠡᠭᠦᠯ ᠪᠣᠯᠤᠨ᠎ᠠ᠂ ᠡᠷᠡᠭᠦᠯ ᠪᠣᠯᠪᠠᠯ ᠵᠢᠷᠭᠠᠯᠲᠠᠢ ᠪᠠᠢᠳᠠᠭ ᠶᠤᠮ᠂
ᠺᠣᠨᠰᠤᠨᠢ᠄ ᠦᠭᠡᠢ᠂ ᠲᠡᠢᠮᠦ ᠪᠢᠰᠢ᠂ ᠪᠢ ᠦᠷᠦ ᠡᠪᠡᠳᠦᠭᠡᠳ ᠪᠠᠢᠨ᠎ᠠ᠂
ᠡᠵᠢ᠄ ᠠᠮᠰᠠᠭᠠᠳ ᠦᠵᠡᠪᠡᠯ ᠲᠠᠭᠠᠯᠠᠭᠳᠠᠵᠤ ᠮᠡᠳᠡᠨ᠎ᠡ ᠰᠢᠦ ᠳᠡ᠂ ᠵᠠ᠂ ᠠᠯᠢᠪ ᠠ᠋᠂
ᠺᠣᠨᠰᠤᠨᠢ᠄ ᠠ᠋ ᠬᠡᠩ᠂ ᠰᠡᠭᠦᠯ ᠦ᠋ᠨ ᠤᠳᠠᠭ᠎ᠠ ᠠᠮᠰᠠᠬᠤ ᠳ᠋ᠤ᠌ ᠲᠠᠭᠠᠯᠠᠭᠳᠠᠭ᠎ᠠ ᠦᠭᠡᠢ᠂ ᠳᠡᠩᠳᠡᠭᠦᠦ ᠭᠠᠰᠢᠭᠤᠨ ᠶᠤᠮ᠂
ᠡᠵᠢ᠄ ᠠ᠋᠂ ᠬᠡᠷᠪᠡ ᠴᠢᠮ᠎ᠠ ᠶ᠋ᠢ ᠠᠮᠰᠠᠪᠠᠯ ᠪᠢ ᠭᠡᠵᠢᠭᠡᠳᠡᠳᠡᠭ ᠮᠠᠩᠭᠤᠰ ᠪᠣᠯᠵᠤ ᠲᠣᠭᠯᠠᠶ᠎ᠠ᠂
ᠺᠣᠨᠰᠤᠨᠢ᠄ ᠵᠠ᠂ ᠡᠵᠢ ᠶ᠋ᠢᠨ ᠴᠠᠭ
ᠦᠰᠦᠭ ᠠᠮᠢᠯᠠᠭᠤᠯᠤᠭᠴᠢ : ᠠᠯᠲᠠᠨᠬᠤᠶᠠᠭ
ᠦᠰᠦᠭ ᠬᠠᠲᠠᠭᠴᠢ: ᠰ ᠂ ᠳᠣᠷᠣᠨ᠎ᠠ
ᠬᠢᠨᠠᠭᠴᠢ: ᠢᠷᠡᠭᠡᠳᠦᠢ ᠤᠳᠬᠠᠨᠰᠠᠸᠠ
