ᠡᠷᠡᠭᠦᠯ ᠮᠡᠨᠳᠦ ᠮᠢᠨᠢ ᠵᠣᠭᠰᠣᠯᠲᠠ ᠦᠭᠡᠢ - ᠷ ᠂ ᠴᠣᠢᠨᠣᠮ Эрүүл мэнд минь зогсолтгүй – Р ᠂ Чойном ᠰᠢᠯᠦᠭ ᠢᠷᠠᠭᠤ ᠨᠠᠢᠷᠠᠭ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠡᠷᠡᠭᠦᠯ ᠮᠡᠨᠳᠦ ᠮᠢᠨᠢ ᠵᠣᠭᠰᠣᠯᠲᠠ ᠦᠭᠡᠢ - ᠷ ᠂ ᠴᠣᠢᠨᠣᠮ Эрүүл мэнд минь зогсолтгүй – Р ᠂ Чойном

ᠡᠷᠡᠭᠦᠯ ᠮᠡᠨᠳᠦ ᠮᠢᠨᠢ ᠵᠣᠭᠰᠣᠯᠲᠠ ᠦᠭᠡᠢ - ᠷ ᠂ ᠴᠣᠢᠨᠣᠮ Эрүүл мэнд минь зогсолтгүй – Р ᠂ Чойном

2023-08-11

259

ᠡᠷᠡᠭᠦᠯ ᠮᠡᠨᠳᠦ ᠮᠢᠨᠢ ᠵᠣᠭᠰᠣᠯᠲᠠ ᠦᠭᠡᠢ


  ᠡᠷᠡᠭᠦᠯ ᠮᠡᠨᠳᠦ ᠮᠢᠨᠢ ᠵᠣᠭᠰᠣᠯᠲᠠ ᠦᠭᠡᠢ   
  ᠡᠯᠡᠰᠦᠨ ᠦ᠌ ᠰᠢᠷᠬᠡᠭ ᠰᠢᠭ ᠨᠤᠷᠠᠭᠰᠠᠭᠠᠷ ᠪᠠᠢᠨ᠎ᠠ  
  ᠠᠮᠢᠳᠤᠷᠠᠯ ᠤ᠋ᠨ ᠵᠠᠮ ᠡᠳᠦᠷ ᠡᠴᠡ ᠡᠳᠦᠷ ᠲᠦ᠍  
  ᠠᠯᠬᠤᠮ ᠭᠢᠰᠬᠢᠮ ᠢ᠋ᠶ᠋ᠡᠷ ᠠᠭᠰᠢᠭᠰᠠᠭᠠᠷ ᠪᠠᠢᠨ᠎ᠠ᠃   

  ᠬᠤᠭᠤᠴᠠᠭᠠᠲᠤ ᠴᠠᠭ ᠤ᠋ᠨ ᠬᠠᠲᠠᠭᠤ ᠪᠤᠭᠤᠢᠯᠢ  
  ᠭᠣᠭᠴᠣᠭ᠎ᠠ ᠨᠢ ᠤᠯᠠᠮ ᠴᠢᠩᠭᠠᠷᠠᠭᠰᠠᠭᠠᠷ ᠪᠠᠢᠨ᠎ᠠ  
  ᠬᠤᠪᠢ ᠶ᠋ᠢᠨ ᠬᠣᠷᠸ᠎ᠠ ᠲᠡᠭᠦᠰᠬᠡᠯ ᠤᠷᠤᠭᠤ ᠪᠠᠨ  
  ᠬᠤᠷᠳᠤᠯᠠᠵᠤ ᠤᠯᠠᠮ ᠬᠡᠯᠲᠡᠢᠭᠰᠡᠭᠡᠷ ᠪᠠᠢᠨ᠎ᠠ᠃   

  ᠶᠠᠭᠠᠷᠠᠤᠬᠠᠨ ᠴᠠᠭ ᠤ᠋ᠨ ᠵᠠᠭᠤᠯᠲᠠᠲᠠᠢ ᠬᠥᠮᠦᠰ  
  ᠶᠠᠳᠠᠷᠠᠬᠤ ᠶ᠋ᠢ ᠮᠢᠨᠢ ᠬᠠᠷᠠᠨ ᠪᠠᠶᠠᠰᠤᠭᠰᠠᠭᠠᠷ ᠪᠠᠢᠨ᠎ᠠ  
  ᠶᠠᠭᠠᠮᠠᠢ ᠳᠠᠰᠢᠭᠰᠠᠨ ᠳᠣᠲᠣᠨᠣ ᠶ᠋ᠢᠨ ᠨᠥᠬᠥᠳ  
  ᠶᠠᠭᠠᠬᠢᠶ᠎ᠠ ᠳᠠ ᠭᠡᠮᠡᠨ ᠲᠦᠭᠰᠢᠭᠰᠡᠭᠡᠷ ᠪᠠᠢᠨ᠎ᠠ᠃   

  ᠳᠠᠷᠬᠠᠨ ᠬᠠᠤᠯᠢ ᠲᠠᠢ ᠪᠤᠷᠬᠠᠨ ᠪᠠᠢᠭᠠᠯᠢ ᠶ᠋ᠢ  
  ᠳᠠᠪᠠᠬᠤ ᠦᠭᠡᠢ᠂ ᠳᠠᠭᠠᠬᠤ ᠨᠢ ᠭᠠᠷᠴᠠᠭ᠎ᠠ ᠦᠭᠡᠢ ᠴᠦ᠍  
  ᠳᠠᠢᠰᠤᠨ ᠢ᠋ ᠢᠨᠢᠶᠡᠯᠭᠡᠵᠦ ᠨᠥᠬᠥᠳ ᠢ᠋ ᠣᠬᠢᠯᠠᠭᠤᠯᠵᠤ  
  ᠳᠠᠯᠳᠢᠷᠠᠬᠤ ᠴᠠᠭ ᠮᠢᠨᠢ ᠪᠠᠰᠠ ᠴᠤ᠌ ᠪᠣᠯᠤᠭ᠎ᠠ ᠦᠭᠡᠢ!   

  ᠠᠮᠠᠨ ᠳ᠋ᠤ᠌ ᠬᠢᠭᠰᠡᠨ ᠬᠣᠭᠣᠯᠠ ᠪᠦᠬᠦᠨ ᠬᠠᠲᠠᠭᠤᠳᠠᠵᠤ   
  ᠠᠶᠠᠭᠠᠨ ᠳ᠋ᠤ᠌ ᠬᠢᠭᠰᠡᠨ ᠳᠠᠷᠠᠰᠤ ᠪᠦᠬᠦᠨ ᠭᠠᠰᠢᠭᠤᠳᠠᠵᠤ  
  ᠠᠪᠤᠭᠠᠳ ᠤᠩᠰᠢᠭᠰᠠᠨ ᠨᠣᠮ ᠪᠦᠬᠦᠨ ᠬᠦᠨᠳᠦᠳᠡᠵᠦ  
  ᠲᠡᠷᠡ ᠴᠠᠭ ᠲᠤ᠌ ᠪᠢ ᠥᠪᠡᠷ ᠢ᠋ᠶ᠋ᠡᠷ ᠶᠠᠪᠤᠨ᠎ᠠ᠃   

  ᠪᠡᠭᠡᠷᠡᠭᠰᠡᠨ ᠢᠯᠠᠭ᠎ᠠ ᠰᠢᠭ᠋ ᠴᠣᠩᠬᠣᠨ ᠤ᠋ ᠨᠠᠷᠠ ᠪᠠᠷᠠᠳᠠᠵᠤ   
  ᠪᠡᠯᠡᠨ ᠬᠤᠪᠴᠠᠰᠤᠨ ᠤ᠋ ᠳ᠋ᠤᠭᠠᠷ ᠪᠦᠬᠦᠨ ᠲᠣᠮᠣᠳᠠᠵᠤ  
  ᠪᠡᠬᠡ ᠴᠠᠭᠠᠰᠤ ᠦᠵᠦᠭ ᠭᠤᠷᠪᠠ ᠠᠬᠠᠳᠠᠵᠤ  
  ᠲᠡᠷᠡ ᠴᠠᠭ ᠲᠤ᠌ ᠪᠢ ᠥᠪᠡᠷ ᠢ᠋ᠶ᠋ᠡᠷ ᠶᠠᠪᠤᠨ᠎ᠠ᠃   

  ᠲᠡᠩᠬᠡᠭᠡ ᠰᠤᠯᠠᠷᠠᠭᠰᠠᠨ ᠠᠷᠪᠠᠨ ᠬᠤᠷᠤᠭᠤ  
  ᠲᠡᠮᠡᠴᠡᠯ ᠦ᠋ᠨ ᠵᠠᠪᠰᠠᠩ ᠦᠵᠦᠭ ᠢ᠋ᠶ᠋ᠡᠷ ᠣᠷᠬᠢᠬᠤ ᠳ᠋ᠤ᠌   
  ᠳᠠᠢᠰᠤᠨ ᠰᠥᠭᠥᠳᠴᠦ᠂ ᠨᠥᠬᠥᠳ ᠥᠨᠳᠡᠢᠬᠦ   
  ᠳᠠᠷᠬᠠᠨ ᠪᠦᠲᠦᠭᠡᠯ ᠮᠢᠨᠢ ᠦᠯᠡᠳᠡᠬᠦ ᠪᠣᠯᠤᠨ᠎ᠠ᠃    

            1975.11   

※ ᠢᠷᠡᠯᠲᠡ᠄
《 ᠷ · ᠴᠣᠶ᠋ᠢᠨᠣᠮ ᠦ᠋ᠨ ᠰᠢᠯᠦᠭ ᠵᠣᠬᠢᠶᠠᠯ ᠬᠤᠷᠢᠶᠠᠬᠤᠢ — 》
            — ᠤᠶᠠᠩᠬ᠋᠎ᠠ ᠶ᠋ᠢᠨ ᠰᠢᠯᠦᠭ ᠡᠴᠡ ᠬᠠᠭᠤᠯᠪᠠ ᠃
             ᠪᠢ‍  · ᠳᠠᠮᠳᠢᠨᠰᠦ᠋ᠷᠦᠩ ᠡᠮᠬᠢᠤᠠᠬᠡᠨ ᠨᠠᠶ᠋ᠢᠷᠠᠭᠤᠯᠪᠠ
             ᠬᠠᠷᠢᠭᠤᠴᠠᠭᠰᠠᠨ ᠨᠠᠶ᠋ᠢᠷᠠᠭᠤᠯᠤᠭᠴᠢ ᠄ ᠪᠣᠷᠤᠨᠤᠳ ᠳᠣᠷᠵᠢ

     ᠦᠰᠦᠭ ᠠᠮᠢᠯᠠᠭᠤᠯᠤᠭᠴᠢ᠄ ᠱᠠᠭᠰᠠᠯ  
       ᠬᠢᠨᠠᠭᠴᠢ᠄  ᠣᠳᠬᠠᠨᠰᠣ᠎ᠠ