ᠺᠣᠨᠰᠤᠨᠢ ᠪᠠ ᠨᠠᠢᠵᠠ ᠨᠤᠭᠤᠳ-ᠭᠡᠨᠡᠳᠲᠡ ᠶᠢᠨ ᠪᠡᠯᠡᠭГэнэтийн бэлэг-Консуни ба найзуудKonsuni ᠬᠡᠤᠬᠡᠯᠳᠡᠢ ᠺᠢᠨᠣ᠋

  1. ᠲᠡᠷᠢᠭᠦᠨ ᠨᠢᠭᠤᠷ >
  2. ᠨᠡᠪᠲᠡᠷᠡᠭᠦᠯᠭᠡ >
  3. ᠺᠣᠨᠰᠤᠨᠢ ᠪᠠ ᠨᠠᠢᠵᠠ ᠨᠤᠭᠤᠳ-ᠭᠡᠨᠡᠳᠲᠡ ᠶᠢᠨ ᠪᠡᠯᠡᠭГэнэтийн бэлэг-Консуни ба найзуудKonsuni

ᠺᠣᠨᠰᠤᠨᠢ ᠪᠠ ᠨᠠᠢᠵᠠ ᠨᠤᠭᠤᠳ-ᠭᠡᠨᠡᠳᠲᠡ ᠶᠢᠨ ᠪᠡᠯᠡᠭГэнэтийн бэлэг-Консуни ба найзуудKonsuni

2023-08-10

319

ᠺᠣᠨᠰᠤᠨᠢ ᠪᠠ ᠨᠠᠢᠵᠠ ᠨᠤᠭᠤᠳ-ᠭᠡᠨᠡᠳᠲᠡ ᠶᠢᠨ ᠪᠡᠯᠡᠭ

ᠡᠵᠢ : ᠳᠤᠷ᠎ᠠ ᠦᠭᠡᠢ ᠪᠠᠢᠪᠠᠯ ᠢᠳᠡᠬᠦ ᠦᠭᠡᠢ ᠪᠠᠢᠵᠤ ᠪᠣᠯᠤᠨ᠎ᠠ ᠰᠢᠦ ᠳᠡ᠂
ᠭᠡᠬᠦ  ᠳ᠋ᠦ᠍ ᠨᠢᠭᠡ ᠠᠮᠰᠠᠭᠠᠳ ᠦᠵᠡᠴᠢᠬᠡ᠂ ᠵᠠ ᠠᠯᠢᠪ᠂
ᠺᠤᠨᠰᠤᠨᠢ: ᠦᠭᠡᠢ᠂ ᠵᠠᠪᠠᠭᠠᠨ ᠶᠠᠭᠤᠮ᠎ᠠ᠃
ᠡᠵᠢ: ᠵᠦᠭᠡᠷ ᠯᠡ ᠠᠮᠰᠠᠭᠠᠳ ᠦᠵᠡ ᠯᠡ ᠳᠡ᠂ ᠠᠯᠢᠪ ᠠᠮᠰᠠᠭᠠᠳ ᠦᠵᠡᠴᠢᠬᠡ᠂
ᠺᠤᠨᠰᠤᠨᠢ: ᠠ᠂ ᠦᠭᠡᠢ᠂ ᠡᠵᠢ ᠲᠠ ᠠᠮᠰᠠᠭᠰᠠᠨ ᠰᠢᠳᠡ ᠠ᠋᠂
ᠡᠵᠢ: ᠠᠷᠠᠢ ᠴᠤ᠌ ᠳᠠ᠂ ᠥᠨᠥᠳᠥᠷ ᠣᠨᠴᠠᠭᠠᠢ ᠡᠳᠦᠷ᠃
ᠺᠤᠨᠰᠤᠨᠢ: ᠣᠨᠴᠠᠭᠠᠢ? ᠮᠢᠨᠦ ᠲᠥᠷᠥᠭᠰᠡᠨ ᠡᠳᠦᠷ ᠯᠠᠪ ᠪᠢᠰᠢ᠂ ᠪᠠᠰᠠ ᠺᠤᠯᠤᠶᠢ ᠶ᠋ᠢᠨ ᠲᠥᠷᠥᠭᠰᠡᠨ ᠡᠳᠦᠷ ᠴᠦ᠍ ᠪᠢᠰᠢ᠂ᠦ᠂ ᠪᠢ ᠮᠡᠳᠡᠯ᠎ᠡ᠂ᠬᠠᠪᠤᠷ ᠤ᠋ᠨ ᠠᠮᠠᠷᠠᠯᠲᠠ ᠡᠬᠢᠯᠡᠴᠢᠬᠡ ᠤᠤ?
ᠡᠵᠢ: ᠪᠠᠢᠵᠠᠭᠠᠷᠠᠢ᠂ ᠡᠬᠢᠯᠡᠭᠡ ᠦᠭᠡᠢ᠂ ᠥᠭᠡᠷ᠎ᠡ ᠲᠠᠭᠠᠮᠠᠭ ᠪᠠᠢᠨ᠎ᠠ ᠤᠤ? ᠪᠠᠷᠤᠭ
ᠳᠠᠭᠠᠯ᠎ᠠ᠃
ᠺᠤᠨᠰᠤᠨᠢ: ᠦ᠂ ᠪᠢ ᠮᠡᠳᠡᠯ᠎ᠡ
ᠡᠵᠢ: ᠵᠠ᠂ ᠶᠠᠮᠠᠷ ᠡᠳᠦᠷ ᠪᠣᠢ?
ᠺᠤᠨᠰᠤᠨᠢ: ᠦᠵᠡᠰᠬᠦᠯᠡᠩ ᠳᠡᠭᠡᠷ᠎ᠡ ᠣᠴᠢᠵᠤ ᠮᠣᠷᠢᠨ ᠲᠣᠭᠣᠷᠢᠭᠤᠯᠭ᠎ᠠ ᠲᠣᠭᠯᠠᠳᠠᠭ ᠡᠳᠦᠷ᠃
ᠡᠵᠢ: ᠲᠡᠷᠡ ᠴᠦ᠍ ᠶᠠᠭᠠᠬᠢᠬᠤᠪ ᠳᠠ᠂ ᠲᠡᠢᠮᠦ ᠴᠦ᠍ ᠣᠨᠴᠠᠭᠠᠢ ᠡᠳᠦᠷ ᠪᠢᠰᠢ ᠳᠡ
ᠺᠤᠨᠰᠤᠨᠢ: ᠡᠵᠢ ᠠ᠋? ᠲᠠ ᠶᠠᠭᠠᠬᠢᠪᠠ?
ᠡᠵᠢ: ᠪᠢᠳᠡ ᠬᠣᠴᠣᠷᠬᠤ ᠨᠢ ᠬᠣᠭᠣᠯᠠ ᠪᠠᠨ ᠢᠳᠡ!
ᠺᠤᠨᠰᠤᠨᠢ: ᠡᠩ᠂ ᠠᠷᠠᠢ ᠳᠡᠭᠡᠷ᠎ᠡ ᠰᠠᠨᠠᠭ᠎ᠠ ᠪᠠᠢᠨ᠎ᠠ᠂ ᠪᠢ ᠭᠡᠷ ᠲᠦ᠍ ᠪᠡᠨ ᠦᠯᠡᠳᠡᠵᠦ ᠲᠠᠨ ᠲᠠᠢ ᠣᠷᠣᠢ ᠪᠣᠯᠲᠠᠯ᠎ᠠ ᠲᠣᠭᠯᠠᠶ᠎ᠠ᠂ᠲᠠ ᠶᠠᠭᠤ ᠭᠡᠮᠡᠷ ᠪᠠᠢᠨ᠎ᠠ ᠤᠤ?
ᠡᠵᠢ: ᠡᠵᠢ ᠨᠢ ᠠᠵᠢᠯ ᠲᠠᠢ ᠰᠢᠦ ᠳᠡ? ᠪᠠᠰᠠ ᠴᠢ ᠰᠤᠷᠭᠠᠭᠤᠯᠢ ᠳ᠋ᠤ᠌ ᠳᠤᠷ᠎ᠠ ᠲᠠᠢ ᠭᠡᠰᠡᠨ᠂ ᠠᠦ᠋ᠲ᠋ᠣᠪᠦ᠋ᠰ ᠢᠷᠡᠴᠢᠬᠡᠯ᠎ᠡ?
ᠡᠵᠢ: ᠠᠯᠢᠪ᠂ ᠮᠠᠰᠢᠨ ᠠ᠋ᠴᠠ ᠪᠣᠯᠭᠣᠮᠵᠢᠯᠠ?
ᠺᠤᠨᠰᠤᠨᠢ: ᠦ᠂ ᠴᠢ ᠤᠤ?ᠰᠠᠢᠨ ᠤᠤ? ᠰᠠᠢᠨ ᠤᠤ?ᠰᠠᠢᠨ ᠤᠤ? ᠰᠠᠢᠮᠢ ᠰᠠᠢᠨ ᠤᠤ? ᠢᠮᠡᠢ
ᠣᠭᠣᠯᠢ : ᠡᠷᠬᠡ ᠴᠢᠯᠥᠭᠡ᠂ ᠲᠡᠢᠮᠦ ᠠ᠋᠂ ᠡᠨᠳᠡ ᠪᠠᠢᠬᠤ ᠳᠡᠩᠳᠡᠭᠦᠦ ᠳᠠᠪᠴᠢᠭᠤ ᠶᠤᠮ ᠠ᠋᠂ ᠫᠥᠬᠥ? ᠥᠷᠯᠥᠭᠡ ᠡᠨᠳᠡ ᠶᠡᠬᠡ ᠴᠢᠮᠡᠭᠡ ᠲᠡᠢ ᠪᠠᠢᠬᠤ ᠶᠤᠮ ᠠ᠋᠂ ᠶᠠᠭ ᠯᠠ ᠴᠠᠬᠤᠯᠠᠢ ᠶ᠋ᠢᠨ ᠰᠦᠷᠦᠭ ᠰᠢᠭ᠂ ᠪᠠᠰᠠ ᠪᠠᠬᠠᠨ ᠰᠠᠷᠮᠠᠭᠴᠢᠨ ᠨᠤᠭᠤᠳ ᠰᠢᠭ᠋᠃
ᠡᠵᠢ: ᠬᠥᠭᠵᠢᠯᠲᠡᠢ ᠪᠠᠢᠭᠠᠷᠠᠢ?
ᠺᠤᠨᠰᠤᠨᠢ: ᠵᠠ᠂ ᠪᠠᠶᠠᠷᠲᠠᠢ ᠡᠵᠢ ᠠ᠋? ᠬᠢᠴᠢᠶᠡᠯ ᠲᠠᠷᠬᠠᠭᠠᠳ ᠠᠭᠤᠯᠵᠠᠶ᠎ᠠ !
ᠡᠵᠢ: ᠡᠳᠦᠷ ᠢ᠋ ᠰᠠᠢᠬᠠᠨ ᠥᠩᠭᠡᠷᠡᠭᠦᠯᠦᠭᠡᠷᠡᠢ᠂ ᠺᠤᠨᠰᠤᠨᠢ᠂
ᠶᠠᠮᠠᠷ ᠲᠠᠭᠠᠨ ᠴᠤ᠌ ᠨᠢᠭᠡ ᠠᠵᠢᠯ ᠢ᠋ ᠠᠮᠵᠢᠭᠤᠯᠤᠯ᠎ᠠ᠂ ᠲᠡᠢᠮᠦ ᠠ᠋᠂ ᠭᠡᠬᠦ ᠳ᠋ᠦ᠍ ᠪᠠᠨ ᠯᠠ ᠮᠢᠨᠦ ᠲᠥᠷᠥᠭᠰᠡᠨ ᠡᠳᠦᠷ ᠢ᠋ ᠬᠡᠨ ᠴᠦ᠍ ᠰᠠᠨᠠᠬᠤ ᠦᠭᠡᠢ ᠪᠠᠢᠭ᠎ᠠ ᠳ᠋ᠤ᠌ ᠭᠠᠢᠬᠠᠬᠤ ᠶᠤᠮ᠃ ᠵᠠ ᠵᠠ ᠲᠡᠭᠦᠨ ᠳ᠋ᠦ᠍ ᠭᠣᠮᠣᠳᠠᠭᠠᠳ ᠶᠠᠭᠠᠬᠢᠬᠤᠪ?
ᠡᠵᠢ: ᠴᠢᠮ᠎ᠠ ᠳ᠋ᠤ᠌ ᠪᠣᠯ ᠡᠳᠦᠷ ᠪᠣᠯᠭᠠᠨ ᠣᠨᠴᠠᠭᠠᠢ ᠰᠢᠦ ᠳᠡ᠂ᠴᠢ ᠨᠢᠭᠡ ᠯᠡ ᠶᠠᠭᠤᠮ᠎ᠠ
ᠪᠣᠳᠣᠵᠤ ᠳᠠ᠃
ᠺᠤᠯᠤᠶᠢ᠄ ᠲᠥᠷᠥᠭᠰᠡᠨ ᠡᠳᠦᠷ ᠦ᠋ᠨ ᠮᠡᠨᠳᠦ ᠡᠵᠢ ᠠ᠋᠂ ᠦ ᠪᠠᠶᠠᠷᠯᠠᠯ᠎ᠠ᠂ ᠬᠣᠩᠭᠣᠷ ᠮᠢᠨᠢ᠂ᠴᠢ ᠡᠵᠢ ᠳ᠋ᠡᠭᠡᠨ ᠦᠨᠡᠬᠡᠷ ᠰᠠᠢᠨ ᠶᠤᠮ ᠠ᠋!
ᠣᠭᠣᠯᠢ : ᠫᠥᠬᠥ? ᠲᠥᠷᠥᠭᠰᠡᠨ ᠡᠳᠦᠷ ᠭᠡᠨ᠎ᠡ ᠤᠤ? ᠡᠵᠢ ᠶ᠋ᠢᠨ ᠬᠢᠨᠢ ᠲᠥᠷᠥᠭᠰᠡᠨ ᠡᠳᠦᠷ ᠭᠡᠳᠡᠭ ᠢ᠋ ᠺᠤᠨᠰᠤᠨᠢ ᠳ᠋ᠤ᠌ ᠬᠡᠯᠡᠬᠦ ᠬᠡᠷᠡᠭ ᠲᠡᠢ᠂
ᠺᠤᠨᠰᠤᠨᠢ: ᠡᠩ᠂ ᠦᠭᠡᠢ᠂ᠰᠠᠶᠢ ᠤᠤ᠂ ᠪᠢ ᠲᠡᠭᠦᠨ ᠳ᠋ᠦ᠍ ᠪᠡᠯᠡᠭ ᠠᠪᠤᠭ᠎ᠠ ᠦᠭᠡᠢ ᠰᠢᠳᠡ᠂
ᠪᠠᠢᠵᠠ? ᠡᠵᠢ ᠡᠭᠡᠮᠦᠭ ᠲᠦ᠍ ᠳᠤᠷ᠎ᠠ ᠲᠠᠢ ᠭᠡᠪᠡᠴᠦ ᠨᠠᠳᠠ ᠳᠤ ᠠᠯᠠᠭ᠎ᠠ?
ᠣᠭᠣᠯᠢ : ᠪᠢ ᠶᠠᠭᠤ ᠪᠣᠳᠣᠵᠤ ᠪᠠᠢᠨ᠎ᠠ ᠭᠡᠵᠢ?ᠨᠠᠳᠠ ᠦᠭᠡᠢ ᠪᠣᠯ ᠴᠢ ᠪᠠᠯᠠᠷᠠᠬᠤ ᠨᠢ᠂ᠪᠢ ᠤᠬᠠᠭᠠᠨ ᠲᠠᠢ᠂
ᠬᠥᠭᠰᠢᠨ ᠪᠢᠰᠢ ᠴᠦ᠍ ᠭᠡᠰᠡᠨ ᠬᠥᠭᠰᠢᠨ ᠣᠭᠣᠯᠢ ᠰᠢᠭ᠋ ᠤᠬᠠᠭᠠᠨ ᠲᠠᠢ᠂ ᠲᠡᠢᠮᠦ ᠠ᠋?
ᠺᠤᠨᠰᠤᠨᠢ: ᠪᠢ ᠁ ᠪᠢ ᠮᠡᠳᠡᠯ᠎ᠡ᠂ ᠪᠢ ᠣᠯᠤᠯ᠎ᠠ᠂ᠲᠡᠢᠮᠦ ᠠ᠋
ᠣᠭᠣᠯᠢ : ᠵᠠ᠂ ᠵᠠ
ᠺᠤᠨᠰᠤᠨᠢ: ᠨᠠᠳᠠᠳᠤ ᠦᠨᠡᠬᠡᠷ ᠰᠠᠢᠬᠠᠨ ᠲᠥᠯᠥᠪᠯᠡᠭᠡ ᠪᠠᠢᠨ᠎ᠠ᠃
ᠡᠨᠡ ᠬᠠᠮᠤᠭ ᠤ᠋ᠨ ᠰᠠᠢᠬᠠᠨ ᠲᠥᠷᠥᠭᠰᠡᠨ ᠡᠳᠦᠷ ᠪᠣᠯᠤᠨ᠎ᠠ᠃
ᠲᠡᠭᠡᠭᠡᠳ ᠶᠠᠭ ᠶᠠᠭᠤᠨ ᠠ᠋ᠴᠠ ᠡᠬᠢᠯᠡᠬᠦ ᠤᠤ?
ᠡᠨᠡ ᠭᠤᠷᠪᠠᠨ ᠬᠡᠰᠡᠭ ᠡᠴᠡ ᠪᠦᠷᠢᠳᠦᠨ᠎ᠡ
ᠡᠬᠢᠨ ᠦ᠌ ᠠᠯᠬᠤᠮ ᠵᠦᠷᠵᠢ ᠶ᠋ᠢᠨ ᠰᠢᠭᠦᠰᠦ
ᠵᠦᠷᠵᠢ ᠶ᠋ᠢᠨ ᠰᠢᠭᠦᠰᠦᠨ ᠳ᠋ᠦ᠍ ᠪᠦᠭᠦᠳᠡ ᠳᠤᠷᠠᠲᠠᠢ᠃
ᠳᠠᠷᠠᠭ᠎ᠠ ᠶ᠋ᠢᠨ ᠬᠡᠰᠡᠭ ᠨᠢ ᠴᠡᠴᠡᠭ ᠦ᠋ᠳ᠂ᠡᠵᠢ ᠶᠠᠭᠠᠨ ᠴᠡᠴᠡᠭ ᠲᠦ᠍ ᠶᠡᠬᠡ ᠳᠤᠷᠠᠲᠠᠢ
ᠲᠡᠷᠡ ᠪᠣᠯ ᠬᠣᠶᠠᠳᠤᠭᠠᠷ ᠬᠡᠰᠡᠭ
ᠣᠭᠣᠯᠢ : ᠭᠣᠶᠣ ᠦᠨᠦᠷ ᠲᠡᠢ ᠬᠡᠰᠡᠭ ᠪᠣᠯᠬᠤ ᠨᠢ ᠳᠡ᠂
ᠡᠵᠢ ᠬᠤᠪᠴᠠᠰᠤ ᠪᠠᠨ ᠤᠬᠢᠶᠠᠬᠤ ᠵᠠᠭᠤᠷ᠎ᠠ ᠪᠢ ᠺᠤᠯᠤᠶᠢ ᠲᠠᠢ ᠲᠣᠭᠯᠠᠨ᠎ᠠ᠃
ᠦᠨᠡᠬᠡᠷ ᠳᠣᠬᠢ᠂ ᠬᠣᠶᠠᠳᠤᠭᠠᠷ ᠬᠡᠰᠡᠭ᠂ ᠭᠤᠷᠪᠠᠳᠤᠭᠠᠷ ᠬᠡᠰᠡᠭ
ᠣᠭᠣᠯᠢ : ᠵᠦᠢᠲᠡᠢ᠂ ᠨᠢᠭᠡ᠂ ᠬᠣᠶᠠᠷ᠂ ᠭᠤᠷᠪᠠ᠂
ᠲᠡᠭᠡᠪᠡᠯ ᠡᠬᠢᠯᠡᠬᠦ ᠳ᠋ᠦ᠍ ᠪᠡᠯᠡᠨ ᠤᠤ?
ᠪᠠᠭ ᠤ᠋ᠨ ᠠᠵᠢᠯ ᠤᠴᠢᠷ ᠠ᠋ᠴᠠ ᠪᠢ ᠴᠢᠮ᠎ᠠ ᠦᠭᠡᠢ ᠪᠡᠷ ᠬᠢᠵᠦ ᠴᠢᠳᠠᠬᠤ ᠦᠭᠡᠢ᠂
ᠺᠤᠨᠰᠤᠨᠢ: ᠤᠤᠭᠤᠴᠢᠬ᠎ᠠ᠂ ᠲᠠᠭᠠᠯᠠᠭᠳᠠᠨ᠎ᠠ᠂ ᠵᠦᠷᠵᠢ ᠶ᠋ᠢᠨ ᠰᠢᠭᠦᠰᠦ ᠪᠣᠯᠪᠠᠴᠤ ᠨᠠᠷᠠᠨ ᠤ᠋ ᠭᠡᠷᠡᠯ ᠪᠣᠯᠤᠨ ᠰᠦᠦᠫᠡᠷ ᠬᠦᠴᠦ ᠰᠢᠭ ᠠᠮᠲᠠᠲᠠᠢ᠂
ᠡᠵᠢ: ᠲᠡᠢᠮᠦ ᠭᠡᠵᠦ ᠤᠤ? ᠴᠢ ᠮᠢᠨᠢ ᠦᠨᠡᠬᠡᠷ ᠤᠬᠠᠭᠠᠨ ᠲᠠᠢ ᠶᠤᠮ ᠠ᠋᠂ ᠬᠣᠩᠭᠣᠷ ᠮᠢᠨᠢ᠂
ᠪᠠᠶᠠᠷᠯᠠᠯ᠎ᠠ!
ᠺᠤᠨᠰᠤᠨᠢ: ᠦ᠁ ᠶᠠᠭᠤ ᠁ ᠪᠢ ᠳᠠᠪᠤᠰᠤ ᠰᠢᠬᠢᠷ ᠬᠣᠶᠠᠷ ᠤ᠋ᠨ ᠠᠯᠢ ᠨᠢ ᠬᠢᠬᠦ ᠶ᠋ᠢ ᠮᠡᠳᠡᠬᠦ ᠦᠭᠡᠢ ᠤᠴᠢᠷ ᠠ᠋ᠴᠠ ᠳᠠᠭᠠᠭᠠᠳ ᠬᠢᠴᠢᠬᠡᠭᠰᠡᠨ ᠶᠦᠮ

   ᠦᠰᠦᠭ ᠠᠮᠢᠯᠠᠭᠤᠯᠤᠭᠴᠢ᠄ ᠰ᠂ᠳᠣᠷᠣᠨ᠎ᠠ
   ᠦᠰᠦᠭ ᠬᠠᠳᠠᠭᠴᠢ᠄ ᠲᠦᠮᠡᠨᠴᠡᠴᠡᠭ
   ᠦᠰᠦᠭ ᠬᠢᠨᠠᠭᠴᠢ ᠄ ᠣᠳᠬᠠᠨᠰᠸ᠎ᠠ᠂ᠰᠡᠷᠭᠦᠯᠡᠩ᠂ ᠭᠠᠷᠮ᠎ᠠ