ᠨᠣᠶᠠᠨ ᠲᠠᠯᠬᠠᠨ ᠤ ᠦᠰᠦᠴᠢᠨ ᠦ ᠭᠠᠵᠠᠷ2-04ᠮᠠᠺᠠᠷᠤᠨ ᠤ ᠠᠮᠠᠷᠠᠯᠲᠠМакароны амралт-BreadBarbershop2
ᠮᠠᠺᠠᠷᠤᠨ ᠤ᠋ ᠠᠮᠠᠷᠠᠯᠲᠠ
—ᠴᠡᠩᠬᠡᠷ ᠲᠣᠰᠣᠨ ᠳᠤᠰᠤᠯ ᠭᠣᠶᠣ ᠠᠮᠲᠠᠲᠠᠢ᠂ ᠲᠠᠩᠰᠤᠭ ᠵᠥᠭᠡᠯᠡᠨ ᠪᠣᠯᠤᠭᠰᠠᠨ ᠰᠢᠬᠢᠷᠯᠢᠭ ᠲᠡᠢ ᠂
—ᠤᠤᠬᠠᠢ᠂ ᠮᠠᠺᠠᠷᠤᠨ
—ᠬᠠᠮᠤᠭ ᠤ᠋ᠨ ᠠᠮᠲᠠᠲᠠᠢ᠂
—ᠦ᠂ ᠦ ᠂ ᠮᠠᠺᠠᠷᠤᠨ ᠮᠠᠺᠠᠷᠤᠨ᠂ ᠶᠠᠮᠠᠷ ᠬᠥᠭᠡᠷᠦᠬᠦᠨ ᠶᠦᠮ ᠪᠣᠢ?
—ᠲᠡᠦᠬᠡ ᠴᠠᠭ ᠦᠶ᠎ᠡ ᠶ᠋ᠢᠨ ᠬᠠᠮᠤᠭ ᠤ᠋ᠨ ᠬᠥᠭᠡᠷᠦᠬᠦᠨ ᠫᠤᠤᠫᠤᠲ᠃
—ᠦ᠂ ᠶᠠᠳᠠᠷᠠᠴᠢᠬᠠᠯ᠎ᠠ᠂ ᠵᠢᠭᠠᠬᠠᠨ ᠲᠤᠭ ᠬᠢᠭᠡᠳ ᠲᠡᠭᠡᠶ᠎ᠡ᠃
—ᠰᠡᠷᠢᠭᠡᠴᠢ᠂ ᠤᠨᠲᠠᠵᠤ ᠪᠠᠢᠬᠤ ᠴᠠᠭ ᠠᠯᠠᠭ᠎ᠠ᠂ ᠬᠣᠷᠣᠮ ᠮᠥᠴᠡ ᠪᠣᠯᠭᠠᠨ ᠴᠢᠨᠢ ᠬᠤᠪᠢᠶᠠᠷᠢ ᠲᠠᠢ᠃ ᠬᠣᠶᠠᠷ ᠴᠠᠭ ᠲᠤ᠌ ᠰᠤᠷᠤᠯᠴᠠᠯᠭ᠎ᠠ ᠪᠠᠨ ᠳᠥᠷᠪᠡᠨ ᠴᠠᠭ ᠲᠤ᠌ ᠳᠠᠷᠠᠭᠠᠴᠢ ᠶ᠋ᠢᠨ ᠲᠣᠭᠯᠠᠯᠲᠠ ᠶ᠋ᠢᠨ ᠬᠤᠭᠤᠴᠠᠭ᠎ᠠ ᠥᠷᠨᠢᠭᠦᠯᠦᠨ᠎ᠡ᠃ ᠵᠢᠷᠭᠤᠭᠠᠨ ᠴᠠᠭ ᠲᠤ᠌ ᠶᠠᠷᠢᠯᠴᠠᠯᠭ᠎ᠠ ᠲᠠᠢ᠂ ᠥᠨᠥ ᠣᠷᠣᠢ ᠳᠠᠬᠢᠭᠠᠳ ᠲᠣᠭᠯᠠᠯᠲᠠ ᠲᠠᠢ᠃
—ᠡᠩ᠂ ᠪᠢ ᠵᠠᠪᠠᠯ᠂
—ᠲᠡᠢᠮᠦ ᠠ᠋᠂ ᠨᠡᠭᠡᠷᠡᠨ ᠮᠠᠷᠲᠠᠭᠰᠠᠨ ᠠ᠋ᠴᠠ᠂
—ᠡᠩ᠁
— ᠳᠠᠰᠬᠠᠯ ᠨᠡᠮᠡᠯ᠎ᠡ᠂ ᠴᠢᠮ᠎ᠠ ᠳ᠋ᠤ᠌ ᠤᠷᠮ᠎ᠠ ᠵᠣᠷᠢᠭ ᠳᠤᠲᠠᠭᠳᠠᠭᠠᠳ ᠪᠠᠢᠭ᠎ᠠ ᠶᠤᠮ ᠴᠢᠨᠢ⁈
— ᠠ᠂ ᠮᠢᠨᠦ ᠲᠥᠷᠥᠭᠰᠡᠨ ᠡᠳᠦᠷ ᠢ᠋ᠶ᠋ᠡᠷ ᠤᠤ? ᠪᠢ ᠠᠮᠠᠷᠠᠵᠤ ᠪᠣᠯᠳᠠᠭ ᠦᠭᠡᠢ ᠶᠦ᠍ᠮ ᠤᠤ?
— ᠪᠠᠢᠵᠠᠭᠠᠷᠠᠢ᠂ ᠬᠦ ᠬᠦ᠂ ᠬᠦ᠂ ᠪᠢ ᠲᠥᠷᠥᠭᠰᠡᠨ ᠡᠳᠦᠷ ᠢ᠋ᠶ᠋ᠡᠷ ᠴᠢᠨᠢ ᠨᠢᠭᠡ ᠶᠠᠭᠤᠮ᠎ᠠ ᠪᠡᠯᠡᠳᠦᠭᠰᠡᠨ᠃
—ᠫᠦ᠁ ᠠ᠁
—ᠬᠡ᠂ ᠬᠡ ᠬᠠ ᠬᠠ ᠬᠠ᠂ ᠲᠥᠷᠥᠭᠰᠡᠨ ᠡᠳᠦᠷ ᠦ᠋ᠨ ᠮᠡᠨᠳᠦ ᠬᠦᠷᠭᠡᠶ᠎ᠡ ᠲᠥᠷᠥᠭᠰᠡᠨ ᠡᠳᠦᠷ ᠦ᠋ᠨ ᠮᠡᠨᠳᠦ ᠬᠦᠷᠭᠡᠶ᠎ᠡ ᠬᠠᠢᠷᠠᠲᠤ ᠮᠠᠺᠠᠷᠤᠨ ᠠ᠋᠂ ᠲᠥᠷᠥᠭᠰᠡᠨ ᠡᠳᠦᠷ ᠦ᠋ᠨ ᠮᠡᠨᠳᠦ ᠬᠦᠷᠭᠡᠶ᠎ᠡ᠂
— ᠲᠡᠢᠮᠦ ᠠ᠋᠂ ᠬᠡᠯᠡᠬᠦ ᠪᠡᠨ ᠮᠠᠷᠲᠠᠴᠢᠬᠠᠵᠠᠢ᠃ᠲᠥᠷᠥᠭᠰᠡᠨ ᠡᠳᠦᠷ ᠲᠡᠭᠡᠨ ᠵᠣᠷᠢᠭᠤᠯᠵᠤ ᠥᠨᠥᠳᠥᠷ ᠰᠢᠳᠦᠨ ᠪᠢᠰᠢᠷᠡᠭᠴᠢ ᠲᠡᠢ ᠪᠡᠨ ᠠᠭᠤᠯᠵᠠ᠂ ᠬᠡ ᠬᠡ ᠬᠡ
—ᠶᠠᠭᠤ?
— ᠠ᠂ ᠦ᠋᠂᠂᠂᠂ᠠ᠂ ᠬᠥᠥᠭ᠁ ᠠᠷᠪᠠᠨ ᠼᠸᠨᠲ᠂ ᠣᠳᠣ ᠳᠥᠷᠪᠡᠨ ᠮᠢᠩᠭ᠎ᠠ ᠶ᠋ᠢ ᠴᠤᠭᠯᠠᠭᠤᠯᠤᠭᠠᠳ ᠡᠨᠡ ᠰᠠᠷ᠎ᠠ ᠶ᠋ᠢᠨ ᠲᠦᠷᠢᠶᠡᠰᠦ ᠪᠡᠨ ᠲᠥᠯᠦᠴᠢᠬᠡᠨᠡ᠃
ᠠ᠂ ᠡᠩ ᠠ᠋ ᠬᠥᠥᠭ᠁ ᠬᠥᠶᠢ? ᠬᠡ ᠬᠡ ᠬᠡ
—ᠰᠢᠲᠦᠨ ᠪᠢᠰᠢᠷᠡᠭᠴᠢ ᠤᠤ?
ᠲᠡᠢᠮᠦ ᠠ᠋᠂ ᠪᠢ ᠪᠠᠢᠨ᠎ᠠ᠂ ᠮᠠᠺᠠᠷᠤᠨ᠂
— ᠳᠠᠬᠢᠭᠠᠳ ᠠᠷᠪᠠᠨ ᠼᠸᠨᠲ ᠬᠠ ᠬᠠ ᠬᠠ᠂ ᠥᠨᠥᠳᠥᠷ ᠪᠢ ᠠᠵᠠ ᠲᠠᠢ ᠪᠠᠢᠨ᠎ᠠ ᠰᠢᠦ᠃ᠨᠢᠭᠡ ᠡᠳᠦᠷ ᠬᠣᠷᠢᠨ ᠼᠸᠨᠲ ᠂ ᠬᠥᠥᠭ᠂
—ᠨᠢᠭᠡ ᠳᠥᠷᠪᠡ ᠼᠸᠨᠲ᠃
—ᠨᠠᠮᠠᠶ᠋ᠢ ᠲᠠᠨᠢᠬᠤ ᠦᠭᠡᠢ ᠪᠠᠢᠨ᠎ᠠ ᠤᠤ?
—ᠰᠢᠬᠢᠷ ᠠᠮᠲᠠᠲᠠᠢ ᠮᠥᠩᠭᠥ᠂
—ᠣᠢᠴᠢᠵᠤ ᠨᠤᠨᠠᠭᠰᠠᠨ ᠭᠠᠵᠠᠷ ᠪᠠᠰᠠ ᠠᠮᠲᠠᠲᠠᠢ᠃ᠨᠢᠭᠡ ᠤᠳᠠᠭ᠎ᠠ ᠪᠢ ᠬᠠᠯᠲᠤᠷᠢᠭᠠᠳ ᠰᠦ ᠪᠡᠨ ᠱᠠᠯᠠᠨ ᠳᠡᠭᠡᠷ᠎ᠡ ᠪᠦᠭᠦᠳᠡ ᠶ᠋ᠢ ᠨᠢ ᠠᠰᠬᠠᠭᠰᠠᠨ ᠳ᠋ᠤ᠌ ᠨᠢ ᠶᠠᠭ ᠳᠠᠨᠠᠨ ᠵᠢᠮᠢᠰ ᠪᠠᠢᠨ᠎ᠠ ᠤᠤ? ᠲᠡᠭᠡᠪᠡᠯ ᠠᠪᠤᠭᠠᠳ ᠬᠤᠪᠴᠠᠰᠤ ᠶ᠋ᠢ ᠨᠢ ᠡᠮᠦᠰᠦᠭᠦᠯᠦᠭᠡᠷᠡᠢ᠃ᠰᠠᠢᠨ ᠤᠤ? ᠨᠠᠮ᠎ᠠ ᠨᠢ ᠰᠦ ᠭᠡᠳᠡᠭ᠂ ᠴᠢᠮ᠎ᠠ ᠶ᠋ᠢ ᠬᠡᠨ ᠭᠡᠳᠡᠭ ᠪᠣᠢ?
—ᠠ᠂ ᠡᠩ᠂ ᠮᠠᠺᠠᠷᠤᠨ ᠮᠠᠺᠠᠷᠤᠨ ᠭᠡᠨ᠎ᠡ᠂ ᠠᠭᠤᠯᠵᠠᠵᠤ ᠪᠠᠢᠭ᠎ᠠ ᠦᠭᠡᠢ ᠶᠦᠮ ᠪᠠᠢᠨ᠎ᠠ᠃ ᠴᠢ ᠮᠠᠨ ᠤ᠋ ᠬᠣᠲᠠ ᠳ᠋ᠤ᠌ ᠰᠢᠨ᠎ᠡ ᠪᠡᠷ ᠢᠷᠡᠭᠰᠡᠨ ᠶᠦ᠍ᠮ ᠤᠤ?
—ᠡᠩ᠂ ᠲᠣᠭᠯᠠᠯᠲᠠ ᠪᠠᠷ ᠢᠷᠡᠭᠰᠡᠨ ᠶᠦᠮ ᠯᠡ᠃
— ᠰᠠᠢᠨ ᠪᠠᠢᠨ᠎ᠠ ᠂ ᠰᠢᠨ᠎ᠡ ᠪᠡᠷ ᠢᠷᠡᠭᠰᠡᠨ ᠶᠦ᠍ᠮ ᠴᠢᠨᠢ᠂ ᠪᠢ ᠴᠢᠮ᠎ᠠ ᠳ᠋ᠤ᠌ ᠬᠣᠲᠠ ᠪᠠᠨ ᠲᠠᠨᠢᠯᠴᠠᠭᠤᠯᠤᠶ᠎ᠠ᠃ ᠶᠠᠪᠤᠶ᠎ᠠ᠂ ᠵᠥᠩᠳᠡᠭᠡᠨ ᠣᠯᠠᠨ ᠬᠥᠭᠵᠢᠯᠲᠡᠢ ᠶᠠᠭᠤᠮ᠎ᠠ ᠪᠠᠢᠭ᠎ᠠ᠃ ᠬᠣᠲᠠ ᠶ᠋ᠢᠨ ᠬᠠᠮᠤᠭ ᠤ᠋ᠨ ᠭᠣᠶᠣ ᠲᠣᠭᠯᠠᠭᠠᠮ ᠤ᠋ᠨ ᠭᠠᠵᠠᠷ᠂ᠵᠥᠩᠳᠡᠭᠡᠨ ᠣᠯᠠᠨ ᠭᠠᠢᠬᠠᠯᠲᠠᠢ ᠲᠣᠭᠯᠠᠭᠠᠮ ᠲᠠᠢ᠂
—ᠪᠢ ᠶᠡᠷᠦ ᠡᠴᠡ ᠪᠡᠨ ᠡᠢᠮᠦ ᠭᠠᠵᠠᠷ ᠢᠷᠡᠵᠦ ᠪᠠᠢᠭ᠎ᠠ ᠦᠭᠡᠢ᠃
—ᠬᠦᠢ ᠬᠠᠷ᠎ᠠ ᠳᠠ᠂ ᠴᠣᠬᠢᠳᠠᠭ ᠲᠣᠭᠯᠠᠭᠠᠮ᠂ ᠴᠣᠬᠢᠯᠠᠭᠠᠳ ᠦᠵᠡ ᠳᠡ᠂ ᠲᠦᠷᠢᠶᠡᠰᠦ ᠪᠡᠨ ᠲᠥᠯᠥᠬᠦ ᠳ᠋ᠦ᠍ ᠫᠢᠫ ᠢ᠋ᠶ᠋ᠡᠷ ᠨᠠᠳᠠ ᠳ᠋ᠤ᠌ ᠬᠡᠷᠡᠭᠴᠡᠭᠡ ᠲᠡᠢ ᠃ ᠭᠡᠬᠦ ᠳ᠋ᠡᠭᠡᠨ ᠠᠩᠬᠠᠨ ᠤ᠋ ᠲᠣᠭᠯᠠᠭᠠᠮ ᠴᠢᠨᠢ ᠪᠣᠯᠬᠣᠷ ᠪᠢ ᠥᠭᠭᠦᠶ᠎ᠡ᠃ᠡᠩ᠁
—ᠶᠠᠮᠠᠷ ᠰᠠᠢᠬᠠᠨ ᠶᠤᠮ ᠪᠣᠢ?
—ᠲᠣᠯᠣᠭᠠᠢ ᠤᠷᠤᠭᠤ ᠨᠢ ᠴᠣᠬᠢ᠂
—ᠡᠩ᠁
—ᠲᠡᠨᠳᠡ᠂ ᠲᠡᠨᠳᠡ᠂ ᠲᠡᠭᠦᠨ ᠢ᠋᠂᠂᠂᠂᠂
—ᠡᠩ ᠡᠩ᠂᠂᠂᠂᠂ᠭᠠᠭᠴᠠ ᠴᠤ᠌ ᠴᠣᠬᠢᠵᠤ ᠴᠢᠳᠠᠭᠰᠠᠨ ᠦᠭᠡᠢ ᠰᠢᠳᠡ᠂ ᠶᠠᠮᠠᠷ ᠬᠡᠴᠡᠭᠦᠦ ᠲᠣᠭᠯᠠᠭᠠᠮ ᠪᠣᠢ?
—ᠰᠠᠢᠨ ᠤᠤ? ᠬᠠᠮᠤᠭ ᠤ᠋ᠨ ᠠᠭᠤᠷ ᠬᠦᠷᠭᠡᠳᠡᠭ ᠬᠥᠮᠦᠨ ᠢ᠋ᠶ᠋ᠡᠨ ᠪᠣᠳᠣᠵᠤ ᠴᠢᠳᠠᠪᠠᠯ ᠡᠢᠮᠦ ᠲᠣᠭᠯᠠᠭᠠᠮ ᠳ᠋ᠤ᠌ ᠢᠯᠠᠳᠠᠭ ᠶᠤᠮ᠃ ᠲᠡᠢᠮᠦ ᠤᠤ?
— ᠳᠥᠷᠪᠡᠨ ᠴᠠᠭ ᠲᠤ᠌ ᠳᠠᠷᠠᠭᠠᠴᠢ ᠶ᠋ᠢᠨ ᠲᠣᠭᠯᠠᠯᠲᠠ ᠶ᠋ᠢᠨ ᠬᠤᠭᠤᠴᠠᠭ᠎ᠠ ᠶ᠋ᠢ ᠤᠷᠢᠳᠴᠢᠯᠠᠵᠤ ᠦᠵᠡᠨ᠎ᠡ ᠂ ᠥᠨᠥᠳᠥᠷ ᠵᠠᠪ ᠦᠭᠡᠢ ᠃ —ᠮᠠᠨ ᠤ᠋ ᠡᠵᠡᠨ ᠨᠠᠮ᠎ᠠ ᠶ᠋ᠢ ᠰᠢᠬᠢᠷᠯᠢᠭ ᠶᠠᠭᠤᠮ᠎ᠠ ᠢᠳᠡᠵᠦ ᠪᠣᠯᠬᠤ ᠦᠭᠡᠢ ᠭᠡᠰᠡᠨ᠁ ᠠᠩ᠁
ᠡᠭᠦᠨ ᠢ᠋ ᠳᠠᠷᠤᠭ᠎ᠠ ᠪᠠᠢᠵᠤ ᠪᠠᠢᠳᠠᠭ ᠢ᠋ ᠬᠠᠷᠠᠭᠤᠯᠤᠭᠠᠳ ᠥᠭᠭᠦᠨ᠎ᠡ ᠰᠢᠦ ᠳᠡ᠃
ᠡᠩ᠂ ᠡᠩ᠂ ᠡᠩ ᠨᠠᠭᠠᠰᠢ ᠢᠷ᠎ᠡ!
— ᠦ᠂ ᠦ ᠦ᠂ ᠬᠦᠢ᠃ᠪᠠᠶᠠᠷᠯᠠᠯ᠎ᠠ᠂ᠡᠩ᠂ ᠠᠮᠲᠠᠲᠠᠢ ᠪᠠᠢᠨ᠎ᠠ᠂ ᠬᠠᠷᠠᠬᠤ ᠤᠤ᠂
—ᠮᠠᠨ ᠤ᠋ ᠡᠵᠡᠨ ᠨᠠᠮ᠎ᠠ ᠶ᠋ᠢ ᠰᠢᠬᠢᠷᠯᠢᠭ ᠶᠠᠭᠤᠮ᠎ᠠ ᠢᠳᠡᠵᠦ ᠪᠣᠯᠬᠤ ᠦᠭᠡᠢ ᠭᠡᠰᠡᠨ ᠯᠡ ᠳᠡ᠃
— ᠡᠭᠦᠨ ᠢ᠋ ᠰᠢᠬᠢᠷ ᠢ᠋ᠶ᠋ᠡᠷ ᠬᠢᠳᠡᠭ ᠪᠢᠵᠡ ᠳᠡ᠃
—ᠠ᠂ ᠰᠢᠬᠢᠷ ᠢ᠋ ᠴᠢᠨᠢ ᠭᠠᠭᠴᠠ ᠬᠦ ᠬᠠᠵᠠᠴᠢᠬᠠᠶᠠ᠃ᠡᠩ᠂᠂᠂ ᠠᠮᠲᠠᠲᠠᠢ ᠶᠤᠮ ᠠ᠋᠃
—ᠬᠦᠢ ᠴᠢ ᠰᠠᠬᠠᠯ ᠲᠠᠢ ᠪᠣᠯᠴᠢᠬᠠᠯ᠎ᠠ᠃
ᠪᠢ ᠨᠣᠶᠠᠨ ᠲᠠᠯᠬ᠎ᠠ ᠭᠤᠸᠠᠢ ᠳ᠋ᠤ᠌ ᠬᠥᠭᠰᠢᠨ ᠪᠣᠯᠬᠤ ᠣᠪᠣᠷ ᠲᠠᠢ᠃
—ᠡᠩ᠁ ᠢᠨᠢᠶᠡᠳᠦᠮ ᠲᠡᠢ ᠶᠦᠮ ᠠ᠋᠂ ᠨᠣᠶᠠᠨ ᠲᠠᠯᠬ᠎ᠠ ᠭᠡᠵᠦ ᠬᠡᠨ ᠶᠦᠮ?
—ᠠ᠂ ᠨᠣᠶᠠᠨ ᠲᠠᠯᠬ᠎ᠠ ᠭᠡᠵᠦ ᠮᠠᠨ ᠤ᠋ ᠳᠠᠷᠤᠭ᠎ᠠ᠂ᠬᠣᠲᠠ ᠶ᠋ᠢᠨ ᠬᠠᠮᠤᠭ ᠤ᠋ᠨ ᠰᠢᠯᠢᠳᠡᠭ ᠦᠰᠦᠴᠢᠨ᠃ ᠶᠡᠷᠦ ᠪᠤᠰᠤ ᠶ᠋ᠢᠨ ᠶᠦᠮ ᠠ᠋ ᠂ ᠨᠠᠮᠠᠶ᠋ᠢ ᠠᠯᠳᠠᠭ᠎ᠠ ᠭᠠᠷᠭᠠᠪᠠᠯ ᠠᠭᠤᠷᠯᠠᠳᠠᠭ ᠶᠡᠬᠡ ᠠᠭᠤᠷᠯᠠᠳᠠᠭ ᠃
— ᠡᠩ᠁ ᠠᠶᠤᠮᠠᠷ ᠭᠡᠳᠡᠭ ᠢ᠋ ᠪᠢ ᠮᠡᠳᠡᠨ᠎ᠡ᠃
—ᠴᠢ ᠪᠠᠰᠠ ᠤᠤᠯ ᠳ᠋ᠠᠭᠠᠨ ᠬᠥᠭᠰᠢᠨ ᠳᠠᠷᠤᠭ᠎ᠠ ᠲᠠᠢ ᠶᠤᠮ ᠤᠤ?
—ᠵᠠᠷᠢᠮ ᠳ᠋ᠠᠭᠠᠨ ᠥᠭᠡᠷ᠎ᠡ ᠠᠵᠢᠯ ᠬᠢᠳᠡᠭ ᠪᠠᠢᠭᠰᠠᠨ ᠴᠤ᠌ ᠥᠭᠡᠳᠡ ᠡᠴᠡ ᠨᠢ ᠢᠴᠢᠬᠦ ᠶᠣᠰᠣᠲᠠᠢ᠃
—ᠵᠠ ᠶᠠᠪᠤᠶ᠎ᠠ᠃ ᠴᠢᠮ᠎ᠠ ᠳ᠋ᠤ᠌ ᠬᠠᠷᠠᠭᠤᠯᠬᠤ ᠵᠥᠩᠳᠡᠭᠡᠨ ᠶᠠᠭᠤᠮ᠎ᠠ ᠪᠠᠢᠨ᠎ᠠ᠃
— ᠪᠦᠭᠦᠳᠡ ᠶ᠋ᠢ ᠨᠢ ᠠᠪᠤᠮᠠᠷ ᠪᠠᠢᠨ᠎ᠠ᠂ ᠶᠠᠮᠠᠷ ᠬᠥᠭᠡᠷᠦᠬᠦᠢ ᠶᠦᠮ ᠪᠣᠢ? — ᠬᠥᠥᠭ᠂ ᠳᠠᠨᠠᠳᠠᠰᠠ(DONAS) ᠢᠵᠢᠯᠢ ᠪᠦᠷᠢᠳᠦᠯ
ᠬᠥᠥᠭ᠂ ᠶᠣᠰᠣᠲᠠᠢ ᠭᠣᠶᠣ ᠪᠠᠢᠨ᠎ᠠ᠃ ᠲᠡᠢᠮᠦ ᠤᠤ?
— ᠴᠡᠩᠬᠡᠷ᠂ ᠲᠣᠰᠣᠨ ᠳᠤᠰᠤᠯ ᠭᠣᠶᠣ ᠠᠮᠲᠠᠲᠠᠢ᠂ ᠲᠠᠩᠰᠤᠭ ᠵᠥᠭᠡᠯᠡᠨ ᠪᠣᠯᠤᠭᠰᠠᠨ ᠰᠢᠬᠢᠷᠯᠢᠭ ᠲᠡᠢ᠂ ᠫᠣᠣᠫ᠁
—ᠪᠣᠯᠵᠤ ᠪᠠᠢᠨ᠎ᠠ ᠳᠠᠭᠤᠯᠠᠬᠤ ᠬᠠᠮᠤᠭ ᠤ᠋ᠨ ᠭᠣᠶᠣ᠃
ᠢ᠂ ᠬᠥᠭᠵᠢᠯᠲᠡᠢ ᠪᠠᠢᠨ᠎ᠠ ᠳᠠ᠃
ᠵᠢᠷᠤᠭ ᠤ᠋ᠨ ᠪᠥᠬᠥᠭ ᠤᠷᠤᠭᠤ ᠣᠷᠣᠵᠠᠭᠠᠶ᠎ᠠ᠂ᠲᠡᠭᠡᠬᠦ ᠤᠤ?
—ᠶᠠᠭᠤ ᠭᠡᠰᠡᠨ ᠪᠣᠢ? ᠵᠢᠷᠤᠭ ᠤ᠋ᠨ ᠪᠥᠬᠥᠭ ᠢ᠋ᠶ᠋ᠡᠷ
—ᠴᠢ ᠥᠪᠡᠷ ᠦ᠋ᠨ ᠵᠢᠷᠤᠭ ᠢ᠋ᠶ᠋ᠠᠨ ᠠᠪᠬᠠᠭᠤᠯᠵᠤ ᠪᠠᠢᠭ᠎ᠠ ᠦᠭᠡᠢ ᠶᠦ᠍ᠮ ᠤᠤ? ᠵᠢᠷᠤᠭ ᠤ᠋ᠨ ᠪᠥᠬᠥᠭ ᠭᠠᠢᠬᠠᠯᠲᠠᠢ ᠰᠢᠲᠠ᠃
—ᠪᠢ ᠰᠤᠷᠤᠯᠴᠠᠭ᠎ᠠ ᠪᠠᠨ ᠴᠤᠪᠤᠷᠤᠯ ᠺᠢᠨᠣ᠋ ᠳ᠋ᠤ᠌ ᠬᠡᠳᠦᠨ ᠰᠡᠳᠬᠦᠯ ᠦ᠋ᠨ ᠰᠤᠷᠤᠯᠴᠠᠭ᠎ᠠ ᠳ᠋ᠤ᠌ ᠲᠣᠭᠯᠠᠭᠰᠠᠨ᠂ ᠬᠠᠷᠢᠨ ᠵᠢᠷᠤᠭ ᠤ᠋ᠨ ᠪᠥᠬᠥᠭ ᠭᠡᠵᠦ ᠮᠡᠳᠡᠬᠦ ᠦᠭᠡᠢ᠃
—ᠲᠡᠭᠡᠪᠡᠯ ᠣᠷᠣᠭᠠᠳ ᠦᠵᠡ ᠠ᠋᠂ ᠶᠠᠭ ᠳᠤᠷᠠᠳᠤᠯ ᠵᠥᠪᠳᠡᠭᠡᠳ ᠲᠡᠭᠡᠶ᠎ᠡ
— ᠠ᠂ ᠰᠠᠶᠢ᠂ ᠫᠤᠤᠫ ᠰᠢᠲᠦᠭᠡᠨ ᠮᠠᠺᠠᠷᠤᠨ ᠪᠠᠢᠭᠰᠠᠨ ᠤᠤ? ᠶᠠᠭᠤ ᠬᠢᠵᠦ ᠪᠠᠢᠭ᠎ᠠ ᠶᠤᠮ ᠪᠣᠯ ᠳᠠ?
—ᠡᠩ ᠁ ᠲᠠ ᠨᠠᠷ ᠮᠠᠨᠢ ᠬᠠᠮᠢᠭ᠎ᠠ ᠨᠢᠭᠤᠭᠳᠠᠴᠢᠬᠠᠪᠠ?
—ᠵᠦᠭᠡᠷ ᠮᠠᠰᠢᠨ ᠤᠷᠤᠭᠤ ᠬᠠᠷ᠎ᠠ! ᠠ ᠪᠠᠷᠠᠯ᠎ᠠ ᠠ᠋᠂ ᠠ᠂ ᠴᠢ ᠶᠠᠮᠠᠷ ᠲᠡᠨᠡᠭ ᠠᠮᠢᠲᠠᠨ ᠶᠤᠮ ᠪᠣᠢ?
—ᠡᠨᠡ ᠰᠢᠳᠤᠷᠭᠤ ᠪᠤᠰᠤ ᠶᠤᠮ ᠪᠠᠢᠨ᠎ᠠ᠂ ᠠᠬᠢᠭᠠᠳ ᠨᠢᠭᠡ ᠠᠪᠬᠠᠭᠤᠯᠤᠶᠠ᠃
—ᠪᠦᠭᠦᠳᠡᠭᠡᠷ ᠢ᠋ᠶ᠋ᠡᠨ ᠪᠦᠷ ᠭᠠᠢᠬᠠᠯᠲᠠᠢ ᠭᠠᠷᠴᠠᠢ᠃
—ᠬᠡ ᠬᠡ ᠬᠡ᠂ᠢᠨᠢᠶᠡᠳᠦ ᠲᠡᠢ ᠶᠦᠮ ᠠ᠋᠃
— ᠡᠩ᠂ ᠵᠠᠯᠠᠭᠤᠬᠠᠨ ᠫᠤᠤᠫ ᠰᠢᠲᠦᠭᠡᠨ ᠪᠣᠯᠵᠣᠵᠤ ᠪᠠᠢᠨ᠎ᠠ ᠂ ᠰᠠᠢᠬᠠᠨ ᠱᠤᠤᠭᠢᠶᠠᠨ ᠳᠡᠭᠳᠡᠨ᠎ᠡ ᠬᠡ ᠬᠡ ᠬᠡ᠃
— ᠴᠢᠮ᠎ᠠ ᠳ᠋ᠤ᠌ ᠰᠠᠢᠬᠠᠨ ᠪᠠᠢᠭᠰᠠᠨ ᠭᠡᠵᠦ ᠨᠠᠢᠳᠠᠶ᠎ᠠ᠃
—ᠥᠨᠥᠳᠥᠷ ᠶᠠᠩᠵᠤᠲᠠᠢ ᠰᠠᠢᠬᠠᠨ ᠪᠠᠢᠯ᠎ᠠ᠃ ᠴᠢᠨᠦ ᠠᠮᠢᠳᠤᠷᠠᠯ ᠶᠡᠬᠡ ᠬᠥᠭᠵᠢᠯᠲᠡᠢ ᠪᠠᠢᠬ᠎ᠠ᠂
—ᠪᠠᠶᠠᠷᠯᠠᠯ᠎ᠠ᠂ ᠪᠢ ᠡᠳᠦᠷ ᠬᠥᠭᠵᠢᠯᠲᠡᠢ ᠪᠠᠢᠬᠤ ᠶ᠋ᠢ ᠶᠡᠬᠡ ᠬᠢᠴᠢᠶᠡᠳᠡᠭ᠃ ᠴᠢ ᠴᠤ᠌ ᠭᠡᠰᠡᠨ ᠲᠡᠭᠡᠳᠡᠭ ᠪᠢᠵᠡ ᠳᠡ?
—ᠡᠩ᠁ ᠨᠠᠳᠠ ᠳ᠋ᠤ᠌ ᠦᠨᠡᠬᠡᠷ ᠬᠥᠭᠵᠢᠯᠳᠦᠬᠦ ᠴᠠᠭ ᠪᠠᠢᠬᠤ ᠦᠭᠡᠢ᠃ ᠮᠠᠨ ᠤ᠋ ᠬᠢᠨ ᠶᠡᠬᠡ ᠰᠢᠷᠭᠠᠭᠤ ᠪᠠᠷ ᠠᠵᠢᠯᠯᠠᠭᠤᠯᠳᠠᠭ᠂ ᠠᠵᠢᠯ ᠦᠭᠡᠢ ᠦᠶ᠎ᠡ ᠳ᠋ᠡᠭᠡᠨ ᠪᠡᠯᠡᠳᠬᠡᠯ ᠬᠢᠳᠡᠭ᠃
—ᠬᠤᠷᠳᠤᠨ ᠭᠦᠶᠦᠭᠡᠴᠢ᠃ — ᠠ ᠂ ᠨᠡᠭᠡᠷᠡᠨ ᠲᠡᠢᠮᠦ ᠳᠡ᠃ ᠳᠠᠷᠤᠭ᠎ᠠ ᠳ᠋ᠠᠭᠠᠨ ᠵᠠᠩᠨᠠᠭᠤᠯᠬᠤ ᠬᠡᠵᠢᠶ᠎ᠡ ᠰᠠᠢᠬᠠᠨ ᠪᠠᠢᠯ᠎ᠠ ᠳᠠ᠂ᠭᠡᠬᠦ ᠳ᠋ᠡᠭᠡᠨ ᠥᠪᠡᠷ ᠥᠪᠡᠷᠰᠡᠳ ᠦ᠋ᠨ ᠢ᠋ᠶ᠋ᠡᠨ ᠢᠨᠢᠶᠡᠵᠦ ᠪᠠᠢᠭ᠎ᠠ ᠶ᠋ᠢ ᠬᠠᠷᠠᠬᠤ ᠪᠠᠷ ᠵᠠᠩᠨᠠᠭᠤᠯᠤᠭᠰᠠᠨ ᠤ᠋ ᠪᠠᠨ ᠦᠷ᠎ᠡ ᠳ᠋ᠦᠩ ᠭᠠᠷᠳᠠᠭ ᠰᠢᠦ ᠳᠡ᠃ ᠠ᠂ ᠬᠡᠳᠦᠢ ᠬᠡᠴᠡᠭᠦᠦ ᠪᠠᠢᠯ᠎ᠠ ᠴᠤ᠌ ᠭᠡᠰᠡᠨ ᠬᠥᠮᠦᠰ ᠢ᠋ ᠵᠢᠷᠭᠠᠯᠲᠠᠢ ᠪᠣᠯᠭᠠᠵᠤ ᠴᠢᠳᠠᠵᠤ ᠪᠠᠢᠪᠠᠯ ᠪᠢ ᠠᠵᠢᠯ ᠢ᠋ᠶ᠋ᠠᠨ ᠰᠠᠢᠨ ᠬᠢᠵᠡᠢ᠂ ᠭᠡᠵᠦ ᠪᠣᠳᠣᠨ᠎ᠠ᠂ᠠ᠂
—ᠲᠥᠷᠥᠭᠰᠡᠨ ᠡᠳᠦᠷ ᠦ᠋ᠨ ᠮᠡᠨᠳᠦ ᠬᠦᠷᠭᠡᠶ᠎ᠡ
— ᠮᠢᠨᠦ ᠰᠢᠳᠦᠨ ᠪᠢᠰᠢᠷᠡᠭᠴᠢᠳ ᠵᠢᠷᠭᠠᠯᠲᠠᠢ ᠪᠠᠢᠭ᠎ᠠ ᠶᠤᠮ ᠰᠢᠭ᠋ ᠰᠠᠨᠠᠭᠳᠠᠭᠰᠠᠨ ᠰᠢᠦ᠃ ᠥᠨᠥᠳᠥᠷ᠂ ᠮᠢᠨᠦ ᠲᠥᠷᠥᠭᠰᠡᠨ ᠡᠳᠦᠷ᠃
—ᠶᠠᠭᠤ? ᠨᠡᠭᠡᠷᠡᠨ ᠤᠤ? ᠪᠠᠢᠵᠠᠭᠠᠷᠠᠢ! ᠡᠢᠮᠦ ᠪᠣᠣᠪᠣ ᠠᠪᠤᠭᠠᠳ ᠣᠷᠣᠢ ᠶ᠋ᠢᠨ ᠬᠣᠭᠣᠯᠠᠨ ᠳ᠋ᠤ᠌ ᠪᠠᠨ ᠢᠳᠡᠬᠦ ᠭᠡᠵᠦ ᠪᠠᠢᠭᠰᠠᠨ ᠶᠤᠮ᠃ ᠭᠡᠬᠦ ᠳ᠋ᠡᠭᠡᠨ ᠴᠢ ᠢᠳᠡ ᠳᠠ᠂ ᠱᠣᠺᠣᠯᠠᠳ᠋ ᠪᠢᠯᠡᠤ ᠤᠤ?
—ᠦᠭᠡᠢ᠂ ᠬᠡᠷᠡᠭ ᠦᠭᠡᠢ᠃ ᠨᠠᠳᠠ ᠳ᠋ᠤ᠌ ᠥᠭᠴᠦ ᠪᠢᠲᠡᠭᠡᠢ ᠭᠠᠷᠤᠵᠠᠯᠠ᠃
—ᠭᠠᠷᠤᠵᠠ ᠪᠢᠰᠢ᠂ ᠬᠤᠪᠢᠶᠠᠭᠠᠳ ᠢᠳᠡᠪᠡᠯ ᠢᠯᠡᠭᠦᠦ ᠠᠮᠲᠠᠲᠠᠢ᠃ ᠠ᠋᠂ ᠠ᠋᠂ ᠢᠩᠭᠢᠬᠦ ᠳ᠋ᠦ᠍ ᠶᠠᠭᠠᠬᠢᠵᠤ ᠠᠰᠠᠭᠠᠬᠤ ᠪᠢᠯᠡ? ᠠ ᠬᠠ᠂ ᠮᠠᠺᠠᠷᠤᠨ᠂ ᠲᠥᠷᠥᠭᠰᠡᠨ ᠡᠳᠦᠷ ᠦ᠋ᠨ ᠮᠡᠨᠳᠦ ᠬᠦᠷᠭᠡᠶ᠎ᠡ᠃
— ᠮᠠᠰᠢ ᠶᠡᠬᠡ ᠪᠠᠶᠠᠷᠯᠠᠯ᠎ᠠ ᠬᠠ ᠬᠠ᠂
— ᠠ᠋᠂ ᠮᠠᠨ ᠤ᠋ ᠦᠰᠦᠴᠢᠨ ᠳ᠋ᠦ᠍ ᠳᠣᠲᠣᠭᠰᠢ ᠪᠠᠨ ᠮᠣᠷᠢᠯᠠ︕
— ᠵᠠᠯᠠᠭᠤ ᠮᠢᠨᠢ᠂ ᠥᠴᠥᠭᠡᠳᠦᠷ ᠫᠤᠤᠫ ᠰᠢᠲᠦᠭᠡᠨ ᠮᠠᠺᠠᠷᠤᠨ ᠲᠠᠢ ᠬᠠᠮᠲᠤ ᠪᠠᠢᠰᠠᠨ ᠵᠠᠯᠠᠭᠤ ᠴᠢ ᠮᠥᠨ ᠤᠤ?
— ᠠ ᠂ᠮᠠᠺᠠᠷᠤᠨ ᠫᠤᠤᠫ ᠶᠠᠭᠤ ᠶᠠᠭᠠᠬᠢᠭᠰᠠᠨ ᠭᠡᠨ᠎ᠡ ᠭᠡᠢᠭᠡᠶᠡ?— ᠶᠦ᠂ ᠰᠣᠨᠣᠰᠤᠭ᠎ᠠ ᠦᠭᠡᠢ ᠶᠦ᠍ᠮ ᠤᠤ? ᠮᠠᠺᠠᠷᠤᠨ ᠣᠳᠣ ᠳᠡᠯᠡᠬᠡᠢ ᠳ᠋ᠦ᠍ ᠱᠤᠤᠭᠢᠶᠠᠨ ᠳᠡᠩᠳᠡᠭᠡᠵᠤ ᠪᠠᠢᠭ᠎ᠠ᠃ ᠥᠴᠥᠭᠡᠳᠦᠷ ᠦ᠋ᠨ ᠵᠢᠷᠤᠭ ᠨᠤᠭᠤᠳ ᠢ᠋ᠶ᠋ᠠᠨ ᠨᠠᠳᠠ ᠳ᠋ᠤ᠌ ᠥᠭᠬᠦ ᠶᠦᠮ ᠪᠣᠯ ᠴᠢᠮ᠎ᠠ ᠳ᠋ᠤ᠌ ᠠᠷᠪᠠᠨ ᠮᠢᠩᠭᠠᠨ ᠳ᠋ᠣᠯᠯᠠᠷ ᠥᠭᠭᠦᠶ᠎ᠡ᠃
—ᠠ᠁
— ᠠ ᠁
—ᠠᠷᠪᠠᠨ ᠮᠢᠩᠭᠠᠨ ᠳ᠋ᠣᠯᠯᠠᠷ ᠠ᠋᠁
—ᠲᠡᠢᠮᠦ ᠠ᠋᠂ ᠡᠢᠮᠦ ᠶᠡᠬᠡ ᠮᠥᠩᠭᠥ ᠲᠡᠢ ᠪᠣᠯᠴᠢᠬᠠᠪᠠᠯ ᠲᠦᠷᠢᠶᠡᠰᠦᠨ ᠳ᠋ᠡᠭᠡᠨ ᠰᠠᠨᠠᠭ᠎ᠠ ᠵᠣᠪᠠᠬᠤ ᠦᠭᠡᠢ ᠪᠣᠯᠴᠢᠬᠠᠨ᠎ᠠ ᠰᠢᠦ ᠳᠡ᠃
—ᠵᠢᠷᠤᠭ ᠨᠤᠭᠤᠳ ᠢ᠋ ᠣᠯᠤᠭᠠᠳ ᠢᠷᠡᠶ᠎ᠡ᠂ ᠭᠡᠷ ᠲᠤ ᠪᠠᠢᠭ᠎ᠠ᠃
ᠠ᠁᠃
—ᠰᠠᠢᠨ ᠪᠠᠢᠨ᠎ᠠ᠂ ᠮᠠᠷᠭᠠᠰᠢ ᠢᠷᠡᠵᠦ ᠠᠪᠤᠶ᠎ᠠ᠃
—ᠲᠡᠷᠡ ᠵᠢᠷᠤᠭ ᠨᠤᠭᠤᠳ ᠬᠠᠮᠢᠭ᠎ᠠ ᠣᠷᠣᠴᠢᠬᠠᠪᠠ? ᠵᠢᠷᠤᠭ ᠨᠤᠭᠤᠳ ᠠᠮᠢᠳᠤᠷᠠᠯ ᠢ᠋ ᠮᠢᠨᠢ ᠦᠭᠡᠷᠡᠴᠯᠡᠨᠡ᠃ ᠲᠡᠢᠮᠦ ᠠ᠋᠂ ᠳᠡᠭᠦᠨᠡᠷ ᠮᠢᠨᠢ ᠰᠠᠨᠠᠭ᠎ᠠ ᠵᠣᠪᠠᠯᠲᠠ ᠦᠭᠡᠢ ᠪᠣᠯᠤᠨ᠎ᠠ᠃ᠠᠪᠤ ᠡᠵᠢ ᠵᠥᠩᠳᠡᠭᠡᠨ ᠭᠠᠷᠴᠤ ᠪᠣᠯᠤᠨ᠎ᠠ ᠂ ᠡᠨᠳᠡ
ᠪᠠᠢᠨ᠎ᠠ᠂ᠲᠡᠢᠮᠦ ᠠ᠋᠂ ᠮᠥᠨ ᠪᠠᠢᠨ᠎ᠠ᠂ ᠬᠤᠷᠳᠤᠨ ᠶᠠᠪᠤᠶ᠎ᠠ᠃ ᠠ᠋᠁
—ᠬᠠᠮᠤᠭ ᠤ᠋ᠨ ᠭᠣᠣᠯ ᠨᠢ ᠰᠢᠨ᠎ᠡ ᠨᠠᠢᠵᠠ ᠳ᠋ᠤ᠌ ᠪᠠᠨ ᠳᠠᠬᠢᠵᠤ ᠠᠵᠢᠯ ᠬᠢᠭᠰᠡᠨ ᠢ᠋ᠶ᠋ᠡᠷ ᠢ᠋ᠶ᠋ᠡᠨ ᠬᠦᠵᠢᠯᠳᠦᠵᠦ ᠰᠢᠨ᠎ᠡ ᠠᠵᠢᠯ ᠦᠢᠯᠡᠰ ᠲᠤ ᠪᠡᠨ ᠴᠠᠭ ᠭᠠᠷᠭᠠᠭᠰᠠᠨ ᠨᠢ ᠴᠢᠬᠤᠯᠠ ᠭᠡᠳᠡᠭ ᠢ᠋ ᠨᠠᠳᠠ ᠳ᠋ᠤ᠌ ᠣᠢᠯᠠᠭᠠᠭᠤᠯᠤᠭᠰᠠᠨ᠃
—ᠶᠠᠭᠤ? ᠠᠯᠭ᠎ᠠ ᠪᠣᠯᠭᠠᠭᠰᠠᠨ ᠭᠡᠳᠡᠭ ᠴᠢᠨᠢ ᠶᠠᠭᠤ ᠭᠡᠰᠡᠨ ᠦᠭᠡ ᠶᠦᠮ?
— ᠲᠡᠢᠮᠦ ᠠ᠋᠂ ᠮᠢᠨᠦ ᠪᠤᠷᠤᠭᠤ᠂ ᠡᠷᠬᠢᠮ ᠠ᠋ ᠂
—ᠮᠥᠩᠭᠥ ᠠᠪᠤᠨ᠎ᠠ ᠭᠡᠵᠦ ᠰᠠᠨᠠᠯᠲᠠ ᠦᠭᠡᠢ ᠰᠢᠦ᠃
—ᠬᠡ ᠡᠩ᠁
—ᠰᠠᠢᠨ ᠪᠠᠢᠨ᠎ᠠ᠂ ᠪᠠᠰᠠ ᠯᠠ ᠠᠮᠵᠢᠯᠲᠠᠲᠠᠢ᠂ ᠲᠠᠰᠤᠯᠪᠤᠷᠢ ᠴᠢᠨᠢ ᠰᠠᠢᠨ ᠵᠠᠷᠤᠭᠳᠠᠵᠤ ᠪᠠᠢᠨ᠎ᠠ ᠰᠢᠦ᠂ᠪᠠᠰᠠ ᠰᠢᠲᠦᠨ ᠪᠢᠰᠢᠷᠡᠭᠴᠢ ᠴᠢᠨᠢ ᠵᠠᠬᠢᠶ᠎ᠠ ᠶᠠᠪᠤᠭᠤᠯᠤᠭᠰᠠᠨ ᠪᠠᠢᠨ᠎ᠠ᠃—ᠦᠰᠦᠴᠢᠨ ᠦ᠌ ᠭᠠᠵᠠᠷ ᠤ᠋ᠨ ᠨᠠᠢᠵᠠ ᠴᠢᠨᠢ ᠦᠷᠭᠦᠯᠵᠢ ᠪᠠᠢᠭ᠎ᠠ ᠰᠢᠦ᠃ᠬᠡ ᠬᠡ ᠬᠡ ᠬᠡ ᠬᠡ
ᠦᠰᠦᠭ ᠠᠮᠢᠯᠠᠭᠤᠯᠤᠭᠴᠢ᠄ ᠪᠤᠤ· ᠰᠡᠴᠡᠨ ᠲᠤᠶᠠᠭ᠎ᠠ
ᠦᠰᠦᠭ ᠬᠠᠳᠠᠭᠴᠢ᠄ ᠲᠣᠳᠣᠭᠡᠷᠡᠯ
ᠬᠢᠨᠠᠭᠴᠢ᠄ ᠰ· ᠳᠣᠷᠣᠨ᠎ᠠ ᠪᠠᠳᠠᠷᠠᠯᠲᠤ᠂ ᠴᠠᠬᠠᠷ ᠪᠠᠲᠤ᠂ ᠡᠩᠬᠡ
