ᠮᠣᠩᠭᠣᠯ ᠭᠡᠷ ᠦᠨ ᠲᠤᠬᠠᠢ Монгол гэрийн тухай
ᠮᠣᠩᠭᠣᠯ ᠭᠡᠷ ᠦᠨ ᠲᠤᠬᠠᠢ
2016-04-07
ᠮᠣᠩᠭᠣᠯ ᠤ᠋ᠨ ᠠᠷᠬᠢᠲ᠋ᠧᠺᠲ᠋ᠣᠷ ( ᠪᠠᠷᠢᠯᠭ᠎ᠠ ᠶ᠋ᠢᠨ ᠵᠢᠷᠤᠭ ᠵᠦᠢᠴᠢ) ᠶ᠋ᠢᠨ ᠮᠣᠩᠭᠣᠯᠴᠤᠳ ᠤ᠋ᠨ ᠦᠨᠳᠦᠰᠦᠨ ᠦ᠌ ᠭᠡᠷ ᠠᠰᠤᠷᠤ ᠶᠡᠬᠡ ᠡᠭᠦᠷᠭᠡ ᠭᠦᠢᠴᠡᠳᠬᠡᠵᠡᠢ᠃ ᠡᠨᠡ ᠨᠢ ᠮᠣᠩᠭᠣᠯ ᠭᠡᠷ ᠦ᠋ᠨ ᠥᠪᠡᠷ ᠦ᠋ᠨ ᠨᠥᠯᠥᠭᠡ ᠶ᠋ᠢ ᠮᠣᠩᠭᠣᠯ ᠤ᠋ᠨ ᠠᠷᠬᠢᠲ᠋ᠧᠺᠲ᠋ᠣᠷ ᠲᠤ᠌ ᠠᠯᠢ ᠬᠢᠷᠢ ᠲᠤᠰᠬᠠᠭᠳᠠᠭᠰᠠᠨ ᠢ᠋ᠶ᠋ᠠᠷ ᠬᠡᠮᠵᠢᠭᠳᠡᠨ᠎ᠡ ᠃
ᠮᠣᠩᠭᠣᠯ ᠤ᠋ᠨ ᠨᠤᠲᠤᠭ ᠳᠡᠪᠢᠰᠬᠡᠷ ᠲᠦ᠍ ᠨᠤᠲᠤᠭᠯᠠᠵᠤ ᠪᠠᠢᠭᠰᠠᠨ ᠡᠷᠲᠡᠨ ᠦ᠌ ᠣᠪᠣᠭ ᠠᠢᠮᠠᠭ ᠤ᠋ᠳ ᠤ᠋ᠨ ᠣᠷᠣᠨ ᠰᠠᠭᠤᠴᠠ ᠪᠣᠯᠬᠤ ᠢᠰᠡᠭᠡᠢ ᠭᠡᠷ ᠦ᠋ᠨ ᠲᠡᠦᠬᠡ ᠪᠣᠯ ᠮᠠᠨ ᠤ᠋ ᠣᠨ ᠲᠣᠭᠠᠯᠠᠯ ᠠ᠋ᠴᠠ 500 ᠵᠢᠯ ᠦ᠋ᠨ ᠲᠡᠷᠲᠡᠭᠡ ᠪᠤᠶᠤ ᠢᠰᠡᠭᠡᠢ ᠬᠢᠵᠦ ᠭᠡᠷ ᠢᠶᠠᠨ ᠪᠦᠷᠢᠳᠡᠭ ᠪᠣᠯᠤᠭᠰᠠᠨ ᠴᠠᠭ ᠠ᠋ᠴᠠ ᠡᠬᠢᠯᠡᠬᠦ ᠶᠦᠮ ᠃ ᠡᠢᠮᠦ ᠳ᠋ᠦ᠍ ᠮᠣᠩᠭᠣᠯ ᠭᠡᠷ ᠦ᠋ᠨ ᠬᠥᠭᠵᠢᠯ ᠨᠢ 2500-3000 ᠵᠢᠯ ᠦ᠋ᠨ ᠲᠡᠦᠬᠡ ᠲᠡᠢ᠃
ᠠᠷᠪᠠᠨ ᠭᠤᠷᠪᠠᠳᠤᠭᠠᠷ ᠵᠠᠭᠤᠨ ᠤ᠋ ᠮᠣᠩᠭᠣᠯ ᠭᠡᠷ ᠂ ᠣᠷᠴᠢᠨ ᠦᠶ᠎ᠡ ᠶ᠋ᠢᠨ ᠮᠣᠩᠭᠣᠯ ᠭᠡᠷ ᠲᠡᠢ ᠨᠡᠯᠢᠶᠡᠳ ᠲᠥᠰᠲᠡᠢ ᠪᠠᠢᠭᠰᠠᠨ ᠪᠠᠢᠨ᠎ᠠ ᠃ ᠬᠠᠭᠤᠴᠢᠨ ᠨᠡᠢᠭᠡᠮ ᠦ᠋ᠨ ᠦᠶ᠎ᠡ ᠳ᠋ᠦ᠍ ᠨᠣᠶᠠᠳ ᠠᠷᠠᠳ ᠣᠯᠠᠨ ᠢ᠋ ᠵᠠᠬᠢᠷᠬᠤ᠂ ᠡᠷᠬᠡ ᠮᠠᠲᠠᠯ ᠢ᠋ᠶ᠋ᠠᠨ ᠪᠠᠲᠤᠳᠬᠠᠬᠤ ᠦᠵᠡᠯ ᠰᠠᠨᠠᠭ᠎ᠠ ᠶ᠋ᠢ ᠢᠯᠡᠷᠬᠡᠢᠯᠡᠬᠦ ᠶ᠋ᠢᠨ ᠲᠤᠯᠠᠳᠠ ᠭᠡᠷ ᠦ᠋ᠨ ᠭᠠᠳᠠᠭᠠᠳᠤ ᠪᠠᠢᠳᠠᠯ ᠢ᠋ ᠬᠦᠷᠲᠡᠯ᠎ᠡ ᠡᠩ ᠦ᠋ᠨ ᠠᠷᠠᠳ ᠤ᠋ᠨ ᠬᠢ ᠡᠴᠡ ᠥᠭᠡᠷ᠎ᠡ ᠪᠣᠯᠭᠠᠵᠤ ᠂ ᠤᠯᠠᠭᠠᠨ ᠢ᠋ᠶ᠋ᠠᠷ ᠬᠠᠯᠵᠠᠯᠠᠭᠠᠳ ᠥᠷᠭᠥᠭᠡ ᠭᠡᠵᠦ ᠨᠡᠷᠡᠯᠡᠬᠦ ᠪᠣᠯᠵᠠᠢ ᠃
ᠨᠡᠭᠦᠳᠡᠯ ᠦ᠋ᠨ ᠠᠮᠢᠳᠤᠷᠠᠯ ᠲᠠᠢ ᠠᠢᠯ ᠤ᠋ᠳ ᠤ᠋ᠨ ᠭᠡᠷ ᠨᠢ ᠠᠴᠢᠵᠤ ᠨᠡᠭᠦᠬᠦ ᠳ᠋ᠦ᠍ ᠠᠯᠢ ᠪᠣᠯᠬᠤ ᠪᠠᠷ ᠬᠥᠩᠭᠡᠨ ᠂ ᠪᠠᠷᠢᠬᠤ ᠳ᠋ᠤ᠌ ᠬᠢᠯᠪᠠᠷ ᠪᠠᠢᠳᠠᠯ ᠢ᠋ ᠬᠠᠷᠠᠭᠠᠯᠵᠠᠭᠰᠠᠨ ᠪᠠᠢᠳᠠᠭ ᠪᠣᠯ ᠬᠣᠲᠠ ᠰᠠᠭᠤᠷᠢᠨ ᠠᠢᠯ ᠤ᠋ᠨ ᠭᠡᠷ ᠨᠢ ᠲᠣᠬᠢᠯᠢᠭ᠋᠂ ᠭᠣᠶᠣᠮᠰᠣᠭ ᠪᠠᠢᠳᠠᠯ ᠢ᠋ ᠡᠷᠬᠢᠮᠯᠡᠳᠡᠭ ᠤᠴᠢᠷ ᠠ᠋ᠴᠠ ᠭᠡᠷ ᠦ᠋ᠨ ᠬᠢᠴᠡ ᠬᠡᠰᠡᠭ ᠦ᠋ᠳ ᠮᠠᠰᠢ ᠨᠠᠷᠢᠨ ᠠᠵᠢᠯᠯᠠᠭ᠎ᠠ ᠲᠠᠢ ᠪᠣᠯᠵᠠᠢ ᠃ ᠬᠣᠲᠠ ᠰᠠᠭᠤᠷᠢᠨ ᠭᠠᠵᠠᠷ ᠤ᠋ᠨ ᠬᠥᠮᠦᠰ ᠭᠡᠷ ᠢ᠋ ᠪᠣᠷᠣᠭ᠎ᠠ ᠂ ᠴᠠᠰᠤᠨ ᠠ᠋ᠴᠠ ᠬᠠᠮᠠᠭᠠᠯᠠᠵᠤ ᠰᠠᠷᠠᠪᠴᠢ ᠪᠠᠷᠢᠬᠤ ᠂ ᠱᠠᠯᠠᠨ ᠳᠡᠭᠡᠷ᠎ᠡ ᠪᠠᠷᠢᠬᠤ ᠂ ᠮᠥᠨ ᠬᠠᠲᠠᠪᠴᠢᠨ ᠳ᠋ᠤ᠌ ᠭᠡᠭᠡᠪᠴᠢ ᠬᠢᠬᠦ ᠵᠡᠷᠭᠡ ᠪᠡᠷ ᠭᠡᠷ ᠦ᠋ᠨ ᠬᠢᠴᠡ ᠶ᠋ᠢᠨ ᠬᠡᠰᠡᠭ ᠦ᠋ᠳ ᠢ᠋ ᠥᠭᠡᠷᠡᠴᠢᠯᠡᠵᠦ ᠢᠷᠡᠵᠡᠢ ᠃ ᠡᠷᠲᠡ ᠳᠡᠭᠡᠷ᠎ᠡ ᠦᠶ᠎ᠡ ᠳ᠋ᠦ᠍ ᠢᠰᠡᠭᠡᠢ ᠭᠡᠷ ᠢ᠋ ᠮᠣᠩᠭᠣᠯ ᠪᠠ ᠲᠥᠷᠥᠭ ᠦ᠋ᠨ ᠭᠡᠵᠦ ᠢᠯᠭᠠᠳᠠᠭ ᠪᠠᠢᠭᠰᠠᠨ ᠪᠠᠢᠨ᠎ᠠ᠃ ᠮᠣᠩᠭᠣᠯ ᠭᠡᠷ ᠪᠣᠯ ᠲᠥᠷᠥᠭ ᠦᠨᠳᠦᠰᠦᠲᠡᠨ ᠦ᠌ ᠭᠡᠷ ᠡᠴᠡ ᠬᠢᠯᠪᠠᠷ ᠪᠠ ᠬᠢᠴᠡ ᠪᠡᠷ ᠢ᠋ᠶ᠋ᠡᠨ ᠢᠯᠭᠠᠭᠳᠠᠨ᠎ᠠ ᠃ ᠲᠥᠷᠥᠭ ᠭᠡᠷ ᠨᠢ ᠪᠦᠩᠬᠦᠭᠡᠷ ᠪᠥᠭᠡᠳ ᠵᠢᠵᠢᠭᠬᠡᠨ ᠲᠣᠭᠣᠨᠣ ᠲᠠᠢ ᠂ ᠣᠨᠢ ᠨᠢ ᠤᠷᠲᠤ ᠂ ᠰᠠᠭᠠᠯᠳᠤᠷᠭ᠎ᠠ ᠲᠠᠢ ᠲᠠᠯ᠎ᠠ ᠨᠢ ᠲᠠᠬᠢᠷ ᠂ ᠬᠠᠨ᠎ᠠ ᠨᠢ ᠨᠠᠮᠬᠠᠨ ᠪᠠᠢᠳᠠᠭ ᠪᠣᠯ ᠮᠣᠩᠭᠣᠯ ᠭᠡᠷ ᠨᠢ ᠲᠣᠮᠣ ᠲᠣᠭᠣᠨᠣ ᠲᠠᠢ ᠂ ᠪᠣᠭᠣᠨᠢᠬᠠᠨ ᠰᠢᠯᠤᠭᠤᠨ ᠣᠨᠢ ᠲᠠᠢ ᠂ ᠬᠠᠨ᠎ᠠ ᠨᠢ ᠥᠨᠳᠥᠷᠳᠡᠭᠦᠦ ᠪᠠᠢᠳᠠᠭ ᠃
ᠮᠣᠩᠭᠣᠯ ᠭᠡᠷ ᠨᠢ ᠬᠢᠭᠰᠡᠨ ᠮᠠᠲ᠋ᠧᠷᠢᠶᠠᠯ ᠂ ᠭᠣᠶᠣᠯ ᠴᠢᠮᠡᠭᠯᠡᠯ ᠵᠠᠷᠢᠮ ᠬᠢᠴᠡ ᠬᠡᠰᠡᠭ ᠦ᠋ᠨ ᠬᠤᠪᠢ ᠳ᠋ᠤ᠌ ᠬᠠᠷᠢᠯᠴᠠᠨ ᠠᠳᠠᠯᠢ ᠦᠭᠡᠢ ᠪᠠᠢᠭᠰᠠᠨ ᠠᠴᠠ 《 ᠮᠣᠩᠭᠣᠯ ᠤ᠋ᠨ ᠨᠢᠭᠤᠴᠠ ᠲᠣᠪᠴᠢᠶᠠᠨ ᠪᠠ ᠪᠤᠰᠤᠳ ᠨᠣᠮ ᠵᠣᠬᠢᠶᠠᠯ ᠳ᠋ᠤ᠌ ᠶᠠᠩᠵᠤ ᠪᠦᠷᠢ ᠶ᠋ᠢᠨ ᠨᠡᠷ᠎ᠡ ᠪᠡᠷ ᠨᠡᠷᠡᠯᠡᠭᠳᠡᠨ ᠢᠷᠡᠵᠡᠢ ᠃ ᠵᠢᠰᠢᠷᠡ ᠨᠢ ᠂ ᠬᠠᠷᠠᠴᠤ ᠶ᠋ᠢᠨ ᠭᠡᠷ ᠂ ᠴᠣᠷᠬᠠᠨ᠂ ᠲᠠᠷᠮ᠎ᠠ ᠂ ᠰᠣᠶᠣᠳᠠ ᠭᠡᠷ ᠭᠡᠬᠦ ᠮᠡᠲᠦ ᠃ ᠭᠡᠷ ᠢ᠋ ᠲᠠᠷᠬᠠᠯᠲᠠ ᠶ᠋ᠢᠨ ᠪᠠᠢᠳᠠᠯ ᠢ᠋ᠶ᠋ᠠᠷ ᠨᠢ ᠦᠵᠡᠪᠡᠯ ᠠᠷᠤ ᠂ ᠥᠪᠥᠷ ᠮᠣᠩᠭᠣᠯ᠂ ᠪᠤᠷᠢᠶᠠᠳ ᠂ ᠬᠠᠯᠢᠮᠠᠭ ᠂ ᠠᠯᠲᠠᠢᠴᠤᠳ᠂ ᠬᠠᠰᠠᠭ ᠂ ᠺᠢᠷᠭᠢᠽᠤᠳ ᠤ᠋ᠨ ᠳᠤᠮᠳᠠ ᠳᠡᠯᠭᠡᠷᠡᠵᠡᠢ᠃
ᠭᠡᠷ ᠦ᠋ᠨ ᠬᠣᠢᠮᠣᠷ ᠢ᠋ᠶ᠋ᠠᠷ ᠬᠡ ᠤᠭᠠᠯᠵᠠ ᠪᠦᠬᠦᠢ ᠰᠢᠷᠢᠮᠡᠯ ᠰᠢᠷᠳᠡᠭ ᠂ ᠢᠰᠡᠭᠡᠢ ᠳᠡᠪᠢᠰᠬᠡᠷ ᠂ ᠬᠡᠪᠢᠰ ᠳᠡᠪᠢᠰᠦᠨ᠎ᠡ ᠃ ᠪᠠᠰᠠ ᠬᠦᠨᠳᠦᠲᠦ ᠵᠣᠴᠢᠨ ᠳ᠋ᠤ᠌ ᠣᠯᠪᠣᠭ ᠳᠡᠪᠢᠰᠳᠡᠭ ᠵᠠᠩᠰᠢᠯ ᠲᠠᠢ ᠪᠠᠢᠪᠠ ᠃ ᠪᠤᠳ᠌ᠳ᠌ᡁᠠ ᠶ᠋ᠢᠨ ᠱᠠᠰᠢᠨ ᠳᠡᠯᠭᠡᠷᠡᠭᠰᠡᠨ ᠡᠴᠡ ᠬᠣᠢᠰᠢ ᠭᠡᠷ ᠦ᠋ᠨ ᠬᠣᠢᠮᠣᠷ ᠲᠤ᠌ ᠡᠷᠦᠬᠡ ᠶ᠋ᠢᠨ ᠲᠡᠷᠢᠭᠦᠯᠡᠭᠴᠢ ᠰᠠᠭᠤᠳᠠᠭ ᠭᠠᠵᠠᠷ ᠲᠤ᠌ ᠭᠦᠩᠭᠠᠷᠠᠸ᠎ᠠ ᠲᠠᠢ ᠪᠤᠷᠬᠠᠨ ᠪᠠ ᠲᠠᠬᠢᠯ ᠤ᠋ᠨ ᠬᠡᠷᠡᠭᠯᠡᠯ ᠲᠠᠯᠪᠢᠬᠤ ᠪᠣᠯᠵᠠᠢ ᠃ ᠭᠡᠷ ᠪᠦᠯᠢ ᠶ᠋ᠢᠨ ᠬᠥᠮᠦᠰ ᠨᠢ ᠭᠡᠷ ᠦ᠋ᠨ ᠵᠡᠭᠦᠨ ᠲᠠᠯ᠎ᠠ ᠪᠠᠷ ᠰᠠᠭᠤᠵᠠᠭᠠᠵᠤ ᠂ ᠪᠠᠷᠠᠭᠤᠨ ᠲᠠᠯ᠎ᠠ ᠳ᠋ᠤ᠌ ᠨᠢ ᠵᠣᠴᠢᠳ ᠰᠠᠭᠤᠳᠠᠭ ᠪᠠ ᠬᠠᠮᠤᠭ ᠤ᠋ᠨ ᠬᠦᠨᠳᠦ ᠲᠡᠢ ᠵᠣᠴᠢᠨ ᠨᠢ ᠪᠠᠷᠠᠭᠤᠨ ᠬᠣᠢᠲᠤ ᠲᠠᠯ᠎ᠠ ᠳ᠋ᠤ᠌ ᠪᠤᠷᠬᠠᠨ ᠤ᠋ ᠣᠢᠷᠠᠯᠴᠠᠭ᠎ᠠ ᠰᠠᠭᠤᠳᠠᠭ ᠪᠣᠯᠵᠠᠢ᠃ ᠡᠷᠲᠡᠨ ᠦ᠌ ᠮᠣᠩᠭᠣᠯ ᠤ᠋ᠨ ᠵᠠᠩᠰᠢᠯ ᠢ᠋ᠶ᠋ᠠᠷ ᠶᠠᠮᠠᠷ ᠨᠢᠭᠡᠨ ᠬᠥᠮᠦᠨ ᠤᠷᠢᠯᠭ᠎ᠠ ᠦᠭᠡᠢ ᠪᠡᠷ ᠬᠣᠢᠮᠣᠷ ᠲᠤ᠌ ᠰᠠᠭᠤᠬᠤ ᠶ᠋ᠢ ᠡᠶᠡᠯᠳᠡᠭ ᠪᠤᠰᠤ ᠵᠠᠩ ᠭᠡᠵᠦ ᠦᠵᠡᠳᠡᠭ ᠪᠠᠢᠨ᠎ᠠ᠃
ᠮᠣᠩᠭᠣᠯ ᠭᠡᠷ ᠳᠤᠭᠤᠢ ᠬᠡᠯᠪᠡᠷᠢ ᠲᠡᠢ ᠪᠠᠢᠳᠠᠭ ᠨᠢ ᠰᠠᠭᠤᠴᠠᠨ ᠤ᠋ ᠲᠠᠯᠠᠪᠠᠢ ᠶ᠋ᠢ ᠪᠦᠷᠢᠨ ᠡᠵᠡᠮᠰᠢᠬᠦ ᠳ᠋ᠦ᠍ ᠠᠰᠢᠭᠲᠠᠢ᠂ ᠨᠠᠮᠬᠠᠨ ᠪᠠᠢᠳᠠᠭ ᠨᠢ ᠰᠠᠯᠬᠢᠨ ᠳ᠋ᠤ᠌ ᠲᠣᠭᠲᠠᠪᠤᠷᠢᠲᠠᠢ᠂ ᠢᠰᠡᠭᠡᠢ ᠪᠡᠷ ᠪᠦᠷᠢᠳᠡᠭ ᠨᠢ ᠳᠤᠯᠠᠭᠠᠨ᠂ ᠲᠣᠭᠣᠨᠣᠨ ᠤ᠋ ᠨᠦᠬᠡ ᠨᠢ ᠰᠠᠯᠬᠢ ᠣᠷᠣᠭᠤᠯᠬᠤ᠂ ᠭᠡᠷᠡᠯᠲᠦᠭᠦᠯᠬᠦ ᠲᠠᠯ᠎ᠠ ᠲᠠᠢ᠃
ᠮᠣᠩᠭᠣᠯ ᠳ᠋ᠤ᠌ ᠵᠢᠯ ᠦ᠋ᠨ 300 ᠣᠷᠴᠢᠮ ᠡᠳᠦᠷ ᠨᠢ ᠨᠠᠷᠠ ᠲᠠᠢ ᠪᠠᠢᠳᠠᠭ ᠠ᠋ᠴᠠ ᠨᠠᠮᠤᠷ ᠂ ᠡᠪᠦᠯ ᠂ ᠬᠠᠪᠤᠷ ᠤ᠋ᠨ ᠬᠦᠢᠲᠡᠨ ᠤᠯᠠᠷᠢᠯ ᠳ᠋ᠤ᠌ ᠲᠣᠭᠣᠨᠣ ᠪᠠᠷ ᠣᠷᠣᠵᠤ ᠪᠠᠢᠭ᠎ᠠ ᠨᠠᠷᠠᠨ ᠢᠯᠴᠢ ᠨᠢ ᠭᠡᠷ ᠳᠤᠯᠠᠭᠠᠴᠠᠭᠤᠯᠤᠨ᠎ᠠ ᠃ ᠮᠣᠩᠭᠣᠯᠴᠤᠳ ᠡᠷᠲᠡ ᠦᠶ᠎ᠡ ᠡᠴᠡ ᠲᠣᠭᠣᠨᠣ ᠪᠠᠷ ᠲᠤᠰᠤᠭᠰᠠᠨ ᠨᠠᠷᠠᠨ ᠤ᠋ ᠪᠠᠢᠳᠠᠯ ᠢ᠋ᠶ᠋ᠠᠷ ᠡᠳᠦᠷ ᠦ᠋ᠨ ᠴᠠᠭ ᠢ᠋ ᠲᠣᠳᠣᠷᠬᠠᠢᠯᠠᠳᠠᠭ ᠪᠠᠢᠵᠠᠢ ᠃ ᠵᠢᠱ᠌ᠢᠶ᠎ᠡ ᠨᠢ ᠂ ᠥᠷᠯᠥᠭᠡᠨ ᠨᠠᠷᠠ ᠬᠠᠨᠠᠨ ᠤ᠋ ᠲᠣᠯᠣᠭᠠᠢ ᠳ᠋ᠤ᠌ ᠲᠤᠰᠬᠤ ᠲᠤᠯᠠ ᠦᠳᠡ ᠡᠴᠡ ᠡᠮᠦᠨ᠎ᠡ ᠴᠠᠭ ᠮᠥᠴᠡ ᠶ᠋ᠢ ᠬᠠᠨᠠᠨ ᠤ᠋ ᠲᠣᠯᠣᠭᠠᠢ ᠪᠠᠷ ᠲᠣᠭᠠᠯᠠᠵᠤ ᠭᠠᠷᠭᠠᠳᠠᠭ ᠪᠥᠭᠡᠳ ᠦᠳᠡ ᠡᠴᠡ ᠬᠣᠢᠰᠢ ᠭᠡᠷ ᠦ᠋ᠨ ᠵᠡᠭᠦᠨ ᠬᠣᠢᠮᠣᠷ ᠳᠡᠪᠢᠰᠦᠭᠰᠡᠨ ᠰᠢᠷᠢᠮᠡᠯ ᠰᠢᠷᠳᠡᠭ ᠳᠡᠭᠡᠷ᠎ᠡ ᠲᠤᠰᠤᠭᠰᠠᠨ ᠪᠠᠢᠷᠢᠯᠠᠯ ᠢ᠋ᠶ᠋ᠠᠷ ᠦᠳᠡᠰᠢ ᠬᠦᠷᠲᠡᠯᠡᠬᠢ ᠴᠠᠭ ᠢ᠋ ᠪᠠᠷᠢᠮᠵᠢᠶ᠎ᠠ ᠪᠠᠷ ᠭᠠᠷᠭᠠᠳᠠᠭ᠃ ᠮᠥᠨ ᠡᠭᠦᠨ ᠲᠡᠢ ᠬᠣᠯᠪᠣᠭᠳᠠᠭᠤᠯᠤᠨ ᠳᠤᠷᠠᠳᠬᠤ ᠳ᠋ᠤ᠌ ᠰᠠᠢᠨ ᠨᠣᠶᠠᠨ ᠬᠠᠨ ᠠᠢᠮᠠᠭ ᠤ᠋ᠨ ᠳᠠᠯᠠᠢ ᠴᠣᠢᠩᠬᠤᠷ ᠸᠠᠩ ᠤ᠋ᠨ ᠵᠠᠷᠢᠮ ᠤᠷᠠᠴᠤᠳ ᠬᠣᠢᠮᠣᠷ ᠤ᠋ᠨ ᠲᠠᠯ᠎ᠠ ᠳᠤᠭᠤᠢ ᠰᠢᠷᠢᠮᠡᠯ ᠰᠢᠷᠲᠡᠭ ᠢ᠋ ᠨᠠᠷᠠᠨ ᠤ᠋ ᠴᠠᠭ ᠤ᠋ᠨ ᠬᠤᠪᠢᠶᠠᠷᠢ ᠪᠠᠷ ᠰᠢᠷᠢᠵᠦ ᠪᠠᠢᠭᠰᠠᠨ ᠭᠡᠳᠡᠭ ᠃
ᠮᠣᠩᠭᠣᠯ ᠳ᠋ᠤ᠌ ᠭᠡᠷ ᠦ᠋ᠨ ᠪᠠᠭᠲᠠᠭᠠᠮᠵᠢ ᠶ᠋ᠢ ᠬᠠᠨ᠎ᠠ ᠶ᠋ᠢᠨ ᠲᠣᠭ᠎ᠠ ᠪᠠᠷ ᠲᠣᠭᠲᠠᠭᠠᠳᠠᠭ ᠃ ᠳᠡᠭᠡᠷ᠎ᠡ ᠦᠶ᠎ᠡ ᠳ᠋ᠦ᠍ ᠭᠡᠷ ᠦ᠋ᠨ ᠬᠠᠨ᠎ᠠ ᠶ᠋ᠢ ᠰᠣᠨᠳᠣᠭᠣᠢ ᠲᠣᠭ᠎ᠠ ᠪᠠᠷ ᠲᠣᠭᠲᠠᠭᠠᠳᠠᠭ ᠪᠠᠢᠭᠰᠠᠨ ᠪᠣᠯ ᠰᠡᠭᠦᠯ ᠦ᠋ᠨ ᠦᠶ᠎ᠡ ᠳ᠋ᠦ᠍ ᠲᠡᠭᠰᠢ ᠲᠣᠭ᠎ᠠ ᠲᠠᠢ ᠬᠢᠳᠡᠭ ᠪᠣᠯᠵᠠᠢ ᠃ ᠵᠢᠱ᠌ᠢᠶ᠎ᠡ ᠨᠢ ᠂ ᠡᠦᠲᠦ ᠶ᠋ᠢᠨ ᠮᠣᠩᠭᠣᠯ ᠭᠡᠷ ᠦ᠋ᠨ ᠪᠠᠭᠲᠠᠭᠠᠮᠵᠢ ᠨᠢ 4 ᠂ 6 ᠂ 8 ᠂ 12 ᠬᠠᠨ᠎ᠠ ᠲᠠᠢ ᠪᠠᠢᠳᠠᠭ᠃ ᠬᠠᠮᠤᠭ ᠤ᠋ᠨ ᠲᠣᠮᠣ ᠭᠡᠷ ᠲᠦ᠍ ᠬᠠᠨ᠎ᠠ ᠲᠤᠲᠤᠮ ᠨᠢᠭᠡ ᠬᠥᠮᠦᠨ ᠣᠷᠣ ᠬᠣᠭᠰᠢᠯ ᠲᠠᠢ ᠪᠠᠨ ᠪᠠᠭᠲᠠᠳᠠᠭ ᠭᠡᠵᠦ ᠦᠵᠡᠳᠡᠭ ᠪᠥᠭᠡᠳ ᠡᠭᠦᠪᠡᠷ ᠪᠣᠳᠣᠬᠤ ᠳ᠋ᠤ᠌ ᠬᠠᠮᠤᠭ ᠲᠣᠮᠣ ᠭᠡᠷ ᠲᠦ᠍ 12 ᠬᠥᠮᠦᠨ ᠣᠷᠣ ᠳᠡᠪᠢᠰᠬᠡᠷ ᠂ ᠡᠳ᠋ ᠬᠣᠭᠰᠢᠯ ᠲᠠᠢ ᠪᠠᠨ ᠪᠠᠭᠲᠠᠬᠤ ᠶᠤᠮ᠃
ᠮᠣᠩᠭᠣᠯ ᠭᠡᠷ ᠨᠢ ᠥᠪᠡᠷ ᠦ᠋ᠨ ᠬᠥᠭᠵᠢᠯ ᠦ᠋ᠨ ᠡᠴᠦᠰ ᠲᠦ᠍ ᠭᠣᠣᠯᠯᠠᠬᠤ ᠬᠢᠴᠡ ᠬᠡᠰᠡᠭ ᠦ᠋ᠳ ᠢ᠋ᠶ᠋ᠡᠷ ᠠᠮᠠᠷᠬᠠᠨ ᠨᠡᠢᠯᠡᠵᠦ ᠰᠠᠯᠭᠠᠬᠤ ᠪᠣᠯᠤᠮᠵᠢ ᠲᠠᠢ ᠪᠥᠭᠡᠳ ᠵᠥᠭᠡᠭᠡᠬᠦ᠂ ᠪᠠᠷᠢᠬᠤ᠂ ᠪᠠᠭᠤᠯᠭᠠᠬᠤ ᠳ᠋ᠤ᠌ ᠬᠠᠮᠤᠭ ᠤ᠋ᠨ ᠬᠢᠯᠪᠠᠷ ᠪᠣᠯᠵᠠᠢ᠃ ᠵᠢᠯ ᠦ᠋ᠨ ᠳᠥᠷᠪᠡᠨ ᠤᠯᠠᠷᠢᠯ ᠳ᠋ᠤ᠌ ᠪᠣᠷᠣᠭ᠎ᠠ ᠂ ᠴᠠᠰᠤ ᠂ ᠰᠠᠯᠬᠢ ᠰᠢᠭᠤᠷᠭᠠᠨ ᠠ᠋ᠴᠠ ᠬᠠᠮᠠᠭᠠᠯᠠᠬᠤ ᠂ ᠭᠡᠷ ᠦ᠋ᠨ ᠭᠡᠷᠡᠯᠲᠦᠭᠦᠯᠭᠡ ᠶ᠋ᠢ ᠲᠣᠬᠢᠷᠠᠭᠤᠯᠬᠤ ᠵᠣᠷᠢᠯᠭ᠎ᠠ ᠪᠠᠷ ᠲᠣᠭᠣᠨᠣ ᠶ᠋ᠢ ᠪᠦᠲᠡᠭᠡᠬᠦ ᠡᠷᠦᠬᠡ ᠲᠡᠢ ᠪᠣᠯᠭᠠᠵᠠᠢ ᠃ ᠳᠡᠭᠡᠷ᠎ᠡ ᠦᠶ᠎ᠡ ᠶ᠋ᠢᠨ ᠵᠠᠷᠢᠮ ᠮᠣᠩᠭᠣᠯᠴᠤᠳ ᠥᠪᠡᠷ ᠦ᠋ᠨ ᠭᠡᠷ ᠦ᠋ᠨ ᠢᠰᠡᠭᠡᠢ ᠪᠦᠷᠢᠶᠡᠰᠦ ᠶ᠋ᠢ ᠬᠡ ᠤᠭᠠᠯᠵᠠ ᠪᠠᠷ ᠴᠢᠮᠡᠭᠯᠡᠳᠡᠭ ᠪᠠᠢᠭᠰᠠᠨ ᠪᠣᠯ ᠡᠳᠦᠭᠡ ᠭᠡᠷ ᠢ᠋ ᠭᠣᠣᠯᠳᠠᠭᠤ ᠴᠠᠭᠠᠨ ᠳᠠᠪᠤᠤ ᠪᠠᠷ ᠪᠦᠷᠢᠵᠦ ᠂ ᠮᠥᠨ ᠬᠡ ᠤᠭᠠᠯᠵᠠ ᠪᠠᠷ ᠵᠡᠭᠡᠭᠯᠡᠳᠡᠭ ᠪᠣᠯᠵᠠᠢ᠃
ᠮᠣᠩᠭᠣᠯ ᠭᠡᠷ ᠢ᠋ ᠪᠠᠷᠢᠬᠤ᠂ ᠪᠠᠭᠤᠯᠭᠠᠬᠤ ᠨᠢ ᠨᠠᠷᠢᠨ ᠳᠡᠰ ᠳᠠᠷᠠᠭᠠᠯᠠᠯ ᠲᠠᠢ ᠪᠠᠢᠳᠠᠭ ᠃ ᠡᠢᠮᠦ ᠳ᠋ᠦ᠍ ᠭᠡᠷ ᠢ᠋ ᠪᠠᠷᠢᠬᠤ ᠳ᠋ᠤ᠌ ᠄ 1 ᠱᠠᠯᠠ ᠲᠠᠯᠪᠢᠬᠤ ᠂ 2 ᠬᠠᠭᠠᠯᠭ᠎ᠠ ᠪᠤᠰᠬᠠᠬᠤ ᠂ 3 ᠬᠠᠨ᠎ᠠ ᠳᠤᠭᠤᠢᠯᠠᠬᠤ ᠂ 4 ᠪᠦᠰᠡᠯᠡᠭᠦᠷ ᠲᠠᠲᠠᠬᠤ ᠂ 5 ᠲᠣᠭᠣᠨᠣ ᠪᠠ ᠪᠠᠭᠠᠨ᠎ᠠ ᠪᠤᠰᠬᠠᠬᠤ ᠂ 6 ᠣᠨᠢ ᠬᠠᠳᠬᠤᠬᠤ ᠂ 7 ᠳᠣᠲᠣᠭᠤᠷ ᠪᠦᠷᠢᠶᠡᠰᠦ ᠲᠠᠯᠪᠢᠬᠤ ᠂ 8 ᠲᠤᠭᠤᠷᠭ᠎ᠠ ᠨᠥᠮᠥᠷᠭᠡᠬᠦ ᠂ 9 ᠴᠠᠪᠤᠭ ᠲᠠᠯᠪᠢᠬᠤ ᠂ 10 ᠳᠡᠭᠡᠪᠦᠷ ᠲᠠᠯᠪᠢᠬᠤ ᠂ 11 ᠭᠠᠳᠠᠭᠤᠷ ᠪᠦᠷᠢᠶᠡᠰᠦ ᠨᠥᠮᠥᠷᠭᠡᠬᠦ 12 ᠡᠷᠦᠬᠡ ᠲᠠᠯᠪᠢᠬᠤ᠂ 13 ᠬᠠᠶᠠᠭᠠᠪᠴᠢ ᠲᠠᠲᠠᠬᠤ᠂ 14 ᠣᠭᠣᠰᠣᠷ ᠤ᠋ᠳ ᠢ᠋ ᠪᠡᠬᠢᠯᠡᠬᠦ ᠵᠡᠷᠭᠡ ᠳᠠᠷᠠᠭᠠᠯᠠᠯ ᠲᠠᠢ ᠪᠠᠢᠳᠠᠭ ᠪᠠᠢᠨ᠎ᠠ᠃
ᠨᠡᠢᠲᠡᠯᠡᠭᠰᠡᠨ ᠄ ᠣ · ᠰᠢᠨᠡᠲᠤᠶᠠᠭᠠ
※ ᠢᠷᠡᠯᠲᠡ
《 ᠮᠣᠩᠭᠣᠯ ᠠᠮᠢᠳᠤᠷᠠᠯ》 ᠸᠢᠴᠠᠲ ᠳᠠᠪᠴᠠᠩ ᠠᠴᠠ ᠬᠠᠭᠤᠯᠪᠠ᠃
ᠦᠰᠦᠭ ᠠᠮᠢᠯᠠᠭᠤᠯᠤᠭᠴᠢ᠄ ᠾᠦᠩ ᠮᠧᠢ ᠂ ᠰᠡᠷᠭᠦᠯᠡᠩ
ᠬᠢᠨᠠᠭᠴᠢ᠄ ᠰᠡᠬᠡᠭᠡᠷᠡᠯ ᠂ ᠣᠳᠬᠠᠨᠰᠣ ᠠ᠋
