ᠬᠣᠯᠠ ᠨᠤᠲᠤᠭ ᠤᠨ ᠪᠦᠰᠡᠭᠦᠢ ᠨᠢ ᠬᠥ᠋ - ᠷ ᠂ ᠴᠣᠢᠨᠣᠮ Хол нутгийн бүсгүй нь хөө – Р ᠂ Чойном
ᠬᠣᠯᠠ ᠨᠤᠲᠤᠭ ᠤᠨ ᠪᠦᠰᠡᠭᠦᠢ ᠨᠢ ᠬᠥ᠋
ᠠᠭᠤᠯᠠ ᠶ᠋ᠢᠨ ᠨᠡᠭᠦᠳᠡᠯᠴᠢᠨ ᠬᠠᠰᠠᠭ ᠲᠦᠮᠡᠨ ᠦ᠌
ᠤᠷᠠᠨ ᠭᠤᠸ᠎ᠠ ᠮᠢᠨᠢ ᠰᠠᠢᠨ ᠪᠠᠢᠨ᠎ᠠ ᠤᠤ?
ᠤᠰᠤᠨ ᠳᠡᠯᠦᠮᠡᠨ ᠬᠠᠷ᠎ᠠ ᠨᠢᠳᠦ ᠴᠢᠨᠢ
ᠤᠯᠠᠭᠠᠬᠠᠨ ᠵᠢᠷᠦᠬᠡ ᠶ᠋ᠢ ᠮᠢᠨᠢ ᠭᠡᠵᠢᠭᠡᠳᠡᠭᠡᠳ ᠪᠠᠢᠨ᠎ᠠ᠃
ᠠᠩᠴᠢᠨ ᠪᠦᠷᠭᠦᠳ ᠦ᠋ᠨ ᠵᠢᠭᠦᠷ ᠰᠢᠭ ᠬᠥ᠋
ᠠᠲᠤᠷᠢᠵᠤ ᠲᠡᠨᠢᠢᠬᠦ ᠬᠥᠮᠥᠰᠬᠡ ᠪᠡᠷ ᠢᠶᠠᠨ ᠬᠥ᠋
ᠠᠯᠤᠰ ᠤ᠋ᠨ ᠨᠠᠳᠠ ᠤᠷᠤᠭᠤ ᠳᠠᠯᠠᠯᠤᠭᠠᠳ ᠪᠠᠢᠨ᠎ᠠ
ᠠᠪᠤᠭᠠᠳ ᠶᠠᠪᠤᠴᠢᠬᠠᠨ᠎ᠠ ᠴᠤ᠌ ᠶᠤᠮ ᠤᠤ ᠳᠠ ᠬᠥ᠋᠃
ᠦᠦᠷ ᠦ᠋ᠨ ᠭᠡᠭᠡ ᠰᠢᠭ ᠤᠷᠤᠭᠤᠯ ᠢ᠋ᠶ᠋ᠠᠷ ᠢ᠋ᠶ᠋ᠠᠨ ᠬᠥ᠋
ᠦᠨᠡᠬᠡᠷ ᠬᠥᠭᠡᠷᠦᠬᠦᠨ ᠮᠢᠰᠢᠶᠡᠬᠦ ᠶᠦᠮ ᠳᠡ ᠲᠠ
ᠦᠳᠡ ᠶ᠋ᠢᠨ ᠨᠠᠷᠠᠨ ᠰᠢᠭ᠋ ᠠᠭᠠᠯᠢᠨ ᠳ᠋ᠤ᠌ ᠴᠢᠨᠢ
ᠣᠢᠵᠤ ᠯᠠ ᠤᠨᠠᠬᠤ ᠨᠢ ᠴᠦ᠍ ᠶᠦᠮ ᠦᠦ ᠳᠡ ᠬᠥ᠋᠃
※ ᠢᠷᠡᠯᠲᠡ᠄
《 ᠷ · ᠴᠣᠶ᠋ᠢᠨᠣᠮ ᠦ᠋ᠨ ᠰᠢᠯᠦᠭ ᠵᠣᠬᠢᠶᠠᠯ ᠬᠤᠷᠢᠶᠠᠬᠤᠢ — 》
— ᠤᠶᠠᠩᠬ᠋᠎ᠠ ᠶ᠋ᠢᠨ ᠰᠢᠯᠦᠭ ᠡᠴᠡ ᠬᠠᠭᠤᠯᠪᠠ ᠃
ᠪᠢ · ᠳᠠᠮᠳᠢᠨᠰᠦ᠋ᠷᠦᠩ ᠡᠮᠬᠢᠤᠠᠬᠡᠨ ᠨᠠᠶ᠋ᠢᠷᠠᠭᠤᠯᠪᠠ
ᠬᠠᠷᠢᠭᠤᠴᠠᠭᠰᠠᠨ ᠨᠠᠶ᠋ᠢᠷᠠᠭᠤᠯᠤᠭᠴᠢ ᠄ ᠪᠣᠷᠤᠨᠤᠳ ᠳᠣᠷᠵᠢ
ᠦᠰᠦᠭ ᠠᠮᠢᠯᠠᠭᠤᠯᠤᠭᠴᠢ᠄ ᠱᠠᠭᠰᠠᠯ
ᠬᠢᠨᠠᠭᠴᠢ᠄ ᠰᠡᠬᠡᠭᠡᠷᠡᠯ
