ᠬᠠᠪᠤᠷ ᠤᠨ ᠦᠳᠡᠰᠢ ᠶᠢᠨ ᠳᠠᠭᠤᠤ - ᠷ ᠂ ᠴᠣᠢᠨᠣᠮ Хаврын үдшийн дуу – Р ᠂ Чойном ᠰᠢᠯᠦᠭ ᠢᠷᠠᠭᠤ ᠨᠠᠢᠷᠠᠭ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠬᠠᠪᠤᠷ ᠤᠨ ᠦᠳᠡᠰᠢ ᠶᠢᠨ ᠳᠠᠭᠤᠤ - ᠷ ᠂ ᠴᠣᠢᠨᠣᠮ Хаврын үдшийн дуу – Р ᠂ Чойном

ᠬᠠᠪᠤᠷ ᠤᠨ ᠦᠳᠡᠰᠢ ᠶᠢᠨ ᠳᠠᠭᠤᠤ - ᠷ ᠂ ᠴᠣᠢᠨᠣᠮ Хаврын үдшийн дуу – Р ᠂ Чойном

2023-08-09

311

ᠬᠠᠪᠤᠷ ᠤᠨ ᠦᠳᠡᠰᠢ ᠶᠢᠨ ᠳᠠᠭᠤᠤ


   ᠤᠷᠢᠳᠤ ᠶ᠋ᠢᠨ ᠢᠷᠦᠭᠡᠯ ᠢ᠋ᠶ᠋ᠡᠷ ᠤᠴᠠᠷᠠᠭᠰᠠᠨ ᠶᠤᠮᠰᠠᠨ  
   ᠠᠭᠤᠯᠵᠠᠬᠤ ᠶ᠋ᠢᠨ ᠲᠠᠪᠢᠯᠠᠩ ᠢ᠋ᠶ᠋ᠠᠷ ᠵᠣᠯᠭᠠᠭᠰᠠᠨ ᠶᠤᠮᠰᠠᠨ  
   ᠤᠴᠠᠷᠠᠭᠰᠠᠨ ᠢᠷᠦᠭᠡᠯ ᠢ᠋ᠶ᠋ᠡᠷ ᠲᠠᠨᠢᠭᠰᠠᠨ ᠬᠣᠢᠨ᠎ᠠ 
   ᠤᠴᠠᠷᠠᠩᠬᠠᠨ ᠳᠠᠰᠢᠶ᠎ᠠ ᠤᠤ ᠳᠠ ᠪᠦᠰᠡᠭᠦᠢ ᠮᠢᠨᠢ  

   ᠬᠠᠯᠬ᠎ᠠ ᠶ᠋ᠢᠨ ᠵᠠᠩᠰᠢᠯ ᠢ᠋ᠶ᠋ᠠᠷ ᠲᠠᠨᠢᠯᠴᠠᠭᠰᠠᠨ ᠶᠤᠮᠰᠠᠨ 
   ᠬᠠᠢᠷᠠᠯᠠᠩᠬᠠᠨ ᠳᠠᠰᠢᠶ᠎ᠠ ᠳᠠ ᠠᠯᠳᠠᠷᠠᠢ ᠮᠢᠨᠢ 
   ᠬᠠᠷᠠᠬᠠᠨ ᠨᠢᠳᠦᠨ ᠦ᠌ ᠴᠢᠨᠢ ᠰᠢᠷᠳᠡᠯᠲᠡ ᠳ᠋ᠦ᠍ 
   ᠬᠠᠨᠢ ᠶ᠋ᠢᠨ ᠵᠢᠷᠭᠠᠯ ᠢ᠋ᠶ᠋ᠠᠨ ᠲᠣᠯᠢᠳᠠᠬᠤ ᠰᠠᠨ ᠳᠠ  

   ᠢᠨᠠᠭ ᠤ᠋ᠨ ᠳᠡᠨᠴᠢᠩ ᠰᠢᠭ ᠬᠠᠪᠤᠷ ᠮᠢᠨᠢ  
   ᠢᠷᠭᠤᠢ ᠶ᠋ᠢᠨ ᠳᠡᠯᠪᠢ ᠰᠢᠭ᠋ ᠠᠮᠠᠷᠠᠭ ᠮᠢᠨᠢ 
   ᠳᠤᠷᠠᠯᠠᠯ ᠨᠡᠷ᠎ᠡ ᠲᠡᠢ ᠴᠡᠩᠭᠡᠯ ᠢ᠋ ᠬᠥ᠋ 
   ᠳᠤᠮᠳᠠᠭᠤᠷ ᠦᠭᠡᠢ ᠬᠠᠢᠷᠠᠯᠠᠨ᠎ᠠ ᠤᠤ ᠳᠠ ᠬᠥ᠋᠃

※ ᠢᠷᠡᠯᠲᠡ᠄
《 ᠷ · ᠴᠣᠶ᠋ᠢᠨᠣᠮ ᠦ᠋ᠨ ᠰᠢᠯᠦᠭ ᠵᠣᠬᠢᠶᠠᠯ ᠬᠤᠷᠢᠶᠠᠬᠤᠢ — 》
            — ᠤᠶᠠᠩᠬ᠋᠎ᠠ ᠶ᠋ᠢᠨ ᠰᠢᠯᠦᠭ ᠡᠴᠡ ᠬᠠᠭᠤᠯᠪᠠ ᠃
             ᠪᠢ‍  · ᠳᠠᠮᠳᠢᠨᠰᠦ᠋ᠷᠦᠩ ᠡᠮᠬᠢᠤᠠᠬᠡᠨ ᠨᠠᠶ᠋ᠢᠷᠠᠭᠤᠯᠪᠠ
             ᠬᠠᠷᠢᠭᠤᠴᠠᠭᠰᠠᠨ ᠨᠠᠶ᠋ᠢᠷᠠᠭᠤᠯᠤᠭᠴᠢ ᠄ ᠪᠣᠷᠤᠨᠤᠳ ᠳᠣᠷᠵᠢ

       ᠦᠰᠦᠭ ᠠᠮᠢᠯᠠᠭᠤᠯᠤᠭᠴᠢ᠄  ᠱᠠᠭᠰᠠᠯ
          ᠬᠢᠨᠠᠭᠴᠢ᠄ ᠰᠡᠬᠡᠭᠡᠷᠡᠯ