ᠲᠩᠷᠢ ᠶ᠋ᠢᠨ ᠭᠡᠭᠦᠦ ᠶ᠋ᠢᠨ ᠤᠨᠠᠭ᠎ᠠТэнгрын гүүгийн унага-ᠣᠷᠳᠣᠰ ᠠᠷᠠᠳ ᠤᠨ ᠳᠠᠭᠤᠤ26
ᠲᠩᠷᠢ ᠶ᠋ᠢᠨ ᠭᠡᠭᠦᠦ ᠶ᠋ᠢᠨ ᠤᠨᠠᠭ᠎ᠠ -ᠣᠷᠳᠣᠰ ᠠᠷᠠᠳ ᠤᠨ ᠳᠠᠭᠤᠤ
ᠲᠩᠷᠢ ᠶ᠋ᠢᠨ ᠭᠡᠭᠦᠦ ᠶ᠋ᠢᠨ ᠤᠨᠠᠭ᠎ᠠ ᠨᠢ
ᠲᠠᠯᠠᠮᠠᠨ ᠵᠢᠷᠣᠭ᠎ᠠ ᠪᠠᠢᠳᠠᠭ ᠶᠤᠮ ᠳ᠋ᠣᠣ
ᠲᠡᠷᠢᠭᠦᠨ ᠰᠠᠷ᠎ᠠ ᠶ᠋ᠢᠨ ᠰᠢᠨ᠎ᠡ ᠶ᠋ᠢᠨ ᠨᠢᠭᠡᠨ ᠳ᠋ᠦ᠍
ᠤᠨᠤᠶ᠎ᠠ ᠭᠡᠰᠡᠨ ᠮᠣᠷᠢ ᠯᠠ ᠮᠢᠨᠢ
ᠬᠠᠨ ᠭᠠᠷᠤᠳᠢ ᠰᠢᠪᠠᠭᠤ ᠨᠢ
ᠳᠡᠯᠡᠬᠡᠢ ᠳᠦᠭᠦᠷᠡᠩ ᠨᠢᠰᠦᠨ᠎ᠡ ᠳ᠋ᠣᠣ
ᠬᠠᠷᠢᠨ ᠲᠡᠭᠦᠨ ᠦ᠌ ᠰᠡᠭᠦᠳᠡᠷ ᠨᠢ
ᠳᠡᠯᠡᠬᠡᠢ ᠳᠦᠭᠦᠷᠡᠩ ᠪᠦᠷᠬᠦᠨ᠎ᠡ ᠳ᠋ᠣᠣ
ᠰᠠᠢᠪᠤᠷ ᠬᠦᠷᠡᠩ ᠲᠠᠷᠭᠤᠨ ᠯᠠ ᠪᠠᠢᠨ᠎ᠠ
ᠰᠠᠨᠠᠭᠰᠠᠨ ᠭᠠᠵᠠᠷ ᠬᠣᠯᠠ ᠯᠠ ᠪᠠᠢᠨ᠎ᠠ
ᠰᠠᠨᠠᠭ᠎ᠠ ᠶᠤᠭᠠᠨ ᠲᠣᠭᠲᠠᠭᠠᠨ
ᠲᠣᠭᠲᠠᠭᠤᠨ ᠰᠠᠭᠤᠵᠤ ᠯᠠ ᠨᠠᠢᠷᠯᠠᠶ᠎ᠠ ᠳ᠋ᠣᠣ
ᠵᠢᠷᠣᠭ᠎ᠠ ᠬᠦᠷᠡᠩ ᠲᠠᠷᠭᠤᠨ ᠯᠠ ᠪᠠᠢᠨ᠎ᠠ
ᠵᠣᠷᠢᠭᠰᠠᠨ ᠭᠠᠵᠠᠷ ᠬᠣᠯᠠ ᠯᠠ ᠪᠠᠢᠨ᠎ᠠ
ᠵᠣᠷᠢᠭ ᠶᠤᠭᠠᠨ ᠪᠠᠷᠢᠵᠤ
ᠵᠣᠷᠢᠭᠯᠠᠨ ᠰᠠᠭᠤᠵᠤ ᠯᠠ ᠨᠠᠢᠷᠯᠠᠶ᠎ᠠ ᠳ᠋ᠣᠣ
ᠬᠠᠢᠯᠠᠰᠤ ᠬᠠᠢᠯᠠᠰᠤ ᠭᠡᠳᠡᠭ ᠨᠢ
ᠬᠠᠯᠢᠰᠤᠨ ᠳᠤᠮᠳᠠ ᠪᠠᠨ ᠪᠠᠢᠳᠠᠭ ᠳ᠋ᠣᠣ
ᠬᠠᠯᠮᠢᠯᠵᠠᠭᠤᠯᠤᠭᠰᠠᠨ ᠪᠢᠳᠡ ᠨᠠᠷ
ᠡᠵᠢ ᠶ᠋ᠢᠨ ᠢ᠋ᠶ᠋ᠡᠨ ᠠᠴᠢ ᠶ᠋ᠢ ᠬᠠᠷᠢᠭᠤᠯᠠᠭᠠᠳᠤᠢ
ᠢᠷᠭᠠᠢ ᠢᠷᠭᠠᠢ ᠭᠡᠳᠡᠭ ᠨᠢ
ᠢᠷᠭᠠᠢ ᠳᠤᠮᠳᠠ ᠪᠠᠨ ᠪᠠᠢᠳᠠᠭ ᠳ᠋ᠣᠣ
ᠠᠷᠪᠠᠯᠵᠠᠭᠤᠯᠤᠭᠰᠠᠨ ᠪᠢᠳᠡ ᠨᠠᠷ
ᠡᠵᠢ ᠶ᠋ᠢᠨ ᠢ᠋ᠶ᠋ᠡᠨ ᠠᠴᠢ ᠶ᠋ᠢ ᠬᠠᠷᠢᠭᠤᠯᠠᠭᠠᠳᠤᠢ
ᠰᠤᠬᠠᠢ ᠰᠤᠬᠠᠢ ᠭᠡᠳᠡᠭ ᠨᠢ
ᠰᠢᠩᠬᠤᠨ ᠤᠯᠠᠭᠠᠨ ᠪᠠᠢᠳᠠᠭ ᠳ᠋ᠣᠣ
ᠰᠤᠪᠢᠯᠠᠭᠤᠯᠵᠤ ᠥᠰᠬᠡᠭᠰᠡᠨ ᠪᠢᠳᠡ ᠨᠠᠷ
ᠡᠵᠢ ᠶ᠋ᠢᠨ ᠢ᠋ᠶ᠋ᠡᠨ ᠠᠴᠢ ᠶ᠋ᠢ ᠬᠠᠷᠢᠭᠤᠯᠠᠭᠠᠳᠤᠢ
ᠠᠭᠰᠤᠮ ᠬᠦᠷᠡᠩ ᠮᠢᠨᠢ ᠲᠣᠭᠰᠢᠨ ᠪᠣᠢ
ᠬᠠᠵᠠᠭᠠᠷ ᠢ᠋ ᠨᠢ ᠳᠠᠷᠤᠭᠠᠳ ᠮᠣᠷᠳᠠᠶ᠎ᠠ ᠳ᠋ᠣᠣ
ᠵᠣᠷᠢᠭᠰᠠᠨ ᠭᠠᠵᠠᠷ ᠬᠣᠯᠠ ᠪᠣᠢ
ᠲᠣᠭᠲᠠᠭᠤᠨ ᠰᠠᠭᠤᠵᠤ ᠯᠠ ᠨᠠᠢᠷᠯᠠᠶ᠎ᠠ ᠳ᠋ᠣᠣ
ᠲᠠᠷᠭᠤᠨ ᠬᠦᠷᠡᠩ ᠮᠢᠨᠢ ᠳᠣᠭᠰᠢᠨ ᠪᠣᠢ
ᠲᠠᠰᠢᠭᠤᠷ ᠪᠠᠷᠢᠵᠤ ᠮᠣᠷᠳᠠᠶ᠎ᠠ ᠳ᠋ᠣᠣ
ᠵᠣᠷᠢᠭᠰᠠᠨ ᠭᠠᠵᠠᠷ ᠬᠣᠯᠠ ᠪᠣᠢ
ᠲᠣᠭᠲᠠᠭᠤᠨ ᠰᠠᠭᠤᠵᠤ ᠯᠠ ᠨᠠᠢᠷᠯᠠᠶ᠎ᠠ ᠳ᠋ᠣᠣ
ᠰᠠᠢᠨ ᠴᠦ᠍ ᠭᠡᠭᠦᠦ ᠶ᠋ᠢᠨ ᠤᠨᠠᠭ᠎ᠠ ᠨᠢ
ᠰᠠᠢᠪᠤᠷ ᠪᠥᠭᠡᠳ ᠵᠢᠷᠣᠭ᠎ᠠ ᠲᠠᠢ
ᠰᠠᠢᠨ ᠴᠦ᠍ ᠬᠥᠮᠦᠨ ᠦ᠌ ᠦᠷ᠎ᠡ ᠨᠢ
ᠰᠠᠢᠨ ᠪᠥᠭᠡᠳ ᠬᠡᠷᠰᠡᠦ ᠶᠦ᠍ᠮ ᠠ᠋
ᠬᠠᠨ ᠭᠠᠷᠤᠳᠢ ᠰᠢᠪᠠᠭᠤ ᠨᠢ
ᠳᠡᠯᠡᠬᠡᠢ ᠳᠦᠭᠦᠷᠡᠩ ᠨᠢᠰᠦᠨ᠎ᠡ ᠳ᠋ᠣᠣ
ᠬᠠᠷᠢᠨ ᠲᠡᠭᠦᠨ ᠦ᠌ ᠰᠡᠭᠦᠳᠡᠷ ᠨᠢ
ᠳᠠᠶᠠᠩ ᠳᠡᠯᠡᠬᠡᠢ ᠶ᠋ᠢ ᠪᠦᠷᠬᠦᠨ᠎ᠡ ᠳ᠋ᠣᠣ
