ᠬᠠᠷᠢᠭᠤ ᠵᠣᠷᠢᠭ ᠪᠠᠷᠢᠬᠤ- ᠬᠣᠶᠠᠷХариу зориг барих-хоёр-ᠣᠷᠳᠣᠰ ᠠᠷᠠᠳ ᠤᠨ ᠳᠠᠭᠤᠤ25
ᠬᠠᠷᠢᠭᠤ ᠵᠣᠷᠢᠭ ᠪᠠᠷᠢᠬᠤ- ᠬᠣᠶᠠᠷ-ᠣᠷᠳᠣᠰ ᠠᠷᠠᠳ ᠤᠨ ᠳᠠᠭᠤᠤ25
ᠰᠠᠷᠠᠭᠤᠯ ᠲᠤᠩᠭᠠᠯᠠᠭ ᠰᠠᠷᠠᠨ ᠤ᠋ ᠭᠡᠷᠡᠯ
ᠰᠠᠢᠬᠠᠨ ᠰᠠᠭᠯᠠᠭᠠᠷ ᠮᠣᠳᠣᠨ ᠤ᠋ ᠰᠡᠭᠦᠳᠡᠷ
ᠲᠠᠯ᠎ᠠ ᠳ᠋ᠤ᠌ ᠪᠠᠨ ᠲᠠᠷᠢᠭᠰᠠᠨ ᠲᠠᠷᠢᠶᠠᠨ ᠤ᠋ ᠰᠢᠮ᠎ᠡ
ᠲᠠᠨᠠᠷ ᠲᠠᠭᠠᠨ ᠪᠠᠷᠢᠬᠤ ᠰᠠᠷᠬᠤᠳ ᠤ᠋ᠨ ᠳᠡᠭᠡᠵᠢ
ᠠᠷᠢᠭᠤᠨ ᠲᠤᠩᠭᠠᠯᠠᠭ ᠰᠠᠷᠠᠨ ᠤ᠋ ᠭᠡᠷᠡᠯ
ᠠᠷᠴᠠ ᠽᠠᠨᠳᠠᠨ ᠮᠣᠳᠣᠨ ᠤ᠋ ᠰᠡᠭᠦᠳᠡᠷ
ᠠᠷᠤ ᠳ᠋ᠤ᠌ ᠪᠠᠨ ᠲᠠᠷᠢᠭᠰᠠᠨ ᠠᠷᠪᠠᠢ ᠶ᠋ᠢᠨ ᠰᠢᠮ᠎ᠡ
ᠠᠬ᠎ᠠ ᠨᠠᠷ ᠲᠠᠭᠠᠨ ᠪᠠᠷᠢᠬᠤ ᠰᠠᠷᠬᠤᠳ ᠤ᠋ᠨ ᠳᠡᠭᠡᠵᠢ
ᠴᠡᠯᠡᠭᠡᠷ ᠲᠤᠩᠭᠠᠯᠠᠭ ᠰᠠᠷᠠᠨ ᠤ᠋ ᠭᠡᠷᠡᠯ
ᠴᠡᠴᠡᠭᠲᠦ ᠽᠠᠨᠳᠠᠨ ᠮᠣᠳᠣᠨ ᠤ᠋ ᠰᠡᠭᠦᠳᠡᠷ
ᠵᠤᠨ ᠳ᠋ᠤ᠌ ᠪᠠᠨ ᠤᠷᠭᠤᠭᠰᠠᠨ ᠨᠣᠭᠣᠭᠠᠨ ᠤ᠋ ᠰᠢᠮ᠎ᠡ
ᠵᠢᠷᠤᠮ ᠲᠠᠢ ᠪᠠᠷᠢᠬᠤ ᠰᠠᠷᠬᠤᠳ ᠤ᠋ᠨ ᠳᠡᠭᠡᠵᠢ
