ᠠᠽᠢᠶ᠎ᠠ ᠲᠢᠪ ᠲᠦ ᠪᠢ ᠲᠦᠷᠦᠭᠰᠡᠨ-ᠷ ᠂ᠴᠣᠢᠨᠣᠮР.Чойном - Ази тивд би төрсөн
ᠠᠽᠢᠶ᠎ᠠ ᠲᠢᠪ ᠲᠦ ᠪᠢ ᠲᠦᠷᠦᠭᠰᠡᠨ
ᠷ᠂ ᠴᠤᠢᠨᠤᠮ
ᠳᠤᠷᠠᠯᠠᠯ ᠤ᠋ᠨ ᠢ᠋ᠶ᠋ᠠᠨ ᠵᠢᠩᠬᠢᠨᠢ ᠠᠮᠲᠠᠨ ᠳ᠋ᠤ᠌ ᠰᠣᠭᠲᠣᠭᠤᠷᠠᠵᠤ
ᠳᠠᠭᠤᠤ ᠶ᠋ᠢᠨ ᠢ᠋ᠶ᠋ᠡᠨ ᠰᠣᠨᠢᠬᠠᠨ ᠠᠶᠠᠯᠭᠤᠨ ᠳ᠋ᠤ᠌ ᠬᠥᠯᠴᠥᠭᠦᠷᠡᠵᠦ
ᠲᠤᠩ ᠴᠡᠩᠬᠡᠷ ᠲᠩᠷᠢ ᠶ᠋ᠢᠨ ᠢ᠋ᠶ᠋ᠡᠷ ᠲᠤᠬᠠᠢ
ᠲᠤᠤᠯᠢᠮ᠎ᠠ ᠴᠠᠭᠠᠨ ᠲᠠᠯ᠎ᠠ ᠶ᠋ᠢᠨ ᠢ᠋ᠶ᠋ᠡᠨ ᠲᠤᠬᠠᠢ
ᠳᠠᠭᠤᠲᠤ ᠥᠨᠳᠥᠷ ᠰᠠᠷᠢᠳᠠᠭ ᠤ᠋ᠨ ᠢ᠋ᠶ᠋ᠠᠨ ᠲᠤᠬᠠᠢ
ᠳᠠᠭᠤᠯᠬᠤ ᠬᠦᠰᠡᠯᠡᠩ ᠨᠠᠳᠠ ᠳ᠋ᠤ᠌ ᠲᠥᠷᠥᠵᠦ ᠪᠠᠢᠨ᠎ᠠ
ᠭᠦᠨ ᠵᠤᠵᠠᠭᠠᠨ ᠬᠥᠪᠴᠢ ᠶ᠋ᠢᠨ ᠢ᠋ᠶ᠋ᠡᠷ ᠲᠤᠬᠠᠢ
ᠭᠦᠶᠦᠳᠡᠯ ᠦᠭᠡᠢ ᠵᠢᠷᠣᠭ᠎ᠠ ᠮᠥᠷᠡᠨ ᠭᠣᠣᠯ ᠤ᠋ᠨ ᠢ᠋ᠶ᠋ᠠᠨ ᠲᠤᠬᠠᠢ
ᠠᠯᠳᠠᠯᠠᠭᠰᠠᠨ ᠴᠤ᠌ ᠦᠵᠦᠭᠦᠷ ᠨᠢ
ᠦᠵᠡᠭᠳᠡᠳᠡᠭ ᠦᠭᠡᠢ ᠬᠠᠳᠠᠭ ᠤ᠋ᠨ ᠢ᠋ᠶ᠋ᠠᠨ ᠲᠤᠬᠠᠢ
ᠠᠰᠬᠠᠭᠰᠠᠨ ᠴᠤ᠌ ᠰᠠᠪᠠ ᠨᠢ
ᠴᠠᠭᠠᠨ ᠦᠯᠡᠳᠡᠳᠡᠭ ᠰᠦᠨ ᠦ᠌ ᠪᠡᠨ ᠲᠤᠬᠠᠢ
ᠠᠭᠤᠷᠯᠠᠭᠰᠠᠨ ᠴᠤ᠌ ᠵᠡᠪᠰᠡᠭ ᠢ᠋ᠶ᠋ᠡᠷ ᠦᠵᠡᠭᠦᠯᠳᠡᠭ ᠦᠭᠡᠢ
ᠬᠠᠷᠠᠴᠤ ᠶ᠋ᠢᠨ ᠢ᠋ᠶ᠋ᠡᠨ ᠬᠥᠪᠡᠭᠦᠳ ᠦ᠋ᠨ ᠲᠤᠬᠠᠢ
ᠤᠬᠢᠯᠠᠭᠰᠠᠨ ᠴᠤ᠌ ᠨᠢᠯᠪᠤᠰᠤ ᠪᠠᠨ ᠦᠵᠡᠭᠦᠯᠳᠡᠭ ᠦᠭᠡᠢ
ᠬᠠᠷ᠎ᠠ ᠨᠢᠳᠦᠲᠡᠨ ᠨᠦ᠍ᠭᠦᠳ ᠦ᠋ᠨ ᠢ᠋ᠶ᠋ᠡᠨ ᠲᠤᠬᠠᠢ
ᠬᠥᠮᠦᠨ ᠦ᠌ ᠵᠣᠪᠠᠯᠠᠩ ᠰᠢᠩᠭᠡᠭᠰᠡᠨ ᠴᠢᠯᠠᠭᠤ ᠪᠦᠬᠦᠨ ᠦ᠌ ᠲᠤᠬᠠᠢ
ᠬᠦᠰᠡᠯ ᠦ᠋ᠨ ᠳᠡᠭᠡᠵᠢ ᠰᠢᠩᠭᠡᠭᠰᠡᠨ ᠨᠠᠢᠷᠠᠭ ᠢ᠋ᠶ᠋ᠠᠷ ᠢ᠋ᠶ᠋ᠠᠨ ᠪᠢ ᠳᠠᠭᠤᠯᠠᠨᠠᠮ
ᠬᠠᠮᠢᠭ᠎ᠠ ᠴᠢ ᠲᠥᠷᠥᠭᠰᠡᠨ ᠶᠦᠮ ᠭᠡᠵᠦ
ᠬᠠᠲᠤᠨ ᠳᠡᠯᠡᠬᠡᠢ ᠴᠢ ᠠᠰᠠᠭᠤ
ᠬᠠᠮᠤᠭ ᠢ᠋ ᠵᠠᠬᠢᠷᠳᠠᠭ ᠣᠮᠣᠭ ᠳᠦᠷᠢ ᠪᠡᠷ ᠢ᠋ᠶ᠋ᠡᠷ
ᠬᠠᠪᠲᠠᠰᠤ ᠨᠡᠭᠡᠭᠡᠭᠡᠳ ᠠᠰᠠᠭᠤ
ᠠᠯᠧᠺᠰᠠᠨᠳᠧᠷ ᠳ᠋ᠶᠦ᠋ᠮ ᠡᠴᠡ
ᠠᠰᠠᠭᠤᠭᠰᠠᠨ ᠰᠢᠭ᠋ ᠢ᠋ᠶ᠋ᠡᠷ ᠠᠰᠠᠭᠤ
ᠠᠯᠢᠱᠸᠷ ᠨᠠᠸᠤᠢ ᠶ᠋ᠢ ᠵᠠᠯᠠᠭᠤ ᠳ᠋ᠤ᠌ ᠨᠢ
ᠠᠰᠠᠭᠤᠭᠰᠠᠨ ᠰᠢᠭ᠋ ᠢ᠋ᠶ᠋ᠡᠷ ᠠᠰᠠᠭᠤ
ᠬᠠᠭᠠᠨ ᠰᠤᠳᠤᠷ ᠪᠢᠴᠢᠭᠰᠡᠨ ᠫᠸᠷᠦᠰᠰ ᠢ᠋
ᠬᠠᠷᠠᠩᠭᠤᠳᠠᠭᠤᠯᠤᠭᠰᠠᠨ ᠰᠢᠭ᠋ ᠢ᠋ᠶ᠋ᠡᠷ ᠠᠰᠠᠭᠤ
ᠬᠠᠨᠤᠭᠰᠠᠨ ᠴᠡᠩᠭᠡᠯ ᠡᠴᠡ ᠫᠦᠱᠺᠢᠨ ᠢ᠋
ᠬᠠᠭᠠᠴᠠᠭᠠᠭᠰᠠᠨ ᠰᠢᠭ᠋ ᠢ᠋ᠶ᠋ᠡᠷ ᠠᠰᠠᠭᠤ
ᠦᠯᠡᠮᠵᠢ ᠶ᠋ᠢᠨ ᠶᠡᠬᠡ ᠪᠠᠢᠷᠤᠨ ᠢ
ᠦᠬᠦᠭᠦᠯᠦᠭᠰᠡᠨ ᠰᠢᠭ ᠢ᠋ᠶ᠋ᠡᠷ ᠠᠰᠠᠭᠤ
ᠡᠭᠦᠨ ᠳ᠋ᠦ᠍ ᠴᠢᠨᠢ ᠪᠢ ᠭᠠᠪ ᠭᠠᠭᠴᠠᠭᠠᠷ ᠢ᠋ᠶ᠋ᠠᠨ
ᠦᠢ ᠲᠦᠮᠡᠨ ᠰᠢᠭ ᠬᠠᠷᠢᠭᠤᠯᠤᠶ᠎ᠠ
ᠠᠽᠢᠶ᠎ᠠ ᠲᠢᠪ ᠲᠦ᠍ ᠪᠢ ᠲᠥᠷᠥᠭᠰᠡᠨ ᠶᠦᠮ
ᠠᠽᠢᠶ᠎ᠠ ᠲᠢᠪ ᠮᠢᠨᠦ ᠨᠤᠲᠤᠭ
ᠠᠪᠤᠷᠭᠤ ᠣᠷᠴᠢᠯᠠᠩ ᠤ᠋ᠨ ᠬᠠᠮᠢᠭ᠎ᠠ ᠠ᠋ᠴᠠ ᠴᠤ᠌
ᠠᠭᠢᠭᠠᠳ ᠣᠯᠳᠠᠰᠢ ᠦᠭᠡᠢ ᠠᠽᠢᠶ᠎ᠠ ᠮᠢᠨᠦ ᠨᠤᠲᠤᠭ
ᠠᠷᠪᠠᠨ ᠭᠠᠯᠪᠠ ᠶ᠋ᠢᠨ ᠳᠠᠩᠰᠠᠨ ᠳᠡᠭᠡᠷ᠎ᠡ
ᠠᠷᠴᠢᠭᠳᠠᠵᠤ ᠬᠤᠰᠤᠭᠳᠠᠵᠤ ᠶᠠᠪᠤᠭᠰᠠᠨ
ᠠᠵᠠ ᠪᠠᠷ ᠳᠤᠯᠢᠬᠠᠨ ᠳᠥᠷᠪᠡᠨ ᠲᠢᠪ ᠦ᠋ᠨ
ᠠᠯᠢᠨ ᠳ᠋ᠤᠨᠢ ᠴᠤ᠌ ᠪᠢ ᠲᠣᠭᠣᠵᠤ ᠳᠥᠷᠥᠭᠡ ᠦᠭᠡᠢ ᠶᠦᠮ
ᠠᠮᠢᠰᠬᠤᠯᠯᠠᠬᠤ ᠳ᠋ᠤ᠌ ᠠᠭᠠᠷ ᠨᠢ ᠴᠢᠯᠥᠭᠡᠲᠡᠢ ᠭᠡᠵᠦ
ᠠᠮᠢᠳᠤᠷᠠᠬᠤ ᠳ᠋ᠤ᠌ ᠭᠠᠵᠠᠷ ᠨᠢ ᠠᠭᠤᠵᠢᠮ ᠭᠡᠵᠦ
ᠠᠮᠰᠠᠬᠤ ᠳ᠋ᠤ᠌ ᠠᠢᠷᠠᠭ ᠨᠢ ᠠᠮᠲᠠᠲᠠᠢ ᠭᠡᠵᠦ
ᠠᠮᠠᠷᠠᠬᠤ ᠳ᠋ᠤ᠌ ᠠᠯᠳᠠᠩᠬᠠᠨ ᠰᠢᠷᠣᠢ ᠨᠢ ᠵᠥᠭᠡᠯᠡᠨ ᠭᠡᠵᠦ
ᠳᠠᠭᠤᠯᠠᠬᠤ ᠳ᠋ᠤ᠌ ᠬᠤᠭᠤᠷ ᠨᠢ ᠬᠥᠭ ᠲᠡᠢ ᠶᠦᠮ ᠭᠡᠵᠦ
ᠳᠤᠷᠠᠰᠬᠤ ᠳ᠋ᠤ᠌ ᠬᠠᠭᠤᠴᠢᠨ ᠲᠡᠦᠬᠡ ᠶᠡᠬᠡ ᠲᠡᠢ ᠶᠦᠮ ᠭᠡᠵᠦ
ᠳᠤᠷᠠᠯᠠᠬᠤ ᠳ᠋ᠤ᠌ ᠬᠡᠦᠬᠡᠨ ᠨᠢ ᠦᠨᠡᠨᠴᠢ ᠶᠦᠮ ᠭᠡᠵᠦ
ᠲᠤᠤᠯᠢᠮ᠎ᠠ ᠶᠡᠬᠡ ᠠᠽᠢᠶ᠎ᠠ ᠳ᠋ᠤ᠌ ᠮᠢᠨᠦ ᠪᠡᠶ᠎ᠡ ᠮᠡᠨᠳᠦᠯᠡᠭᠰᠡᠨ ᠶᠦᠮ᠃
ᠠᠽᠢᠶ᠎ᠠ ᠲᠢᠪ ᠨᠠᠮ᠎ᠠ ᠶ᠋ᠢ
ᠠᠥ᠋ᠰᠲ᠋ᠸᠷᠯᠢᠶᠠ ᠲᠢᠪ ᠰᠢᠭ
ᠠᠷᠢᠶᠠᠲᠠᠨ ᠠᠮᠢᠲᠠᠨ ᠢ᠋ᠶ᠋ᠠᠷ
ᠠᠶᠤᠯᠭᠠᠯ ᠦᠭᠡᠢ ᠬᠦᠯᠢᠶᠡᠵᠦ ᠠᠪᠤᠭᠰᠠᠨ
ᠠᠽᠢᠶ᠎ᠠ ᠲᠢᠪ ᠨᠠᠮ᠎ᠠ ᠶ᠋ᠢ
ᠠᠮᠧᠷᠢᠺᠠ ᠲᠢᠪ ᠰᠢᠭ
ᠠᠯᠲᠠᠨ ᠵᠣᠭᠣᠰᠤᠨ ᠳ᠋ᠤ᠌
ᠠᠯᠠᠭ᠎ᠠ ᠳᠤᠰᠤᠭᠤᠯᠤᠯ ᠦᠭᠡᠢ ᠬᠦᠯᠢᠶᠡᠵᠦ ᠠᠪᠤᠭᠰᠠᠨ
ᠠᠽᠢᠶ᠎ᠠ ᠲᠢᠪ ᠨᠠᠮ᠎ᠠ ᠶ᠋ᠢ
ᠠᠹᠷᠢᠺᠠ ᠲᠢᠪ ᠰᠢᠭ
ᠠᠩᠭᠠᠭᠠᠨ ᠴᠠᠩᠭᠠᠭᠠᠯ ᠦᠭᠡᠢ
ᠠᠮᠠᠷᠠᠭᠯᠠᠨ ᠲᠡᠪᠡᠷᠢᠵᠦ ᠠᠪᠤᠭᠰᠠᠨ
ᠠᠽᠢᠶ᠎ᠠ ᠲᠢᠪ ᠨᠠᠮ᠎ᠠ ᠶ᠋ᠢ
ᠠᠳᠠᠭ ᠤ᠋ᠨ ᠧᠦ᠋ᠷᠣᠫᠠ ᠰᠢᠭ᠋
ᠠᠯᠠᠯᠭᠠᠨ ᠳ᠋ᠤ᠌ ᠳᠠᠭᠤᠳᠠᠯ ᠦᠭᠡᠢ
ᠠᠯᠠᠭ᠎ᠠ ᠪᠠᠨ ᠲᠣᠰᠴᠤ ᠬᠦᠯᠢᠶᠡᠵᠦ ᠠᠪᠤᠭᠰᠠᠨ
ᠬᠥᠮᠦᠨ ᠦ᠌ ᠠᠭᠤᠵᠢᠮ ᠰᠡᠳᠬᠢᠯ ᠰᠢᠭ
ᠬᠦᠢ ᠴᠠᠭᠠᠨ ᠲᠠᠯ᠎ᠠ ᠳᠤᠮᠳᠠ ᠳ᠋ᠤ᠌ ᠨᠢ
ᠬᠦᠦ ᠨᠢ ᠶᠤᠮ ᠰᠢᠭ᠋ ᠲᠡᠯᠴᠢᠯᠡᠩᠬᠡᠨ ᠪᠠᠢᠵᠤ
ᠰᠢᠩᠬᠤᠨ ᠤᠯᠠᠭᠠᠨ ᠬᠠᠶᠠᠭ᠎ᠠ ᠲᠠᠢ
ᠮᠠᠩᠬᠠᠨ ᠴᠡᠩᠬᠡᠷ ᠲᠩᠷᠢ ᠳ᠋ᠦ᠍ ᠨᠢ ᠪᠢ
ᠰᠢᠪᠠᠭᠤ ᠨᠢ ᠶᠦᠮ ᠰᠢᠭ᠋
ᠱᠤᠯᠤᠭᠠᠨᠠᠩᠬᠠᠨ ᠪᠠᠢᠵᠤ
ᠵᠠᠬ᠎ᠠ ᠦᠭᠡᠢ ᠲᠠᠯ᠎ᠠ ᠶ᠋ᠢᠨ ᠣᠳᠣᠨ ᠪᠣᠯᠤᠭᠰᠠᠨ
ᠵᠠᠭᠠᠨ ᠤ᠋ ᠰᠡᠭᠦᠯ ᠰᠢᠭ ᠨᠠᠭᠤᠷ ᠲᠤ᠌ ᠨᠢ ᠪᠢ
ᠵᠢᠭᠠᠰᠤ ᠨᠢ ᠶᠤᠮ ᠰᠢᠭ᠋
ᠱᠤᠮᠪᠠᠩᠬᠠᠨ ᠪᠠᠢᠵᠤ
ᠣᠷᠴᠢᠯᠠᠩ ᠳᠡᠯᠡᠬᠡᠢ ᠶ᠋ᠢ ᠲᠣᠭᠣᠷᠢᠵᠤ ᠶᠠᠪᠤᠭᠰᠠᠨ
ᠣᠷᠣᠭ᠎ᠠ ᠮᠣᠷᠢᠳ ᠤ᠋ᠨ ᠵᠣ ᠳᠡᠭᠡᠷ᠎ᠡ ᠪᠢ
ᠣᠩᠭᠣᠨ ᠰᠠᠬᠢᠭᠤᠰᠤ ᠰᠢᠭ᠋
ᠳᠥᠷᠥᠭᠡᠯᠡᠩᠭᠡᠨ ᠪᠠᠢᠵᠤ
ᠠᠵᠠ ᠶ᠋ᠢᠨ ᠠᠯᠲᠠᠨ ᠱᠣ ᠶ᠋ᠢᠨ
ᠠᠷᠪᠠᠨ ᠴᠠᠭᠠᠨ ᠨᠢᠳᠦᠨ ᠳᠡᠭᠡᠷ᠎ᠡ
ᠠᠮᠠ ᠴᠠᠭᠠᠨ ᠬᠤᠯᠤᠭᠠᠨ᠎ᠠ ᠶ᠋ᠢᠨ
ᠠᠰᠠᠭᠠᠭᠰᠠᠨ ᠭᠠᠯ ᠤ᠋ᠨ ᠲᠥᠯᠥᠨ ᠳᠡᠭᠡᠷ᠎ᠡ
ᠶᠢᠰᠦᠨ ᠴᠠᠭᠠᠨ ᠮᠡᠩᠭᠡᠨ ᠦ᠌
ᠨᠦᠬᠡ ᠲᠠᠭᠠᠷᠠᠭᠤᠯᠤᠩᠬᠠᠨ ᠲᠥᠷᠥᠭᠰᠡᠨ ᠶᠦᠮ ᠪᠢ
ᠶᠢᠷᠲᠢᠨᠴᠦ ᠶ᠋ᠢᠨ ᠭᠤᠸ᠎ᠠ ᠬᠡᠦᠬᠡᠨ ᠨᠤᠭᠦᠳ ᠦ᠋ᠨ
ᠨᠢᠳᠦ ᠳᠠᠭᠠᠭᠤᠯᠤᠩᠬᠠᠨ ᠥᠰᠦᠭᠰᠡᠨ ᠶᠦᠮ ᠪᠢ
ᠤᠰᠤᠨ ᠨᠠᠮᠤᠭ ᠪᠠᠮᠪᠠᠯᠵᠠᠭᠠ ᠦᠭᠡᠢ
ᠠᠭᠤᠵᠢᠮ ᠡᠨᠡ ᠠᠽᠢᠶ᠎ᠠ ᠶ᠋ᠢᠨ ᠲᠠᠯ᠎ᠠ
ᠤᠲᠤᠭ᠎ᠠ ᠲᠣᠷᠲᠣᠭ ᠲᠤ᠌ ᠪᠦᠷᠦᠯᠵᠡᠭᠡ ᠦᠭᠡᠢ
ᠤᠷᠢᠬᠠᠨ ᠬᠣᠩᠭᠣᠷ ᠮᠢᠨᠦ ᠲᠠᠯ᠎ᠠ
ᠤᠯᠤᠰ ᠤ᠋ᠨ ᠨᠢᠷᠤᠭᠤ ᠪᠥᠮᠪᠥᠯᠵᠡᠭᠡ ᠦᠭᠡᠢ
ᠤᠭ ᠠ᠋ᠴᠠ ᠴᠢᠯᠥᠭᠡᠲᠦ ᠮᠣᠩᠭᠣᠯ ᠤ᠋ᠨ ᠲᠠᠯ᠎ᠠ
ᠤᠬᠠᠭᠠᠨ ᠢ᠋ ᠮᠢᠨᠢ ᠳᠡᠯᠢᠨ ᠳᠡᠯᠢᠨ ᠥᠰᠬᠡᠭᠰᠡᠨ
ᠤᠶᠠᠬᠠᠨ ᠽᠠᠮᠪᠤᠲᠢᠪ ᠤ᠋ᠨ ᠮᠢᠨᠢ ᠲᠠᠯ᠎ᠠ ᠨᠤᠲᠤᠭ᠃
ᠬᠣᠮᠪᠣᠩ ᠲᠤᠭᠤᠷᠠᠢᠲᠤ ᠮᠣᠷᠢᠳ ᠤ᠋ᠨ
ᠬᠤᠷᠳᠤᠨ ᠬᠥᠯ ᠢ᠋ᠶ᠋ᠡᠷ ᠪᠤᠲᠠᠷᠠᠭᠰᠠᠨ
ᠴᠠᠬᠢᠭᠤᠷ ᠬᠠᠷ᠎ᠠ ᠴᠢᠯᠠᠭᠤ
ᠴᠠᠭᠠᠨ ᠲᠣᠯᠣᠭᠠᠢᠲᠤ ᠳᠠᠭᠠᠨ᠎ᠠ
ᠭᠠᠵᠠᠷ ᠲᠩᠷᠢ ᠶ᠋ᠢ ᠬᠣᠯᠪᠣᠭᠰᠠᠨ
ᠭᠠᠨᠳᠠᠷᠢᠰᠤᠨ ᠤᠷᠠᠨ ᠪᠠᠯᠭᠠᠰᠤ
ᠭᠠᠯᠪᠠ ᠶ᠋ᠢᠨ ᠤᠯᠠᠭᠠᠨ ᠲᠡᠮᠡᠭᠡ ᠪᠡᠷ
ᠬᠤᠵᠢᠷ ᠱᠡᠦ ᠪᠡᠷ ᠵᠠᠬᠠᠯᠠᠭᠰᠠᠨ
ᠬᠠᠭᠤᠷᠠᠢ ᠨᠠᠭᠤᠷ ᠤ᠋ᠨ ᠬᠣᠩᠬᠣᠷ
ᠠᠪᠤᠷᠭᠤ ᠮᠠᠲᠠᠷ ᠤ᠋ᠨ ᠠᠷᠠᠰᠤ ᠰᠢᠭ᠋
ᠠᠷᠰᠠᠢᠨ ᠬᠠᠲᠠᠭᠰᠠᠨ ᠰᠢᠪᠡᠷ
ᠴᠠᠭ ᠤ᠋ᠨ ᠰᠠᠭᠠᠬᠠᠯᠲᠠ ᠳ᠋ᠤ᠌ ᠪᠥᠬᠥᠯᠵᠡᠭᠰᠡᠨ
ᠴᠠᠭᠠᠨ ᠳᠡᠷᠡᠰᠦᠨ ᠦ᠌ ᠲᠦᠷᠦᠭᠦᠦ
ᠴᠠᠷᠴᠠ ᠳᠡᠪᠬᠡᠷᠭᠡ ᠱᠠᠭᠠᠬᠢᠬᠰᠠᠨ
ᠴᠠᠢᠳᠠᠮ ᠥᠷᠭᠡᠨ ᠬᠥᠨᠳᠡᠢ
ᠲᠤᠩ ᠴᠠᠭᠠᠨ ᠬᠣᠨᠢᠳ ᠮᠢᠨᠢ
ᠳᠤᠷ᠎ᠠ ᠪᠠᠷ ᠢ᠋ᠶ᠋ᠠᠨ ᠪᠡᠯᠴᠢᠳᠡᠭ ᠲᠠᠯᠠᠪᠠᠢ
ᠳᠠᠭᠤᠴᠢᠨ ᠮᠣᠩᠭᠣᠯ ᠪᠡᠷᠢ ᠮᠢᠨᠢ
ᠳᠠᠭᠤᠯᠠᠵᠤ ᠰᠠᠭᠤᠳᠠᠭ ᠲᠠᠯᠠᠪᠤᠷ
ᠠᠯᠴᠢᠭᠤᠷ ᠰᠢᠯᠪᠢᠭᠦᠷ ᠬᠣᠶᠠᠷ ᠤ᠋ᠨ
ᠠᠯᠳᠠᠷ ᠢ᠋ ᠠᠪᠤᠭᠰᠠᠨ ᠤᠳᠤᠮ
ᠠᠷᠪᠠᠨ ᠶᠢᠰᠦᠨ ᠵᠠᠭᠤᠨ ᠢ᠋
ᠠᠢᠷᠠᠭᠳᠠᠵᠤ ᠥᠩᠭᠡᠷᠡᠭᠡᠭᠰᠡᠨ ᠣᠮᠣᠭ
ᠬᠣᠷᠸ᠎ᠠ ᠶ᠋ᠢᠨ ᠡᠷᠢᠶᠡᠨ ᠠᠮᠢᠳᠤᠷᠠᠯ ᠢ᠋
ᠬᠣᠷᠢᠨ ᠵᠢᠸ᠎ᠠ ᠵᠢᠯ ᠢ᠋
ᠬᠣᠶᠠᠷ ᠬᠢᠯᠭᠠᠰᠤᠨ ᠳ᠋ᠤ᠌ ᠪᠠᠨ ᠪᠠᠭᠲᠠᠭᠠᠵᠤ
ᠬᠣᠭᠣᠯᠠᠢ ᠮᠡᠳᠡᠩᠬᠡᠨ ᠳᠠᠭᠤᠯᠠᠳᠠᠭ
ᠡᠨᠡ ᠬᠣᠷᠸ᠎ᠠ ᠳ᠋ᠤ᠌ ᠴᠤᠤᠲᠠᠢ
ᠢᠰᠡᠭᠡᠢ ᠲᠤᠭᠤᠷᠭᠠᠲᠠᠨ ᠤ᠋ ᠨᠤᠲᠤᠭ
ᠡᠷᠢᠶᠡᠨ ᠠᠯᠠᠭ ᠯᠢᠮᠪᠤᠨ ᠤ᠋
ᠡᠬᠡᠰᠢᠭ ᠰᠢᠩᠭᠡᠭᠰᠡᠨ ᠠᠽᠢᠶ᠎ᠠ
ᠠᠽᠢᠶ᠎ᠠ ᠰᠢᠭ᠋ ᠠᠭᠤᠵᠢᠮ ᠲᠢᠪ
ᠠᠯᠲᠠᠨ ᠳᠡᠯᠡᠬᠡᠢ ᠳ᠋ᠦ᠍ ᠪᠠᠢᠨ᠎ᠠ ᠤᠤ
ᠠᠽᠢᠶ᠎ᠠ ᠶ᠋ᠢᠨ ᠲᠠᠯ᠎ᠠ ᠰᠢᠭ᠋ ᠲᠠᠯ᠎ᠠ
ᠣᠬᠢᠭᠠᠳ ᠴᠠᠭᠠᠨ᠎ᠠ ᠨᠢ ᠪᠠᠢᠨ᠎ᠠ ᠤᠤ
ᠲᠠᠯ᠎ᠠ ᠶ᠋ᠢᠨ ᠬᠠᠷ᠎ᠠ ᠨᠢᠳᠦᠨ ᠰᠢᠭ
ᠲᠠᠩᠬᠢᠯᠬᠠᠨ ᠵᠤᠷᠢᠮᠠᠭᠬᠠᠨ ᠥᠬᠢᠳ ᠢ᠋
ᠡᠭᠦᠨ ᠡᠴᠡ ᠥᠭᠡᠷ᠎ᠡ ᠳᠥᠷᠪᠡᠨ ᠲᠢᠪ ᠲᠦ᠍
ᠦᠵᠡᠭᠡᠳ ᠦᠭᠬᠦᠶ᠎ᠡ ᠳᠠᠬᠢᠭᠠᠳ ᠪᠠᠢᠨ᠎ᠠ ᠤᠤ
ᠦᠰᠦᠨ ᠬᠥᠯᠵᠢᠬᠦ ᠲᠤᠲᠤᠮ ᠢ᠋ᠶ᠋ᠠᠨ
ᠥᠨᠳᠥᠷ ᠪᠣᠯᠬᠤ ᠶ᠋ᠢ ᠬᠦᠰᠡᠨᠡᠮ ᠪᠢ
ᠥᠨᠢᠷ ᠪᠠᠶᠠᠨ ᠠᠽᠢᠶ᠎ᠠ ᠶ᠋ᠢᠨ ᠢ᠋ᠶ᠋ᠡᠨ
ᠠᠭᠤᠯᠠ ᠰᠢᠭ᠋ ᠥᠰᠬᠦ ᠶ᠋ᠢ ᠬᠦᠰᠡᠨᠡᠮ ᠪᠢ
ᠣᠷᠴᠢᠯᠠᠩ ᠶᠡᠬᠡ ᠳᠡᠯᠡᠬᠡᠢ ᠳᠡᠭᠡᠷ᠎ᠡ
ᠣᠷᠭᠢᠯ ᠪᠤᠯᠢᠶᠠᠯᠳᠤᠬᠤ ᠢᠵᠢᠯᠢ ᠦᠭᠡᠢ
ᠣᠮᠣᠭ ᠰᠦᠷ ᠢ᠋ᠶ᠋ᠡᠷ ᠢ᠋ᠶ᠋ᠡᠨ ᠮᠠᠨᠳᠤᠭᠰᠠᠨ
ᠾᠢᠮᠠᠯᠠᠶ᠎ᠠ ᠰᠢᠭ᠋ ᠪᠣᠯᠬᠤ ᠶ᠋ᠢ ᠬᠦᠰᠡᠨᠡᠮ ᠪᠢ
ᠲᠦᠮᠡᠨ ᠵᠢᠯ ᠦ᠋ᠨ ᠴᠠᠰᠤ ᠮᠥᠰᠥ ᠰᠢᠭ
ᠲᠡᠦᠬᠡ ᠨᠠᠮᠲᠠᠷ ᠢ᠋ᠶ᠋ᠠᠨ ᠪᠤᠭᠤᠷᠤᠯᠲᠤᠭᠤᠯᠤᠨ
ᠲᠡᠷᠢᠭᠦᠨ ᠳᠡᠭᠡᠷ᠎ᠡ ᠪᠡᠨ ᠡᠷᠭᠦᠨ ᠡᠷᠭᠦᠭᠰᠡᠭᠡᠷ
ᠲᠩᠷᠢ ᠳ᠋ᠦ᠍ ᠲᠤᠯᠬᠤ ᠶ᠋ᠢ ᠬᠦᠰᠡᠨᠡᠮ ᠪᠢ
ᠠᠯᠳᠠᠷᠲᠠᠢ ᠶᠠᠪᠤᠭᠰᠠᠨ ᠡᠪᠦᠭᠡᠳ ᠦ᠋ᠨ ᠢ᠋ᠶ᠋ᠡᠷ
ᠠᠯᠳᠠᠷ ᠢ᠋ ᠳᠠᠭᠤᠯᠠᠬᠤ ᠶ᠋ᠢ ᠬᠦᠰᠡᠨᠡᠮ ᠪᠢ
ᠠᠪᠤᠷᠭᠤ ᠣᠷᠴᠢᠯᠠᠩ ᠢ᠋ ᠤᠶᠠᠷᠠᠲᠠᠯ᠎ᠠ
ᠠᠶᠠᠯᠠᠨ ᠳᠠᠭᠤᠯᠠᠬᠤ ᠶ᠋ᠢ ᠬᠦᠰᠡᠨᠡᠮ ᠪᠢ
ᠬᠡᠷᠦᠯᠦᠨ ᠭᠣᠭᠣᠵᠢ ᠶ᠋ᠢᠨ ᠬᠥᠨᠳᠡᠢ ᠳ᠋ᠦ᠍
ᠬᠡᠨ ᠳ᠋ᠦ᠍ ᠴᠦ᠍ ᠮᠡᠳᠡᠭᠳᠡᠯ ᠦᠭᠡᠢ ᠬᠠᠳᠠᠭᠠᠯᠠᠭᠰᠠᠨ
ᠪᠠᠭᠠᠲᠤᠷ ᠴᠢᠩᠭᠢᠰ ᠦ᠋ᠨ ᠱᠠᠷᠢᠯ ᠢ᠋ᠶ᠋ᠠᠷ
ᠪᠠᠬᠠᠷᠬᠠᠨ ᠪᠠᠢᠵᠤ ᠳᠠᠭᠤᠯᠠᠨᠠᠮ
ᠴᠡᠩᠬᠡᠷᠬᠡᠨ ᠲᠩᠷᠢ ᠳ᠋ᠦ᠍ ᠪᠡᠨ
ᠴᠡᠴᠡᠨ ᠴᠡᠯᠮᠡᠭ ᠮᠢᠨᠦ ᠠᠽᠢᠶ᠎ᠠ
ᠲᠡᠦᠬᠡ ᠪᠡᠨ ᠪᠦᠲᠦᠭᠡᠭᠰᠡᠨ
ᠲᠦᠮᠡᠨ ᠢ᠋ᠶ᠋ᠡᠷ ᠵᠠᠮᠴᠢᠯᠠᠭᠰᠠᠨ
ᠴᠡᠯ ᠪᠤᠭᠤᠷᠤᠯ ᠠᠯᠳᠠᠷᠲᠠᠨ ᠨᠤᠭᠤᠳ ᠢ᠋
ᠴᠠᠭ ᠤ᠋ᠨ ᠰᠠᠭᠠᠬᠠᠯᠲᠠ ᠳ᠋ᠤ᠌ ᠮᠠᠷᠲᠠᠳᠠᠭ ᠦᠭᠡᠢ
ᠬᠠᠰ ᠲᠥᠷᠥ ᠨᠢ ᠤᠨᠠᠯ᠎ᠠ ᠴᠤ᠌
ᠬᠠᠭᠠᠳ ᠢ᠋ᠶ᠋ᠠᠨ ᠪᠢᠳᠡ ᠮᠠᠭᠤᠯᠠᠬᠤ ᠦᠭᠡᠢ
ᠬᠠᠯᠲᠤᠷᠢᠵᠤ ᠭᠠᠷᠭᠠᠭᠰᠠᠨ ᠠᠯᠳᠠᠭ᠎ᠠ ᠶ᠋ᠢ ᠨᠢ
ᠬᠠᠷᠢᠶᠠᠵᠤ ᠪᠠᠢᠬᠤ ᠶ᠋ᠢ ᠨᠢ ᠲᠣᠭᠣᠯᠤᠭ᠎ᠠ ᠦᠭᠡᠢ
ᠠᠩᠬᠠᠨ ᠤ᠋ ᠰᠤᠮᠤ ᠪᠠᠷ ᠤᠨᠤᠬᠤ ᠭᠡᠵᠦ
ᠧᠦ᠋ᠷᠣᠫᠠ ᠰᠢᠭ᠋ ᠪᠢᠳᠡ ᠣᠩᠭᠢᠷᠠᠬᠤ ᠦᠭᠡᠢ
ᠠᠯᠳᠠᠵᠤ ᠪᠠᠢᠵᠤ ᠤᠨᠤᠳᠠᠭ
ᠶᠣᠰᠣ ᠶ᠋ᠢ ᠪᠢᠳᠡ ᠠᠨᠳᠠᠬᠤ ᠦᠭᠡᠢ᠃
ᠶᠡᠬᠡ ᠣᠯᠤᠯᠲᠠ ᠶ᠋ᠢ ᠳᠠᠭᠠᠵᠤ
ᠶᠡᠬᠡ ᠠᠯᠳᠠᠭ᠎ᠠ ᠶᠠᠪᠤᠳᠠᠭ ᠶᠤᠮ᠂
ᠶᠡᠬᠡ ᠬᠥᠮᠦᠨ ᠦ᠌ ᠠᠯᠳᠠᠭ᠎ᠠ ᠶ᠋ᠢ
ᠢᠷᠭᠡᠨ ᠬᠥᠮᠦᠨ ᠰᠢᠭᠦᠳᠡᠭ ᠦᠭᠡᠢ ᠶᠦᠮ᠃
ᠤᠯᠠᠮᠵᠢᠯᠠᠯᠲᠤ ᠡᠢᠮᠦ ᠵᠠᠩᠰᠢᠯ ᠲᠠᠢ ᠠ᠋ᠴᠠ
ᠠᠭᠤᠳᠠᠮ ᠳᠡᠯᠭᠡᠷ ᠮᠢᠨᠦ ᠠᠽᠢᠶ᠎ᠠ
ᠤᠷᠲᠤ ᠤᠳᠠᠭᠠᠨ ᠲᠡᠦᠬᠡᠨ ᠳ᠋ᠦ᠍ ᠪᠡᠨ
ᠤᠬᠠᠭᠠᠨᠲᠠᠨ ᠣᠯᠠᠨ ᠢ᠋ ᠲᠥᠷᠥᠭᠦᠯᠦᠭᠰᠡᠨ ᠶᠦᠮ᠃
ᠤᠷᠢᠳᠤ ᠶ᠋ᠢᠨ ᠲᠡᠷᠡ ᠮᠡᠷᠭᠡᠳ ᠦ᠋ᠨ
ᠤᠳᠤᠮ ᠪᠣᠯᠵᠤ ᠲᠥᠷᠥᠭᠰᠡᠨ ᠶᠦᠮ ᠪᠢ᠂
ᠲᠤᠭᠤᠯᠵᠤ ᠥᠩᠭᠡᠷᠡᠭᠦᠯᠦᠭᠰᠡᠨ ᠠᠮᠢᠳᠤᠷᠠᠯ ᠤ᠋ᠨ ᠬᠢᠨᠢ
ᠲᠤᠭᠤᠷᠠᠢ ᠶ᠋ᠢ ᠬᠠᠲᠠᠭᠠᠬᠤ ᠪᠠᠷ ᠥᠰᠦᠭᠰᠡᠨ ᠶᠦᠮ ᠪᠢ᠃
ᠦᠰᠦᠭ ᠠᠮᠢᠯᠠᠭᠤᠯᠤᠭᠴᠢ᠄ ᠠᠵᠠᠵᠢᠶᠠᠭ᠎ᠠ
ᠦᠰᠦᠭ ᠬᠢᠨᠠᠭᠴᠢ᠄ ᠠᠵᠠᠵᠢᠶᠠᠭ᠎ᠠ᠂ ᠢᠷᠡᠭᠡᠳᠦᠢ᠂ ᠪᠠᠶᠠᠷᠴᠡᠴᠡᠭ
