ᠠᠮᠢᠳᠤᠷᠠᠯ-ᠷ ᠂ᠴᠣᠢᠨᠣᠮChoinom - Amidral ᠰᠢᠯᠦᠭ ᠢᠷᠠᠭᠤ ᠨᠠᠢᠷᠠᠭ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠠᠮᠢᠳᠤᠷᠠᠯ-ᠷ ᠂ᠴᠣᠢᠨᠣᠮChoinom - Amidral

ᠠᠮᠢᠳᠤᠷᠠᠯ-ᠷ ᠂ᠴᠣᠢᠨᠣᠮChoinom - Amidral

2023-08-07

653

ᠠᠮᠢᠳᠤᠷᠠᠯ

     ᠷ᠂ ᠴᠣᠢᠨᠠᠮ
ᠠᠮᠢᠳᠤᠷᠠᠯ ᠭᠡᠳᠡᠭ
ᠠᠤᠭ᠎ᠠ ᠶᠡᠬᠡ ᠶᠦᠮ
ᠠᠤᠭ᠎ᠠ ᠶᠡᠬᠡ  ᠮᠥᠷᠳᠡᠯ᠎ᠡ ᠪᠠᠰᠠ ᠥᠴᠦᠬᠡᠨ ᠶᠦᠮ᠃
ᠠᠮᠢᠳᠤᠷᠠᠯ ᠢ᠋ ᠬᠥᠮᠦᠰ
ᠠᠵᠢᠭᠯᠠᠬᠤ ᠳ᠋ᠠᠭᠠᠨ
ᠠᠮᠰᠠᠬᠤ ᠳ᠋ᠠᠭᠠᠨ
ᠠᠪᠬᠤ ᠳ᠋ᠠᠭᠠᠨ

ᠤᠯᠤᠰ ᠤ᠋ᠨ ᠶᠡᠬᠡ ᠳᠡᠯᠭᠡᠭᠦᠷ ᠲᠦ᠍ ᠣᠷᠣᠵᠤ ᠪᠠᠢᠭ᠎ᠠ ᠶᠤᠮ ᠰᠢᠭ᠋
ᠤᠷᠠᠨ ᠵᠢᠷᠤᠭ ᠤ᠋ᠨ ᠮᠦᠽᠧᠢ ᠰᠣᠨᠢᠷᠬᠠᠵᠤ ᠪᠠᠢᠭ᠎ᠠ ᠶᠤᠮ ᠰᠢᠭ᠋
ᠤᠮᠳᠠᠭᠠᠨ ᠤ᠋ ᠭᠠᠵᠠᠷ ᠤᠤᠭᠤᠵᠤ ᠪᠠᠢᠭ᠎ᠠ ᠶᠤᠮ ᠰᠢᠭ᠋
ᠤᠩᠰᠢᠯᠭ᠎ᠠ ᠶ᠋ᠢᠨ ᠥᠷᠥᠭᠡᠨ ᠳ᠋ᠦ᠍ ᠰᠠᠭᠤᠵᠤ ᠪᠠᠢᠭ᠎ᠠ ᠶᠤᠮ ᠰᠢᠭ᠋

ᠥᠪᠡᠷ ᠥᠪᠡᠷ ᠦ᠋ᠨ ᠬᠢ ᠪᠡᠷ ᠢ᠋ᠶ᠋ᠡᠨ ᠥᠩᠭᠡᠷᠡᠬᠦ ᠶᠦᠮ
ᠠᠮᠢ ᠠᠮᠢᠨ ᠤ᠋ ᠬᠢ ᠪᠡᠷ ᠢ᠋ᠶ᠋ᠡᠨ ᠠᠮᠲᠠᠯᠠᠬᠤ ᠶᠤᠮ᠃
ᠠᠮᠢᠳᠤᠷᠠᠯ ᠭᠡᠭᠴᠢ ᠡᠴᠡ ᠲᠠᠩᠳᠠ ᠠᠪᠴᠤ ᠰᠤᠷᠤᠭᠰᠠᠨ ᠬᠥᠮᠦᠨ ᠪᠠᠢᠬᠤ ᠶᠤᠮ
ᠠᠮᠢᠳᠤᠷᠠᠯ ᠭᠡᠭᠴᠢ ᠳ᠋ᠦ᠍ ᠦᠷᠭᠦᠯᠵᠢ ᠯᠡ ᠥᠭᠴᠦ ᠶᠠᠪᠤᠳᠠᠭ ᠬᠥᠮᠦᠨ ᠪᠠᠢᠬᠤ ᠶᠤᠮ᠃

ᠠᠮᠢᠳᠤᠷᠠᠯ ᠳ᠋ᠤ᠌ ᠵᠦᠭ ᠦᠭᠡᠢ ᠬᠡᠦᠬᠡᠳ ᠰᠢᠭ ᠬᠠᠨᠳᠤᠵᠤ  ᠲᠠᠰᠤ ᠠᠯᠠᠭᠠᠳᠠᠭᠤᠯᠤᠭᠠᠳ
ᠠᠬᠢᠭᠠᠳ ᠯᠠ ᠪᠠᠰᠠ ᠮᠠᠷᠲᠠᠵᠤ᠂ ᠳᠠᠬᠢᠭᠠᠳ ᠯᠠ ᠪᠠᠰᠠ ᠠᠯᠠᠭᠠᠳᠠᠭᠤᠯᠤᠭᠰᠠᠭᠠᠷ
ᠵᠣᠪᠠᠯᠠᠩ ᠵᠢᠷᠭᠠᠯ ᠬᠣᠶᠠᠷ ᠢ᠋ ᠢᠯᠭᠠᠬᠤ ᠪᠠᠨ ᠪᠠᠢᠴᠢᠬᠠᠭᠰᠠᠨ
ᠵᠣᠯᠪᠢᠩ ᠨᠣᠬᠠᠢ ᠰᠢᠭ᠋ ᠬᠥᠮᠦᠨ ᠴᠦ᠍ ᠪᠠᠢᠬᠤ ᠶᠤᠮ᠃

ᠠᠮᠢᠳᠤᠷᠠᠯ ᠢ᠋ ᠠᠢᠯ ᠤ᠋ᠨ ᠢ᠋ᠶ᠋ᠠᠨ ᠵᠢᠭᠠᠯ ᠪᠦᠰᠡᠭᠦᠢ  ᠶ᠋ᠢ
ᠡᠳᠦᠷ ᠪᠤᠯᠠᠭᠠᠨ ᠮᠡᠬᠡᠯᠡᠬᠦ ᠭᠡᠳ
ᠡᠪᠦᠭᠡᠷᠡᠲᠡᠯ᠎ᠡ ᠪᠡᠨ ᠥᠭᠡᠳᠡ ᠨᠠᠷᠠ ᠪᠠᠨ ᠬᠠᠷᠠᠯ ᠦᠭᠡᠢ
ᠥᠩᠭᠡᠷᠡᠬᠦ ᠬᠥᠮᠦᠨ ᠴᠦ᠍ ᠪᠠᠢᠬᠤ ᠯᠠ ᠶᠤᠮ᠃

ᠠᠮᠢᠳᠤᠷᠠᠯ ᠢ᠋ ᠠᠮᠠᠨ ᠳ᠋ᠤ᠌ ᠮᠠᠨᠢ ᠥᠪᠡᠷ ᠢ᠋ᠶ᠋ᠡᠨ ᠢᠷᠡᠵᠦ
ᠠᠮᠲᠠᠲᠠᠨ ᠢ᠋ ᠬᠢᠵᠦ ᠥᠭᠬᠦ ᠪᠠᠢᠬ᠎ᠠ ᠭᠡᠵᠦ
ᠠᠯᠴᠠᠢᠵᠤ ᠬᠡᠪᠲᠡᠭᠰᠡᠭᠡᠷ
ᠠᠷᠴᠠᠭ᠎ᠠ ᠦᠭᠡᠢ ᠶᠠᠳᠠᠷᠠᠬᠤ ᠶ᠋ᠢᠨ ᠲᠤᠢᠯ ᠳ᠋ᠤ᠌ ᠬᠦᠷᠦᠭᠡᠳ
ᠣᠬᠢᠭᠠᠳ ᠰᠡᠬᠡᠵᠦ ᠰᠠᠷᠪᠠᠢᠵᠤ ᠴᠢᠳᠠᠬᠤ ᠦᠭᠡᠢ ᠲᠡᠷᠲᠡᠭᠡ ᠢᠷᠣᠭᠠᠯ ᠳ᠋ᠤᠨᠢ
ᠬᠣᠷᠣᠬᠠᠢ ᠮᠡᠲᠦ ᠥᠩᠭᠡᠷᠡᠳᠡᠭ ᠬᠥᠮᠦᠨ ᠴᠦ᠍ ᠪᠠᠢᠬᠤ ᠶᠤᠮ᠃

ᠬᠥᠮᠦᠨ ᠶᠡᠷᠦ ᠨᠢ ᠠᠮᠢᠳᠤᠷᠠᠯ ᠢ᠋
ᠬᠦᠴᠦ ᠪᠡᠷ ᠵᠠᠬᠢᠷᠤᠭᠰᠠᠨ ᠨᠢ ᠦᠭᠡᠢ᠂ ᠵᠠᠬᠢᠷᠤᠭᠳᠠᠭᠰᠠᠨ ᠨᠢ ᠣᠯᠠᠨ ᠪᠣᠢ᠃

ᠵᠢᠷᠭᠠᠯᠲᠠᠢ ᠡᠳᠦᠷ ᠢ᠋ᠶ᠋ᠡᠨ ᠠᠮᠢᠳᠤᠷᠠᠯ ᠢ᠋ ᠢᠷᠦᠭᠡᠭᠰᠡᠭᠡᠷ
ᠵᠦᠳᠡᠷᠡᠯᠲᠡᠢ ᠡᠳᠦᠷ ᠢ᠋ᠶ᠋ᠡᠨ ᠠᠮᠢᠳᠤᠷᠠᠯ ᠢ᠋ ᠬᠠᠷᠢᠶᠠᠭᠰᠠᠭᠠᠷ
ᠵᠥᠭᠡᠵᠦ ᠵᠠᠷᠢᠮ ᠨᠢ ᠲᠠᠩᠭᠠᠷᠢᠭ ᠲᠠᠰᠤᠷᠠᠭᠰᠠᠭᠠᠷ
ᠵᠢᠳᠬᠦᠵᠦ ᠵᠠᠷᠢᠮ ᠨᠢ ᠨᠠᠢᠵᠠᠯᠠᠵᠤ ᠵᠡᠷᠭᠡᠴᠡᠭᠰᠡᠭᠡᠷ

ᠥᠪᠡᠷ ᠢ᠋ ᠪᠡᠨ ᠡᠴᠦᠰ ᠲᠦ᠋ᠨᠢ
ᠥᠭᠴᠦ ᠲᠡᠭᠦᠰᠳᠡᠭ ᠪᠠᠢᠨ᠎ᠠ᠃
ᠬᠠᠷᠢᠨ ᠪᠢ ᠡᠴᠦᠰ ᠲᠦ᠋ᠨᠢ ᠪᠢᠰᠢ ᠡᠬᠢᠨ ᠳ᠋ᠦ᠍ᠨᠢ
ᠬᠠᠷ᠎ᠠ ᠲᠣᠯᠣᠭᠠᠢ ᠪᠠᠨ ᠠᠮᠢᠳᠤᠷᠠᠯ ᠲᠠᠨ᠎ᠠ ᠲᠤᠰᠢᠶᠠᠭᠰᠠᠨ ᠪᠢᠯᠡ᠃

ᠤᠰᠤ ᠶ᠋ᠢ ᠨᠢ ᠤᠤᠭᠤᠵᠤ᠂ ᠲᠠᠯᠬ᠎ᠠ ᠶ᠋ᠢ ᠨᠢ ᠢᠳᠡᠭᠰᠡᠨ ᠡᠨᠡ ᠨᠡᠢᠭᠡᠮ ᠢ᠋ᠶ᠋ᠡᠨ
ᠤᠯᠤᠰ ᠮᠣᠩᠭᠣᠯ ᠢ᠋ᠶ᠋ᠠᠨ᠂ ᠲᠥᠷᠥ ᠵᠠᠰᠠᠭ᠂ ᠠᠷᠠᠳ ᠣᠯᠠᠨ ᠢ᠋ᠶ᠋ᠠᠨ
ᠪᠢ ᠮᠠᠭᠤᠯᠠᠬᠤ ᠦᠭᠡᠢ-
ᠪᠢᠰᠢᠭᠦᠢ ᠵᠢᠷᠭᠠᠭᠰᠠᠨ
ᠴᠡᠩᠭᠡᠭᠰᠡᠨ
ᠲᠠᠩᠬᠠᠢᠷᠠᠭᠰᠠᠨ ᠠ᠋!

ᠪᠤᠰᠤᠳ ᠤ᠋ᠨ ᠡᠳ᠋ᠯᠡᠳᠡᠭ ᠦᠭᠡᠢ ᠶ᠋ᠢ ᠡᠳ᠋ᠯᠡᠵᠦ
ᠢᠳᠡᠳᠡᠭ ᠦᠭᠡᠢ ᠶ᠋ᠢ ᠢᠳᠡᠭᠡ ᠦᠭᠡᠢ ᠴᠦ᠍ ᠭᠡᠰᠡᠨ
ᠪᠤᠰᠤᠳ ᠤ᠋ᠨ ᠡᠳ᠋ᠯᠡᠳᠡᠭ ᠢ᠋ ᠡᠳ᠋ᠯᠡᠵᠦ᠂ ᠢᠳᠡᠳᠡᠭ ᠢ᠋ ᠢᠳᠡᠯ᠎ᠡ
ᠪᠤᠰᠤᠳ ᠤ᠋ᠨ ᠶᠠᠪᠤᠭᠰᠠᠨ ᠭᠠᠵᠠᠷ ᠢ᠋ᠶ᠋ᠠᠷ ᠶᠠᠪᠤᠵᠤ᠂ ᠣᠯᠤᠭᠰᠠᠨ ᠢ᠋ ᠣᠯᠤᠯ᠎ᠠ
ᠪᠤᠰᠤᠳ ᠤ᠋ᠨ ᠶᠠᠪᠤᠭ᠎ᠠ ᠦᠭᠡᠢ ᠭᠠᠵᠠᠷ ᠢ᠋ᠶ᠋ᠠᠷ ᠴᠤ᠌ ᠶᠠᠪᠤᠯ᠎ᠠ᠃

ᠣᠯᠤᠭ᠎ᠠ ᠦᠭᠡᠢ ᠶ᠋ᠢ ᠴᠦ᠍ ᠣᠯᠤᠯ᠎ᠠ-
ᠣᠳᠣ ᠪᠣᠯᠤᠯ᠎ᠠ!
ᠪᠠᠰᠠ ᠵᠣᠪᠠᠵᠤ ᠦᠵᠡᠯ᠎ᠡ
ᠪᠠᠭ᠎ᠠ ᠠ᠋ᠴᠠ ᠪᠠᠨ ᠶᠠᠳᠠᠷᠠᠵᠤ᠂ ᠳᠤᠲᠠᠵᠤ᠂ ᠭᠤᠲᠤᠵᠤ ᠦᠵᠡᠯ᠎ᠡ᠃

ᠬᠠᠷᠢᠨ ᠭᠤᠨᠢᠬᠠᠷᠠᠵᠤ ᠦᠵᠡᠭᠰᠡᠨ ᠦᠭᠡᠢ
ᠬᠠᠮᠢᠭ᠎ᠠ ᠴᠤ᠌ ᠣᠴᠢᠵᠤ᠂ ᠰᠡᠳᠬᠢᠯ ᠢ᠋ᠶ᠋ᠡᠷ ᠤᠨᠠᠵᠤ᠂ ᠨᠢᠴᠤᠵᠤ ᠶᠠᠪᠤᠭᠰᠠᠨ ᠦᠭᠡᠢ᠃
ᠬᠠᠷᠠᠭᠰᠠᠨ᠂ ᠵᠣᠷᠢᠭᠰᠠᠨ᠂ ᠢᠲᠡᠭᠡᠭᠰᠡᠨ ᠴᠢᠭ ᠡᠴᠡ ᠪᠡᠨ
ᠬᠠᠵᠠᠢᠵᠤ᠂ ᠤᠬᠤᠷᠢᠵᠤ ᠪᠠᠢᠭᠰᠠᠨ ᠦᠭᠡᠢ᠃

ᠭᠡᠲᠡᠯ᠎ᠡ ᠭᠡᠷᠭᠡᠢ ᠶᠣᠰᠣᠯᠠᠵᠤ ᠠᠪᠤᠭ᠎ᠠ ᠦᠭᠡᠢ
ᠭᠡᠷᠭᠡᠢ ᠳ᠋ᠡᠭᠡᠨ ᠦᠢᠲᠠᠩ ᠬᠤᠸᠠᠷ ᠡᠮᠦᠰᠬᠡᠭᠡ ᠦᠭᠡᠢ!
ᠭᠡᠷ ᠲᠡᠭᠡᠨ ᠬᠡᠪᠢᠰ ᠣᠯᠵᠤ ᠲᠠᠯᠪᠢᠭ᠎ᠠ ᠦᠭᠡᠢ ᠬᠥᠮᠦᠨ ᠢ᠋
ᠠᠮᠢᠳᠤᠷᠠᠵᠤ ᠦᠵᠡᠭᠡ ᠦᠭᠡᠢ ᠬᠥᠮᠦᠨ ᠭᠡᠳᠡᠭ ᠪᠣᠯ
ᠠᠷᠭ᠎ᠠ ᠦᠭᠡᠢ ᠪᠢ ᠠᠮᠢᠳᠤᠷᠠᠵᠤ ᠦᠵᠡᠭᠰᠡᠨ ᠦᠭᠡᠢ᠃

ᠭᠡᠬᠦ ᠳ᠋ᠡᠭᠡᠨ ᠪᠢ ᠬᠠᠷᠠᠮᠰᠠᠬᠤ ᠦᠭᠡᠢ!
ᠭᠡᠷ ᠮᠢᠨᠢ ᠬᠣᠷᠰᠢᠶᠠᠨ ᠳ᠋ᠤ᠌
ᠭᠡᠷᠭᠡᠢ ᠮᠢᠨᠢ ᠲᠥᠷᠬᠥᠮ ᠳ᠋ᠡᠭᠡᠨ᠂ ᠨᠠᠮᠠᠶ᠋ᠢ ᠬᠦᠯᠢᠶᠡᠵᠦ ᠯᠡ ᠪᠠᠢᠭ᠎ᠠ ᠪᠢᠵᠡ᠃

ᠪᠢ ᠥᠪᠡᠷ ᠢ᠋ᠶ᠋ᠡᠨ
ᠪᠢᠴᠢᠭ ᠦ᠋ᠨ ᠰᠢᠷᠡᠭᠡᠨ ᠳᠦ ᠰᠠᠭᠤᠵᠤ ᠪᠠᠢᠨ᠎ᠠ᠂
ᠳᠡᠭᠡᠷ᠎ᠡ ᠨᠢ ᠪᠡᠬᠡᠨ ᠦ ᠴᠣᠬᠣᠷ ᠲᠠᠢ
ᠳᠡᠷᠭᠡᠳᠡ ᠨᠢ ᠠᠷᠢᠬᠢᠨ ᠤ᠋ ᠲᠣᠯᠪᠣ ᠲᠠᠢ
ᠦᠵᠦᠭ᠂ ᠪᠣᠳᠣᠭ᠂ ᠬᠢᠲᠤᠭ᠎ᠠ
ᠥᠨᠴᠥᠭ ᠳᠡᠭᠡᠷ᠎ᠡ ᠨᠢ ᠨᠣᠮ ᠪᠢᠴᠢᠭ ᠴᠠᠭᠠᠰᠤ ᠵᠥᠩᠲ‍ᠡᠭᠡᠨ
ᠦᠷᠦᠭᠡᠰᠦᠲᠡᠢ ᠡᠨᠡ ᠰᠢᠷᠡᠭᠡ
ᠥᠭᠡᠳᠡᠲᠡᠢ ᠵᠠᠯᠠᠭᠤ ᠶᠠᠪᠤᠬᠤ ᠳ᠋ᠤ᠌ ᠮᠢᠨᠢ
ᠥᠩᠭᠡ᠂ ᠦᠵᠡᠮᠵᠢᠲᠡᠢ ᠡᠬᠡᠨᠡᠷ ᠮᠢᠨᠢ  ᠪᠠᠢᠯ᠎ᠠ᠂

ᠥᠰᠬᠦ ᠡᠴᠡ ᠥᠲᠡᠯᠬᠦ ᠨᠠᠰᠤᠨ ᠳ᠋ᠤ᠌ ᠮᠢᠨᠢ
ᠥᠷᠭᠥᠭᠡ ᠭᠡᠷ
ᠥᠮᠴᠢ ᠬᠥᠷᠥᠩᠭᠡ
ᠥᠨᠳᠥᠷ ᠶᠡᠬᠡ ᠬᠠᠭᠠᠨ ᠰᠢᠷᠡᠭᠡ ᠮᠢᠨᠢ ᠪᠣᠯᠤᠭᠰᠠᠭᠠᠷ ᠢᠷᠡᠯ᠎ᠡ᠃

ᠡᠨᠡ ᠰᠢᠷᠡᠭᠡᠨ ᠳᠡᠭᠡᠷ᠎ᠡ ᠪᠢ ᠳᠠᠭᠤᠯᠠᠵᠤ ᠴᠤ᠌ ᠰᠠᠭᠤᠯ᠎ᠠ
ᠡᠨᠡ ᠰᠢᠷᠡᠭᠡᠨ ᠳᠡᠭᠡᠷ᠎ᠡ ᠪᠢ ᠤᠬᠢᠯᠠᠵᠤ ᠴᠤ᠌ ᠰᠠᠭᠤᠯ᠎ᠠ᠃
ᠡᠨᠡ ᠰᠢᠷᠡᠭᠡᠨ ᠳᠡᠭᠡᠷ᠎ᠡ ᠪᠢ ᠰᠢᠯᠦᠭ ᠬᠡᠷᠬᠢᠨ ᠪᠦᠲᠦᠬᠦ ᠶ᠋ᠢ
ᠮᠡᠳᠡᠬᠦ ᠦᠭᠡᠢ ᠬᠥᠪᠡᠭᠦᠨ ᠢᠷᠡᠵᠦ ᠪᠢᠯᠡ᠂
ᠡᠨᠡ ᠰᠢᠷᠡᠭᠡᠨ ᠳᠡᠭᠡᠷ᠎ᠡ ᠡᠴᠡ ᠪᠢ ᠰᠢᠯᠦᠭ ᠦᠭᠡᠢ ᠬᠡᠷᠬᠢᠨ ᠠᠮᠢᠳᠤᠷᠠᠬᠤ ᠶ᠋ᠢ
ᠮᠡᠳᠡᠬᠦ ᠦᠭᠡᠢ ᠡᠪᠦᠭᠡᠨ ᠪᠤᠴᠠᠨ᠎ᠠ᠃

ᠡᠷ᠎ᠡ ᠭᠠᠭᠴᠠᠬᠠᠨ ᠨᠠᠰᠤ ᠮᠢᠨᠢ
ᠡᠨᠡ ᠳᠡᠭᠡᠷ᠎ᠡ ᠤᠷᠭᠤᠵᠤ
ᠡᠨᠡ ᠳᠡᠭᠡᠷ᠎ᠡ ᠤᠨᠠᠬᠤ ᠭᠠᠭᠴᠠᠬᠠᠨ ᠵᠢᠷᠭᠠᠯ ᠪᠠᠢᠨ᠎ᠠ᠃
ᠡᠴᠦᠰ ᠬᠣᠢᠴᠢ ᠶ᠋ᠢᠨ ᠬᠥᠮᠦᠨ ᠲᠥᠷᠥᠯᠬᠢᠲᠡᠨ ᠢ᠋
ᠡᠨᠡ ᠳᠡᠭᠡᠷ᠎ᠡ ᠪᠡᠨ ᠤᠷᠢᠬᠤ
ᠡᠨᠡ ᠳᠡᠭᠡᠷ᠎ᠡ ᠪᠡᠨ ᠶᠠᠷᠢᠬᠤ ᠭᠠᠪᠢᠶ᠎ᠠ ᠮᠥᠨ ᠪᠠᠢᠨ᠎ᠠ᠃

ᠲᠠᠭᠠᠷᠠᠤᠬᠠᠨ ᠬᠥᠮᠦᠨ ᠡᠨᠳᠡ
ᠲᠠᠪᠤᠨ ᠦᠭᠡ ᠣᠢᠯᠠᠭᠠᠯᠴᠠᠬᠤ ᠠ᠋ᠴᠠ ᠪᠠᠨ
ᠲᠠᠮᠠᠬᠢᠨ ᠤ᠋ ᠡᠰᠢ ᠣᠪᠤᠭᠠᠯᠠᠯᠴᠠᠵᠤ ᠥᠭᠭᠦᠭᠡᠳ  
ᠠᠪᠤᠭᠰᠠᠨ ᠴᠦ᠍ ᠶᠠᠭᠤᠮ᠎ᠠ ᠦᠭᠡᠢ᠂
ᠥᠭᠭᠦᠭᠰᠡᠨ ᠴᠤ᠌ ᠶᠠᠭᠤᠮ᠎ᠠ ᠦᠭᠡᠢ ᠭᠠᠷᠳᠠᠭ ᠶᠤᠮ᠃
ᠳᠠᠭᠠᠷᠠᠮᠵᠢ ᠦᠭᠡᠢ ᠰᠢᠭ ᠬᠡᠦᠬᠡᠨ ᠢ᠋ ᠴᠦ᠍ ᠪᠠᠰᠠ
ᠲᠠᠲᠠᠵᠤ ᠨᠢᠭᠡ ᠦᠵᠡᠭᠡᠳ᠂ ᠲᠦᠯᠬᠢᠵᠦ ᠨᠢᠭᠡ ᠦᠵᠡᠭᠡᠳ
ᠲᠠᠮᠠᠬᠢᠨ ᠤ᠋ ᠡᠰᠢ ᠰᠢᠭ᠂ ᠡᠨᠡ ᠯᠡ ᠰᠢᠷᠡᠭᠡᠨ ᠡᠴᠡ
ᠡᠭᠦᠳᠡ ᠤᠷᠤᠭᠤ ᠨᠢᠰᠠᠯᠵᠤ ᠰᠠᠭᠤᠯ᠎ᠠ᠃

ᠠᠮᠢᠳᠤᠷᠠᠵᠤ ᠪᠢ ᠦᠵᠡᠭᠡ ᠦᠭᠡᠢ ᠪᠠᠢᠵᠤ ᠪᠣᠯᠤᠨ᠎ᠠ ᠠ᠋᠂ ᠭᠡᠪᠡᠴᠦ
ᠠᠮᠢᠳᠤᠷᠠᠯ ᠢ᠋ ᠪᠢ ᠦᠵᠡᠯ᠎ᠡ᠃
ᠠᠮᠰᠠᠯ᠎ᠠ᠂ ᠬᠠᠷᠢᠨ
ᠠᠪᠤᠭᠰᠠᠨ ᠦᠭᠡᠢ᠂ ᠦᠭᠬᠦᠯ᠎ᠡ!
ᠠᠮᠢᠳᠤᠷᠠᠯ ᠮᠢᠨᠢ ᠤᠷᠲᠤᠭᠠᠰᠢ ᠪᠠᠨ ᠡᠨᠡ ᠪᠢᠴᠢᠭ ᠦ᠋ᠨ ᠰᠢᠷᠡᠭᠡ ᠪᠠᠢᠨ᠎ᠠ᠃


   ᠦᠰᠦᠭ ᠬᠠᠲᠠᠭᠴᠢ᠄ ᠪᠣᠷᠵᠢᠭᠢᠨ ᠠᠵᠠᠵᠠᠶᠠᠭ᠎ᠠ
   ᠦᠰᠦᠭ ᠠᠮᠢᠯᠠᠭᠤᠯᠤᠭᠴᠢ᠄ ᠠᠰᠬ᠎ᠠ
   ᠬᠢᠨᠠᠭᠴᠢ᠄ ᠤᠳᠬᠠᠨᠰᠣ᠎ᠡ ᠢᠷᠡᠭᠡᠳᠦᠢ

     ᠢᠷᠡᠯᠲᠡ᠄《 ᠷ᠂ ᠴᠤᠢᠨᠤᠮ ᠤ᠋ᠨ ᠰᠢᠯᠦᠭ ᠵᠣᠬᠢᠶᠠᠯ ᠬᠤᠷᠢᠶᠠᠬᠤᠢ-》
    -ᠤᠶᠠᠩᠭ᠎ᠠ ᠶ᠋ᠢᠨ ᠰᠢᠯᠦᠭ ᠡᠴᠡ ᠬᠠᠭᠤᠯᠠᠪᠠ
     ᠪᠢ᠂ ᠲᠠᠮᠳᠢᠨᠰᠦᠷᠦᠩ ᠡᠮᠬᠢᠳᠬᠡᠨ ᠨᠠᠢᠷᠠᠭᠤᠯᠪᠠ
    ᠬᠠᠷᠢᠭᠤᠴᠠᠭᠰᠠᠨ ᠨᠠᠢᠷᠠᠭᠤᠯᠤᠭᠴᠢ᠄ ᠪᠤᠷᠤᠨᠤᠳ ᠳᠣᠷᠵᠢ