ᠠᠪᠤ ᠪᠢᠳᠡᠨ ᠬᠣᠶᠠᠷ-ᠷ ᠂ᠴᠣᠢᠨᠣᠮР.Чойном - Аав бидэн хоёр
ᠠᠪᠤ ᠪᠢᠳᠡᠨ ᠬᠣᠶᠠᠷ
ᠴᠣᠢᠨᠣᠮ
ᠨᠡᠷ᠎ᠡ ᠶ᠋ᠢ ᠮᠢᠨᠢ ᠬᠠᠢᠷᠠᠯᠠᠭᠰᠠᠨ ᠬᠥᠮᠦᠨ- ᠠᠪᠤ
ᠨᠢᠭᠡᠨ ᠪᠡᠶ᠎ᠡ ᠶ᠋ᠢ ᠮᠢᠨᠢ ᠵᠠᠶᠠᠭᠠᠭᠰᠠᠨ ᠬᠥᠮᠦᠨ- ᠠᠪᠤ
ᠨᠡᠭᠡᠭᠡᠭᠳᠡᠵᠦ ᠠᠮᠵᠢᠭ᠎ᠠ ᠦᠭᠡᠢ ᠥᠷᠭᠡᠰᠦᠲᠦ ᠴᠡᠴᠡᠭ ᠢ᠋ ᠣᠷᠬᠢᠭᠠᠳ
ᠨᠡᠩ ᠡᠷᠲᠡ ᠶᠠᠪᠤᠴᠢᠬᠠᠭᠰᠠᠨ- ᠮᠢᠨᠦ ᠠᠪᠤ !
ᠴᠢᠨᠠᠳᠤ ᠨᠣᠮ ᠤ᠋ᠨ ᠲᠠᠷᠨᠢ ᠶ᠋ᠢᠨ ᠦᠰᠦᠭ ᠢ᠋ᠶ᠋ᠡᠷ
ᠴᠠᠰᠤᠲᠤ ᠡᠾᠢᠮᠠᠯᠠᠶᠠ ᠶ᠋ᠢ ᠳᠠᠪᠠᠭᠤᠯᠤᠨ ᠠᠪᠴᠢᠷᠠᠭᠰᠠᠨ
ᠬᠡᠨ ᠪᠦᠬᠦᠨ ᠳ᠋ᠦ᠍ ᠪᠠᠢᠳᠠᠭ ᠦᠭᠡᠢ ᠨᠡᠷ᠎ᠡ ᠶ᠋ᠢ ᠪᠠᠷᠠᠭᠤᠨ ᠴᠢᠬᠢᠨ ᠳ᠋ᠦ᠍ ᠮᠢᠨᠢ
ᠭ᠂ ᠴᠷᠠᠩᠰᠤᠳᠨᠠᠮ ᠪᠢᠰᠢ᠂ ᠭᠡᠯᠦᠭᠷᠢᠨᠴᠢᠨ ᠠᠪᠤ ᠮᠢᠨᠢ
ᠬᠡᠯᠡᠵᠦ ᠥᠭᠭᠦᠭᠰᠡᠨ ᠶᠦᠮ 《ᠴᠣᠢᠨᠤᠮ》 ᠭᠡᠵᠦ
(ᠰᠠᠨᠠᠪᠠᠯ᠂ ᠠᠪᠤ ᠮᠢᠨᠢ ᠲᠡᠷᠡ ᠵᠦᠭ ᠦ᠋ᠨ ᠨᠣᠮ ᠳ᠋ᠤ᠌
ᠰᠠᠢᠬᠠᠨ ᠣᠶᠤᠲᠠᠨ ᠠ᠋ᠴᠠ ᠠᠷᠠᠢ ᠳᠡᠭᠡᠷ᠎ᠡ ᠪᠠᠢᠭᠰᠠᠨ ᠪᠠᠢᠯᠭᠦᠢ)
ᠰᠠᠷ᠎ᠠ ᠵᠢᠯ ᠦ᠋ᠳ ᠲᠡᠷᠡ ᠦᠶ᠎ᠡ ᠡᠴᠡ ᠬᠣᠢᠰᠢ ᠤᠯᠠᠷᠢᠭᠰᠠᠭᠠᠷ
ᠰᠠᠬᠠᠯ ᠤᠷᠭᠤᠵᠤ ᠪᠢ ᠭᠤᠴᠢᠨ ᠨᠠᠮᠤᠷ ᠢ᠋ ᠦᠳᠡᠵᠡᠢ᠃
ᠡᠷᠭᠢᠭᠡᠳ ᠪᠣᠳᠣᠬᠤ ᠳ᠋ᠤ᠌ ᠮᠢᠨᠦ ᠪᠠᠭ᠎ᠠ ᠨᠠᠰᠤ
ᠡᠷᠢᠶᠡᠨ ᠪᠠᠷᠠᠭᠠᠨ ᠪᠣᠯᠤᠭᠠᠳ ᠤᠢᠳᠬᠠᠷ ᠭᠤᠨᠢᠭ ᠶᠡᠬᠡ ᠲᠡᠢ
ᠡᠯᠴᠢᠯᠡᠯ ᠦᠭᠡᠢ ᠨᠡᠭᠦᠳᠡᠯ ᠦ᠋ᠨ ᠵᠡᠷᠭᠡᠯᠭᠡᠨᠲᠦ ᠵᠠᠮ ᠳᠡᠭᠡᠷ᠎ᠡ
ᠡᠷᠲᠡ ᠥᠨᠥᠴᠢᠷᠡᠵᠦ᠂ ᠣᠷᠣᠢ ᠪᠣᠢᠵᠢᠭᠰᠠᠨ ᠪᠠᠢᠨ᠎ᠠ᠃
ᠠᠪᠤ ᠮᠢᠨᠢ᠂ ᠬᠥᠭᠡᠷᠦᠬᠦᠢ ᠠᠪᠤ ᠮᠢᠨᠢ
ᠠᠮᠢᠳᠤᠷᠠᠯ ᠬᠡᠮᠡᠬᠦ ᠰᠠᠷᠬᠤᠳ ᠤ᠋ᠨ
ᠠᠯᠳᠠᠩᠬᠠᠨ ᠠᠶᠠᠭ᠎ᠠ ᠶ᠋ᠢ ᠲᠠ
ᠠᠷᠠᠢ ᠡᠷᠲᠡ ᠬᠥᠮᠥᠷᠢᠵᠡᠢ ᠳᠡ!
ᠡᠷᠲᠡ ᠨᠠᠮ᠎ᠠ ᠶ᠋ᠢ ᠣᠷᠬᠢᠵᠤ
ᠡᠵᠢ ᠶ᠋ᠢ ᠮᠢᠨᠢ᠂ ᠳᠡᠭᠦᠦ ᠨᠠᠷ ᠢ᠋ ᠮᠢᠨᠢ ᠣᠷᠬᠢᠵᠤ
ᠡᠳᠦᠭᠡ ᠪᠢ᠂ ᠣᠷᠬᠢᠭᠰᠠᠨ ᠨᠠᠰᠤ ᠲᠠᠢ ᠴᠢᠨᠢ ᠴᠢᠴᠠᠤ ᠪᠣᠯᠤᠭᠠᠳ
ᠡᠯ᠎ᠡ ᠵᠠᠷᠢᠮᠳᠤᠭ ᠰᠢᠯᠦᠭ ᠢ᠋ ᠬᠡᠯᠡᠵᠦ ᠰᠠᠭᠤᠨ᠎ᠠ᠃
ᠠᠯᠠᠭ ᠦᠷ᠎ᠡ ᠶ᠋ᠢᠨ ᠡᠯᠢᠭᠡ ᠡᠪᠦᠷᠯᠡᠭᠰᠡᠨ ᠪᠣᠯᠬᠤ ᠪᠠᠷ
ᠠᠪᠤ ᠳ᠋ᠠᠭᠠᠨ ᠪᠢ ᠡᠭᠡᠯ ᠦᠭᠡᠢ ᠬᠠᠢᠷᠠᠲᠠᠢ ᠪᠢᠯᠡ᠂
ᠠᠩᠬ᠎ᠠ ᠦᠵᠡᠭᠰᠡᠨ ᠶᠢᠷᠲᠢᠨᠴᠦ ᠮᠢᠨᠢ ᠭᠤᠴᠢᠨ ᠬᠡᠳᠦᠨ ᠣᠨ ᠪᠣᠯᠬᠤ ᠪᠠᠷ
ᠠᠪᠤ ᠪᠢᠳᠡ ᠬᠣᠶᠠᠷ᠂ᠨᠢᠭᠡᠨ ᠭᠡᠷ ᠲᠦ᠍ ᠪᠠᠭᠲᠠᠭᠰᠠᠨ ᠦᠭᠡᠢ᠃
ᠡᠷᠬᠡᠯᠡᠵᠦ ᠰᠠᠭᠤᠭᠰᠠᠨ ᠴᠢᠯᠠᠭᠤᠨ ᠲᠣᠭᠯᠠᠭᠠᠮ ᠳᠡᠭᠡᠷ᠎ᠡ ᠡᠴᠡ ᠮᠢᠨᠢ
ᠡᠴᠢᠭᠡ ᠪᠢᠳᠡ ᠬᠣᠶᠠᠷ᠂ ᠬᠣᠶᠠᠷ ᠲᠠᠢᠰᠢ ᠪᠠᠨ ᠶᠠᠪᠤᠭᠰᠠᠨ ᠶᠤᠮ᠃
ᠡᠷᠭᠢᠵᠦ ᠲᠡᠷᠡ ᠬᠥᠮᠦᠨ ᠴᠦ᠍ ᠬᠠᠷᠠᠭᠰᠠᠨ ᠦᠭᠡᠢ᠂ ᠡᠷᠭᠢᠵᠦ ᠪᠢ ᠴᠦ᠍ ᠬᠠᠷᠠᠭᠰᠠᠨ ᠦᠭᠡᠢ
ᠡᠷᠭᠢᠵᠦ ᠰᠡᠭᠦᠯ ᠳ᠋ᠦ᠍ᠨᠢ ᠬᠠᠷᠠᠬᠤ ᠳ᠋ᠤ᠌ ᠲᠡᠷᠡ ᠬᠥᠮᠦᠨ ᠠᠯᠠᠭ᠎ᠠ ᠪᠠᠢᠯ᠎ᠠ᠃
ᠡᠮᠦᠨᠡᠬᠢ ᠦᠶ᠎ᠡ ᠳ᠋ᠡᠭᠡᠨ ᠪᠢ
ᠥᠷᠢ ᠲᠡᠢ ᠴᠦ᠍ ᠲᠥᠷᠥᠭᠰᠡᠨ ᠶᠦᠮ ᠤᠤ
ᠰᠡᠯᠭᠦᠵᠦ ᠦᠯᠡᠳᠡᠬᠦ ᠦᠶ᠎ᠡ ᠶ᠋ᠢᠨ ᠬᠢᠨ ᠳ᠋ᠦ᠍ ᠪᠡᠨ ᠠᠪᠤ ᠮᠢᠨᠢ
ᠰᠡᠳᠬᠢᠯ ᠳᠤᠨᠳᠠᠭᠤᠷ ᠴᠤ᠌ ᠪᠠᠢᠭᠰᠠᠨ ᠶᠤᠮ ᠤᠤ
ᠨᠠᠷᠢᠨ ᠶᠠᠭᠤᠮ᠎ᠠ ᠶ᠋ᠢ ᠨᠢ ᠪᠢ ᠵᠠᠯᠬᠠᠭᠤ ᠦᠭᠡᠢ ᠰᠦᠢᠳᠬᠡᠵᠦ
ᠨᠠᠮ᠎ᠠ ᠶ᠋ᠢ᠂ ᠡᠴᠢᠭᠡ ᠮᠠᠨᠢ ᠴᠤ᠌ ᠬᠠᠯᠠᠭᠤ ᠦᠭᠡᠢ ᠰᠢᠢᠳᠬᠡᠵᠦ
ᠡᠴᠦᠰ ᠦ᠋ᠨ ᠡᠴᠦᠰ ᠲᠦ᠍ ᠴᠡᠷᠢᠭ ᠰᠤᠷ ᠪᠥᠰᠡᠨ ᠦ᠌
ᠡᠷ᠎ᠡ ᠴᠥᠩ ᠦ᠋ᠨ ᠵᠤᠵᠠᠭᠠᠨ ᠬᠠᠪᠤᠳᠠᠷ ᠤ᠋ᠳ ᠦᠯᠡᠳᠡᠭᠡᠭᠡᠳ
ᠡᠨᠡ ᠪᠡᠶ᠎ᠡ ᠶ᠋ᠢᠨ ᠮᠢᠨᠢ ᠳᠣᠯᠣᠭᠠᠬᠠᠨ ᠨᠠᠰᠤᠨ ᠳᠤᠮᠳᠠ
ᠡᠵᠢ ᠳᠡᠭᠦᠦ ᠨᠠᠷ ᠢ᠋ ᠮᠢᠨᠢ ᠤᠯᠠᠩᠬᠠᠨ ᠭᠠᠴᠠᠭᠠᠯ ᠳᠤᠮᠳᠠ
ᠡᠬᠡ ᠣᠷᠣᠨ ᠢ᠋ᠶ᠋ᠠᠨ ᠳᠡᠯᠡᠬᠡᠢ ᠶ᠋ᠢᠨ ᠲᠡᠢᠨ ᠦ᠌ ᠰᠡᠭᠦᠳᠡᠷ ᠳᠤᠮᠳᠠ
ᠭᠤᠴᠢᠨ ᠳᠣᠯᠣᠭᠠᠬᠠᠨ ᠨᠠᠰᠤᠨ ᠳ᠋ᠠᠭᠠᠨ ᠣᠷᠬᠢᠭᠰᠠᠨ!
ᠲᠡᠷᠡ ᠬᠥᠮᠦᠨ ᠢ᠋ ᠪᠠᠢᠬᠤ ᠳ᠋ᠤ᠌ ᠠᠴᠢ ᠭᠠᠪᠢᠶ᠎ᠠ ᠶ᠋ᠢ ᠨᠢ ᠮᠡᠳᠡᠭᠰᠡᠨ ᠦᠭᠡᠢ
ᠲᠡᠭᠡᠭᠡᠷᠡᠰᠢᠶᠡᠵᠦ ᠪᠠᠷᠤᠭ ᠠᠳᠠ ᠦᠵᠡᠬᠦ ᠳ᠋ᠦ᠍ ᠪᠡᠯᠡᠨ ᠪᠠᠢᠭᠰᠠᠨ
ᠲᠡᠨᠡᠭ᠂ ᠳᠤᠭᠤᠯᠭᠠᠪᠤᠷᠢ ᠦᠭᠡᠢ ᠪᠠᠯᠴᠢᠷ ᠨᠠᠰᠤ ᠮᠢᠨᠢ!
ᠠᠪᠤ ᠶ᠋ᠢ ᠠᠮᠢᠰᠬᠤᠭ᠎ᠠ ᠬᠤᠷᠢᠶᠠᠭᠰᠠᠨ1943 ᠣᠨ ᠤ᠋ ᠭᠠᠩ ᠲᠠᠢ ᠨᠠᠮᠤᠷ
ᠠᠯᠤᠰ ᠥᠷᠥᠨ᠎ᠡ ᠵᠦᠭ ᠲᠦ᠍᠂ ᠺᠦᠷᠰᠺ ᠦ᠋ᠨ ᠶᠡᠬᠡ ᠲᠤᠯᠤᠯᠳᠤᠭᠠᠨ ᠳ᠋ᠤ᠌
ᠠᠵᠢᠯᠴᠢᠨ ᠲᠠᠷᠢᠶᠠᠴᠢᠨ ᠤ᠋ ᠬᠡᠦᠬᠡᠳ
ᠠᠷᠢᠴᠣᠳ ᠤ᠋ᠨ ᠭᠠᠩ ᠪᠣᠯᠣᠳ ᠬᠣᠶᠠᠷ ᠬᠤᠳᠬᠤᠯᠳᠤᠵᠤ
ᠠᠵᠠᠢ ᠪᠤᠭᠤᠷᠤᠯ ᠧᠦ᠋ᠷᠣᠫᠠ ᠨᠣᠢᠷ ᠬᠣᠭᠣᠯᠠ ᠦᠭᠡᠢ ᠴᠡᠴᠡᠷᠡᠵᠦ ᠪᠠᠢᠬᠤ ᠳ᠋ᠤ᠌
ᠠᠷᠠᠢ ᠡᠷᠲᠡᠳᠡᠵᠦ ᠬᠤᠭᠤᠴᠠᠭ᠎ᠠ ᠳᠠᠭᠤᠰᠤᠭᠰᠠᠨ ᠶᠤᠮ᠃
ᠠᠳᠠᠢᠷ᠂ ᠲᠡᠨᠡᠭ ᠪᠠᠯᠴᠢᠷ ᠨᠠᠰᠤ ᠮᠢᠨᠦ!
ᠲᠡᠷᠡ ᠬᠥᠮᠦᠨ ᠢ᠋ ᠶᠠᠪᠤᠴᠢᠬᠠᠬᠤ ᠪᠠᠷ ᠠᠴᠢ ᠭᠠᠪᠢᠶ᠎ᠠ ᠶ᠋ᠢ ᠨᠢ
ᠪᠢ ᠴᠦ᠍ ᠣᠢᠯᠭᠠᠭᠰᠠᠨ ᠂
ᠪᠢᠰᠢᠳ ᠨᠢ ᠴᠦ᠍ ᠣᠢᠯᠭᠠᠭᠰᠠᠨ ᠶᠤᠮ᠃
《ᠲᠡᠨᠡᠭ ᠦ᠋ᠳ ᠨᠢ ᠠᠮᠢᠳᠤ ᠦᠯᠡᠳᠡᠵᠦ᠂
ᠴᠡᠴᠡᠨ ᠨᠦ᠍ᠭᠦᠳ ᠨᠢ ᠶᠠᠪᠤᠴᠢᠬᠠᠵᠠᠢ ᠳᠠ》ᠭᠡᠵᠦ
ᠠᠮᠢᠳᠤ ᠳ᠋ᠤ᠌ ᠨᠢ ᠬᠡᠷᠡᠯᠳᠦᠵᠦ᠂ ᠮᠠᠭᠤᠯᠠᠵᠤ ᠪᠠᠢᠭᠰᠠᠨ ᠬᠥᠮᠦᠨ
ᠠᠯᠠᠭ᠎ᠠ ᠪᠠᠷ ᠢ᠋ᠶ᠋ᠠᠨ ᠨᠢᠳᠦ ᠪᠡᠨ ᠠᠷᠴᠢᠭᠰᠠᠨ ᠭᠡᠳᠡᠭ
ᠬᠥᠭᠡᠷᠦᠬᠦᠢ ᠠᠯᠠᠭᠠᠨ ᠳᠡᠭᠡᠷ᠎ᠡ ᠨᠢ ᠠᠷᠪᠠᠢ ᠶ᠋ᠢᠨ ᠦᠷ᠎ᠡ ᠶ᠋ᠢᠨ ᠴᠢᠨᠡᠭᠡ ᠳᠣᠭᠣᠯᠠᠩ ᠨᠢᠯᠪᠤᠰᠤ
ᠪᠠᠢᠭᠰᠠᠨ ᠴᠤ᠌ ᠶᠤᠮ ᠤᠤ
ᠪᠠᠢᠭ᠎ᠠ ᠦᠭᠡᠢ ᠴᠦ᠍ ᠶᠦᠮ ᠤᠤ- ᠪᠦᠦ ᠮᠡᠳᠡ!
ᠪᠠᠢᠭᠰᠠᠨ ᠯᠠ ᠪᠠᠢᠬᠤ ᠪᠣᠯᠲᠤᠭᠠᠢ!
ᠬᠠᠷᠢᠨ ᠲᠡᠷᠡ ᠬᠥᠮᠦᠨ ᠢ᠋ ᠶᠠᠪᠤᠴᠢᠬᠠᠬᠤ ᠪᠠᠷ
ᠬᠠᠨᠠᠲᠤ ᠭᠡᠷ ᠦ᠋ᠨ ᠮᠢᠨᠢ ᠬᠣᠢᠮᠣᠷ ᠲᠠᠯ᠎ᠠ
ᠬᠠᠷᠠᠯᠠᠨ ᠬᠣᠩᠬᠣᠢᠬᠤ ᠰᠢᠭ᠋ ᠪᠣᠯᠤᠭᠰᠠᠨ ᠶᠤᠮ᠃
ᠠᠢᠯ ᠬᠣᠲᠠ ᠳᠠᠶᠠᠭᠠᠷ ᠲᠡᠷᠡ ᠬᠥᠮᠦᠨ ᠦ᠌
ᠠᠷᠭᠢᠯᠳᠠᠭᠤᠬᠠᠨ ᠳᠠᠭᠤ ᠨᠢ ᠦᠭᠡᠢᠯᠡᠭᠳᠡᠵᠦ
ᠠᠢᠯ ᠬᠣᠲᠠᠯᠠᠭᠠᠷ ᠢ᠋ᠶ᠋ᠠᠨ ᠥᠨᠥᠴᠢᠷᠡᠬᠦ ᠰᠢᠭ ᠪᠣᠯᠤᠭᠰᠠᠨ ᠶᠤᠮ᠃
ᠬᠡᠭᠡᠷ᠎ᠡ ᠶ᠋ᠢᠨ ᠪᠡᠯᠴᠢᠭᠡᠷ ᠰᠤᠮᠤ ᠶ᠋ᠢᠨ ᠨᠤᠲᠤᠭ ᠲᠤ᠌
ᠬᠡᠭᠡᠷ ᠮᠣᠷᠢᠨ ᠳᠡᠭᠡᠷ᠎ᠡ
ᠬᠡᠯᠲᠡᠬᠡᠢᠳᠡᠭᠦᠬᠡᠨ ᠰᠠᠭᠤᠭᠰᠠᠨ ᠲᠡᠷᠡ ᠬᠥᠮᠦᠨ ᠢ᠋ᠶ᠋ᠡᠷ ᠳᠤᠲᠠᠵᠤ
ᠬᠡᠰᠡᠭ ᠲᠦ᠍ ᠪᠡᠨ ᠡᠪᠦᠯ ᠪᠣᠯᠵᠤ ᠥᠭᠬᠦ ᠦᠭᠡᠢ ᠤᠳᠠᠵᠤ
ᠮᠡᠭᠲᠡᠷᠡᠬᠦ ᠳ᠋ᠦ᠍ ᠪᠡᠨ
ᠮᠡᠨᠡᠷᠡᠭᠰᠡᠨ ᠲᠡᠭᠷᠢ ᠮᠠᠨᠠᠷᠠᠭᠰᠠᠨ ᠭᠠᠵᠠᠷ ᠬᠣᠶᠠᠷ
ᠮᠡᠭᠰᠢᠨ ᠭᠢᠩᠰᠢᠨ ᠣᠷᠢᠯᠠᠬᠤ ᠰᠢᠭ᠋
ᠮᠡᠴᠢᠨ ᠵᠢᠯ ᠦ᠋ᠨ ᠶᠡᠬᠡ ᠵᠤᠳ ᠪᠣᠯᠤᠭᠰᠠᠨ ᠶᠤᠮ᠃
ᠪᠠᠢᠭᠠᠯᠢ ᠬᠡᠮᠡᠬᠦ ᠲᠣᠭᠰᠢᠨ ᠡᠴᠢᠭᠡ
ᠪᠠᠯᠠᠯᠤᠭᠤᠷ ᠢ᠋ᠶ᠋ᠠᠷ ᠢ᠋ᠶ᠋ᠠᠨ
ᠪᠠᠯᠠᠷ ᠤ᠋ᠨ ᠵᠤᠷᠰᠢᠯ
ᠪᠠᠶᠠᠴᠤᠳ ᠤ᠋ᠨ ᠣᠮᠣᠭ᠂ ᠳᠡᠭᠡᠷᠡᠩᠭᠦᠢ ᠵᠠᠩ
ᠬᠤᠲᠠᠲᠠᠢ ᠮᠠᠯ ᠢ᠋ ᠨᠢ
ᠬᠣᠶᠠᠷ ᠵᠠᠭᠤᠨ ᠰᠠᠶ᠎ᠠ ᠬᠦᠷᠭᠡ ᠭᠡᠰᠡᠨ ᠣᠷᠣᠰ ᠤ᠋ᠨ ᠲᠤᠰᠢᠶᠠᠯ ᠲᠠᠢ ᠬᠠᠮᠲᠤ
ᠠᠷᠴᠢᠭᠠᠳ ᠥᠩᠭᠡᠷᠡᠭᠰᠡᠨ ᠃
ᠠᠳᠠᠯᠢᠬᠠᠨ ᠲᠠᠭᠠᠷᠠᠭᠤᠯᠵᠤ
ᠠᠳᠠᠯᠢᠬᠠᠨ ᠥᠯᠦᠰᠦᠭᠦᠯᠵᠦ
ᠣᠳᠣ ᠶ᠋ᠢᠨ ᠡᠨᠡ ᠨᠡᠢᠭᠡᠮ ᠳ᠋ᠦ᠍
ᠣᠪᠣᠭ᠎ᠠ ᠳᠥᠬᠥᠭᠦᠯᠵᠦ ᠥᠭᠭᠦᠭᠰᠡᠨ ᠶᠦᠮ᠃
ᠤᠯᠠᠩᠬᠠᠨ ᠬᠥᠮᠦᠨ ᠦ᠌
ᠣᠮᠣᠭ ᠢ᠋ ᠨᠢ ᠳᠠᠷᠤᠵᠤ ᠥᠭᠭᠦᠭᠰᠡᠨ ᠶᠦᠮ ᠃
ᠬᠥᠮᠦᠨ ᠢ᠋ ᠮᠠᠭᠤ ᠬᠡᠯᠡᠬᠦ ᠪᠢᠰᠢ᠂ ᠪᠢ ᠴᠤ᠌ ᠭᠡᠰᠡᠨ
ᠬᠡᠦᠬᠡᠳ ᠪᠠᠢᠬᠤ ᠳ᠋ᠤ᠌ ᠪᠠᠨ
ᠣᠯᠠᠨ ᠤᠳᠠᠭ᠎ᠠ ᠠᠪᠤ ᠶ᠋ᠢ ᠪᠡᠨ ᠠᠭᠤᠷᠯᠠᠭᠤᠯᠤᠭᠰᠠᠨ
ᠡᠦᠲᠦ ᠭᠤᠴᠢᠨ ᠵᠢᠯ ᠦ᠋ᠨ ᠬᠣᠢᠨ᠎ᠠ ᠮᠠᠭᠲᠠᠵᠤ ᠰᠠᠭᠤᠨ᠎ᠠ᠃
ᠬᠠᠮᠢᠭ᠎ᠠ ᠨᠢ ᠴᠤ᠌ ᠭᠡᠰᠡᠨ᠂ ᠬᠡᠵᠢᠶ᠎ᠡ ᠴᠤ᠌ ᠭᠡᠰᠡᠨ ᠂ᠬᠡᠨ ᠴᠤ᠌ ᠭᠡᠰᠡᠨ ᠂ᠠᠮᠢᠳᠤ ᠳ᠋ᠤ᠌ ᠨᠢ
ᠬᠠᠷᠢᠶᠠᠵᠤ ᠂ ᠬᠠᠪᠴᠢᠵᠤ ᠂ ᠬᠠᠷᠠᠳᠠᠵᠤ᠂ᠬᠠᠵᠠᠢᠯᠭᠠᠵᠤ
ᠬᠠᠵᠠᠭᠤ ᠪᠥᠭᠡᠷᠡᠨ ᠡᠴᠡ ᠨᠢ ᠂ᠠᠷᠤ ᠬᠣᠩᠭᠣᠨ ᠠ᠋ᠴᠠ ᠨᠢ ᠂ᠣᠯᠠᠨ ᠠ᠋ᠴᠠ ᠨᠢ ᠤᠬᠤᠵᠤ ᠣᠬᠣᠴᠢᠬᠠᠭᠠᠳ
ᠦᠬᠦᠬᠦ ᠪᠡᠷ ᠨᠢ ᠡᠭᠦᠷᠢᠳᠡ ᠰᠠᠳᠠᠭ᠎ᠠ ᠪᠣᠯᠬᠤ ᠪᠠᠷ ᠦᠭᠡᠢ ᠪᠣᠯᠬᠤ ᠪᠠᠷ ᠨᠢ
ᠥᠪᠡᠷ ᠡᠴᠡ ᠨᠢ ᠲᠠᠯᠬ᠎ᠠ ᠶ᠋ᠢ ᠨᠢ ᠬᠤᠪᠢᠶᠠᠵᠤ ᠢᠳᠡᠵᠦ ᠪᠣᠯᠬᠤ ᠪᠠᠷ ᠨᠢ ᠥᠷᠭᠡᠨ ᠣᠯᠠᠨ ᠳ᠋ᠤ᠌
ᠠᠷᠠᠢ ᠳᠥᠩᠭᠡᠭᠦᠷ ᠬᠠᠷᠠᠭᠳᠠᠬᠤ ᠪᠠᠷ ᠦᠭᠡᠢ ᠪᠣᠯᠬᠤ ᠪᠠᠷ ᠨᠢ
ᠭᠠᠭᠴᠠ ᠦᠭᠡ ᠪᠡᠷ ᠬᠡᠯᠡᠪᠡᠯ
ᠮᠠᠭᠲᠠᠭᠠᠯ ᠭᠠᠵᠠᠷ ᠠᠪᠬᠤ ᠦᠭᠡᠢ ᠪᠣᠯᠤᠭᠰᠠᠨ ᠴᠠᠭ ᠲᠤ᠌
ᠭᠠᠢ ᠴᠤ᠌ ᠪᠣᠯᠬᠤ ᠦᠭᠡᠢ
ᠨᠡᠮᠡᠷᠢ ᠴᠦ᠍ ᠪᠣᠯᠬᠤ ᠦᠭᠡᠢ ᠪᠣᠯᠤᠭᠰᠠᠨ ᠴᠠᠭ ᠲᠤ᠌
ᠭᠠᠰᠢᠭᠤᠳᠠᠵᠤ
ᠭᠠᠵᠠᠷ ᠬᠣᠲᠣᠢᠲᠠᠯᠠ ᠮᠠᠭᠲᠠᠳᠠᠭ ᠶᠤᠮ ᠪᠠᠢᠨ᠎ᠠ᠃
ᠦᠭᠡᠢ ᠠ᠋᠂ ᠦᠭᠡᠢ ᠠ᠋᠂
ᠦᠬᠦᠭᠰᠡᠨ ᠬᠥᠮᠦᠨ ᠳ᠋ᠦ᠍ ᠨᠡᠬᠡᠨ ᠣᠯᠭᠣᠳᠠᠭ
ᠦᠨ᠎ᠡ ᠦᠭᠡᠢ ᠠᠯᠳᠠᠷ᠂ ᠦᠨ᠎ᠡ ᠦᠭᠡᠢ ᠮᠠᠭᠲᠠᠭᠠᠯ ᠬᠡᠷᠡᠭ ᠦᠭᠡᠢ᠃
ᠦᠨᠡᠨ ᠬᠡᠷᠡᠭ ᠲᠡᠢ!
ᠬᠥᠮᠦᠨ ᠢ᠋᠂ ᠬᠡᠨ ᠢ᠋ ᠴᠦ᠍ ᠭᠡᠰᠡᠨ ᠦᠬᠦᠬᠦ ᠪᠡᠷ ᠨᠢ
ᠾᠷᠥ᠋ᠱᠸᠸ ᠰᠢᠭ ᠠᠪᠰᠠ ᠶ᠋ᠢ ᠨᠢ ᠤᠬᠤᠬᠤ ᠦᠭᠡᠢ ᠯᠡ ᠪᠠᠢᠪᠠᠯ ᠪᠣᠯᠤᠭ᠎ᠠ!
(ᠴᠢᠳᠠᠯ ᠲᠠᠢ ᠪᠣᠯ ᠠᠮᠢᠳᠤ ᠳ᠋ᠤ᠌ ᠨᠢ ᠳᠣᠪᠲᠣᠯᠤᠨ᠎ᠠ ᠪᠢᠵᠡ
ᠴᠢᠳᠠᠯ ᠦᠭᠡᠢ ᠪᠣᠯ ᠬᠣᠬᠢ ᠨᠢ!)
ᠠᠪᠰᠠ ᠪᠠᠨ ᠲᠣᠨᠣᠭᠤᠯᠤᠭᠰᠠᠨ ᠲᠡᠷᠡ ᠰᠠᠬᠠᠯᠲᠤ ᠬᠥᠮᠦᠨ ᠰᠢᠭ
ᠠᠪᠤ ᠮᠢᠨᠢ ᠲᠡᠢᠮᠦ ᠴᠤ᠌ ᠲᠣᠮᠣ ᠭᠠᠪᠢᠶᠠᠲᠠᠨ ᠪᠢᠰᠢ᠂ ᠨᠢᠭᠦᠯᠲᠡᠨ ᠴᠤ᠌ ᠪᠢᠰᠢ
ᠠᠮᠢᠲᠠᠨ ᠳ᠋ᠤ᠌ ᠬᠠᠯᠠ ᠪᠣᠯᠤᠭ᠎ᠠ ᠦᠭᠡᠢ
ᠠᠷᠠᠳ ᠬᠥᠮᠦᠨ ᠪᠠᠢᠭᠰᠠᠨ ᠶᠤᠮ᠃
ᠠᠮᠢᠲᠠᠨ ᠳ᠋ᠤ᠌ ᠬᠠᠯᠠ ᠪᠣᠯᠤᠭ᠎ᠠ ᠦᠭᠡᠢ ᠶᠠᠪᠤᠨ᠎ᠠ ᠭᠡᠳᠡᠭ ᠦᠨᠡᠨ ᠳ᠋ᠡᠭᠡᠨ
ᠠᠢᠬᠤᠪᠲᠤᠷ ᠲᠣᠮᠣ ᠭᠠᠪᠢᠶ᠎ᠠ ᠶᠤᠮ ᠰᠢᠦ!
ᠬᠣᠭᠣᠷᠣᠨᠳᠣ ᠮᠠᠨᠢ ᠶᠠᠰᠤ ᠬᠠᠶᠠᠭᠰᠠᠨ ᠲᠡᠷᠡ ᠴᠠᠭ ᠦᠶ᠎ᠡ ᠶ᠋ᠢᠨ
ᠬᠣᠯᠠ ᠶᠠᠪᠤᠬᠤ ᠦᠭᠡᠢ ᠮᠤᠩᠬᠠᠷᠠᠭᠤᠯᠤᠯ ᠠᠷᠢᠯᠵᠤ
ᠬᠣᠵᠢᠭᠤ ᠪᠢ ᠠᠪᠤ ᠶ᠋ᠢ ᠪᠡᠨ ᠣᠢᠯᠠᠭᠠᠵᠤ
ᠬᠣᠣᠰ ᠦᠭᠡᠢ ᠦᠷᠦ ᠡᠪᠡᠳᠦᠭᠰᠡᠨ ᠶᠦᠮ᠃
ᠠᠪᠤ ᠮᠢᠨᠢ ᠡᠭᠡᠯ ᠨᠢᠭᠡᠨ ᠪᠣᠯᠪᠠᠴᠤ
ᠠᠪᠤ ᠠ᠋ᠴᠠ ᠴᠠᠭᠠᠰᠢᠬᠢ ᠪᠦᠬᠦ ᠦᠶ᠎ᠡ ᠶ᠋ᠢ ᠬᠠᠷᠠᠬᠤ
ᠠᠷᠭ᠎ᠠ ᠦᠭᠡᠢ《ᠮᠢᠨᠦ ᠴᠣᠩᠬᠣ》
ᠲᠡᠷᠡ ᠬᠥᠮᠦᠨ ᠪᠠᠢᠯ᠎ᠠ!
ᠲᠡᠷᠡ ᠬᠥᠮᠦᠨ ᠢ᠋ᠶ᠋ᠡᠷ ᠪᠢ ᠬᠣᠷᠢᠳᠤᠭᠠᠷ ᠵᠠᠭᠤᠨ ᠢ᠋ ᠬᠠᠷᠠᠭᠰᠠᠨ ᠶᠤᠮ᠃
ᠲᠡᠷᠡ ᠬᠥᠮᠦᠨ ᠢ᠋ᠶ᠋ᠡᠷ ᠪᠠᠰᠠ ᠠᠷᠪᠠᠨ ᠶᠢᠰᠦᠳᠦᠭᠡᠷ ᠵᠠᠭᠤᠨ ᠢ᠋ ᠬᠠᠷᠠᠪᠠ
ᠲᠡᠮᠡᠴᠡᠯ ᠴᠥᠬᠥᠷᠡᠯ᠂ ᠠᠮᠤᠷᠰᠠᠨᠠᠭ᠎ᠠ᠂ ᠴᠢᠩᠭᠦᠨᠵᠠᠪ ᠢ᠋ ᠬᠠᠷᠠᠵᠤ
ᠲᠡᠨᠢᠭᠦᠨ ᠭᠣᠪᠢ ᠶ᠋ᠢᠨ ᠤᠬᠠᠭᠠᠨᠲᠠᠨ ᠷᠠᠪᠵᠢ ᠬᠤᠲᠤᠭᠲᠤ ᠶ᠋ᠢ ᠬᠠᠷᠠᠵᠤ
ᠲᠡᠮᠦᠵᠢᠨ᠂ ᠠᠲ᠋ᠲ᠋ᠢᠯᠢ᠂
ᠡᠷᠲᠡᠨ ᠦ᠌ ᠳᠣᠷᠣᠨ᠎ᠠ ᠳ᠋ᠠᠬᠢᠨ ᠢ᠋ ᠬᠠᠷᠠᠵᠤ
ᠲᠢᠪ ᠳᠡᠯᠡᠬᠡᠢ ᠶ᠋ᠢᠨ ᠢ᠋ᠶ᠋ᠡᠨ ᠦᠰᠦᠨ ᠪᠤᠭᠤᠷᠤᠯ ᠡᠷᠢᠨ ᠢ᠋
ᠬᠥᠮᠦᠨ ᠲᠥᠷᠥᠯᠬᠢᠲᠡᠨ ᠢ᠋
ᠬᠡᠦᠬᠡᠳ ᠦᠶ᠎ᠡ ᠲᠡᠢ ᠨᠢ ᠴᠣᠭ ᠣᠢᠯᠠᠭᠠᠨᠠᠮ᠃
ᠦᠰᠦᠭ ᠬᠠᠳᠠᠭᠴᠢ᠄ ᠭᠠᠸᠠ
ᠦᠰᠦᠭ ᠠᠮᠢᠯᠠᠭᠤᠯᠤᠭᠴᠢ᠄ ᠠᠰᠬ᠎ᠠ
ᠬᠢᠨᠠᠭᠴᠢ᠄ ᠢᠷᠡᠭᠡᠳᠦᠢ ᠣᠳᠬᠠᠨᠰᠣ ᠠ᠋
