ᠳ ∙ ᠳᠠᠭᠪᠠᠳᠣᠷᠵᠢ 〔ᠮᠣᠩᠭᠣᠯ ᠲᠤᠯᠭᠠᠲᠠᠨ ᠤ 100 ᠡᠷᠬᠢᠮ〕Д.Дагвадорж-[Монгол Тулгатны 100 эрхэм] ᠴᠤᠤᠲᠤ ᠬᠥᠮᠥᠰ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠳ ∙ ᠳᠠᠭᠪᠠᠳᠣᠷᠵᠢ 〔ᠮᠣᠩᠭᠣᠯ ᠲᠤᠯᠭᠠᠲᠠᠨ ᠤ 100 ᠡᠷᠬᠢᠮ〕Д.Дагвадорж-[Монгол Тулгатны 100 эрхэм]

ᠳ ∙ ᠳᠠᠭᠪᠠᠳᠣᠷᠵᠢ 〔ᠮᠣᠩᠭᠣᠯ ᠲᠤᠯᠭᠠᠲᠠᠨ ᠤ 100 ᠡᠷᠬᠢᠮ〕Д.Дагвадорж-[Монгол Тулгатны 100 эрхэм]

ᠠᠩᠭᠢᠯᠠᠯ:ᠴᠤᠤᠲᠤ ᠬᠥᠮᠥᠰ
2022-02-14

484

   ᠳ ∙ ᠳᠠᠭᠪᠠᠳᠣᠷᠵᠢ (ᠠᠰᠠᠰᠢᠶᠥᠣᠷᠢᠶᠦ ᠠᠺᠢᠨᠣᠷᠢ朝青龍 明徳᠂ あさしょうりゅう あきのり᠂ 1980 ᠣᠨ ᠤ᠋ 9 ᠰᠠᠷ᠎ᠠ ᠶ᠋ᠢᠨ 27 - ) ᠨᠢ ᠮᠣᠩᠭᠣᠯ ᠤᠯᠤᠰ ᠤ᠋ᠨ ᠤᠯᠠᠭᠠᠨᠪᠠᠭᠠᠲᠤᠷ ᠬᠣᠲᠠ ᠳ᠋ᠤ᠌ ᠲᠥᠷᠥᠭᠰᠡᠨ᠂ ᠶᠠᠫᠣᠨ ᠤ᠋ ᠰᠦᠮᠣ ᠪᠥᠬᠡᠴᠢᠨ ᠶᠦᠮ᠃ ᠵᠢᠩᠬᠢᠨᠢ ᠨᠡᠷ᠎ᠡ ᠨᠢ ᠳᠣᠯᠣᠭᠠᠷᠰᠦ᠋ᠷᠦᠩ ᠦ᠋ᠨ ᠳᠠᠭᠪᠠᠳᠣᠷᠵᠢ᠃ 2003 ᠣᠨ ᠤ᠋ 1 ᠰᠠᠷ᠎ᠠ ᠳ᠋ᠤ᠌ ᠰᠦᠮᠣ ᠶ᠋ᠢᠨ68 ᠳ᠋ᠠᠬᠢ᠂ ᠶᠣᠺᠣᠽᠦᠨᠠ (ᠠᠪᠤᠷᠭᠤ) ᠪᠣᠯᠤᠭᠰᠠᠨ ᠠᠩᠬᠠᠨ ᠤ᠋ ᠮᠣᠩᠭᠣᠯ ᠬᠥᠮᠦᠨ᠃ ᠳᠠᠭᠪᠠᠳᠣᠷᠵᠢ ᠨᠢ ᠰᠦᠮᠣ ᠶ᠋ᠢᠨ ᠲᠡᠦᠬᠡᠨ ᠳ᠋ᠡᠬᠢ ᠬᠠᠮᠤᠭ ᠤ᠋ᠨ ᠠᠮᠵᠢᠯᠲᠠ ᠲᠠᠢ ᠶᠣᠺᠣᠽᠦᠨᠠ ᠨᠠᠷ ᠤ᠋ᠨ ᠨᠢᠭᠡ ᠪᠥᠭᠡᠳ ᠨᠡᠢᠲᠡ 25 ᠤᠳᠠᠭ᠎ᠠ ᠮᠠᠺᠦᠴᠢ ( ᠰᠦᠮᠤ ᠶ᠋ᠢᠨ ᠬᠠᠮᠤᠭ ᠳᠡᠭᠡᠳᠦ ᠱᠠᠲᠤ) ᠳ᠋ᠤ᠌ ᠲᠦᠷᠦᠭᠦᠯᠡᠭᠰᠡᠨ ᠪᠠᠢᠨ᠎ᠠ᠃ 2005 ᠣᠨ ᠳ᠋ᠤ᠌ ᠨᠢᠭᠡ ᠵᠢᠯ ᠦ᠋ᠨ 6 ᠤᠳᠠᠭᠠᠨ ᠳ᠋ᠤ᠌ ᠪᠦᠷ ᠲᠦᠷᠦᠭᠦᠯᠡᠭᠰᠡᠨ ᠠᠩᠬᠠᠨ ᠤ᠋ ᠰᠦᠮᠣᠴᠢ ᠪᠣᠯᠤᠭᠰᠠᠨ᠃

2004 ᠣᠨ ᠠ᠋ᠴᠠ 2007 ᠣᠨ ᠬᠦᠷᠲᠡᠯ᠎ᠡ ᠰᠦᠮᠤ ᠶ᠋ᠢᠨ ᠴᠣᠷ ᠤ᠋ᠨ ᠭᠠᠭᠴᠠ ᠶᠣᠺᠣᠽᠦᠨᠠ ᠪᠠᠢᠭᠰᠠᠨ᠃ ᠶᠠᠫᠣᠨ ᠤ᠋ ᠰᠦᠮᠣ ᠶ᠋ᠢᠨ ᠵᠣᠳᠣᠭ ᠲᠠᠢᠯᠬᠤ ᠶᠣᠰᠣᠯᠠᠯ 2010 ᠣᠨ ᠤ᠋ 10 ᠰᠠᠷ᠎ᠠ ᠶ᠋ᠢᠨ 3 ᠳ᠋ᠤ᠌ ᠪᠣᠯᠵᠠᠢ᠃

ᠮᠣᠩᠭᠣᠯ ᠤᠯᠤᠰ ᠤ᠋ᠨ ᠭᠠᠪᠢᠶᠠᠲᠤ ᠲᠠᠮᠢᠷᠴᠢᠨ᠂ ᠬᠥᠳᠡᠯᠮᠦᠷᠢ ᠶ᠋ᠢᠨ ᠪᠠᠭᠠᠲᠤᠷ ᠴᠣᠯᠠ ᠲᠠᠢ᠃