ᠥᠨᠳᠥᠷ ᠵᠢᠮ᠎ᠡ ᠶ᠋ᠢᠨ ᠰᠢᠯᠢӨндөр жамын шил-ᠣᠷᠳᠣᠰ ᠠᠷᠠᠳ ᠤᠨ ᠳᠠᠭᠤᠤ22

ᠥᠨᠳᠥᠷ ᠵᠢᠮ᠎ᠡ ᠶ᠋ᠢᠨ ᠰᠢᠯᠢ
ᠥᠨᠳᠥᠷ ᠵᠢᠮ᠎ᠡ ᠶ᠋ᠢᠨ ᠰᠢᠯᠢ ᠳ᠋ᠦ᠍
ᠡᠭᠦᠯᠡ ᠮᠠᠨᠠᠨ ᠪᠦᠷᠬᠦᠨ᠎ᠡ ᠳᠡ
ᠦᠷᠭᠦᠯᠵᠢᠳᠡ ᠰᠠᠨᠠᠭᠳᠠᠬᠤ
ᠶᠠᠭᠤ ᠭᠡᠭᠴᠢ ᠰᠠᠢᠬᠠᠨ ᠬᠠᠩᠭᠠᠢ ᠪᠣᠢ
ᠬᠡᠰᠡᠭ ᠡᠭᠦᠯᠡ ᠨᠢ ᠭᠠᠷᠬᠤ ᠳ᠋ᠤ᠌
ᠬᠤᠷ᠎ᠠ ᠶ᠋ᠢ ᠪᠡᠨ ᠭᠡᠵᠦ ᠪᠣᠳᠣᠯ᠎ᠠ
ᠬᠡᠰᠡᠭ ᠲᠣᠭᠣᠰᠣ ᠲᠠᠲᠠᠬᠤ ᠳ᠋ᠤ᠌
ᠠᠬ᠎ᠠ ᠶ᠋ᠢ ᠪᠡᠨ ᠭᠡᠵᠦ ᠰᠠᠨᠠᠯ᠎ᠠ
ᠪᠦᠯᠦᠭ ᠡᠭᠦᠯᠡ ᠨᠢ ᠭᠠᠷᠬᠤ ᠳ᠋ᠤ᠌
ᠪᠣᠷᠣᠭᠠᠨ ᠢ᠋ᠶ᠋ᠠᠨ ᠭᠡᠵᠦ ᠪᠣᠳᠣᠯ᠎ᠠ
ᠪᠦᠯᠦᠭ ᠲᠣᠭᠣᠰᠣ ᠲᠠᠲᠠᠬᠤ ᠳ᠋ᠤ᠌
ᠪᠡᠷᠭᠡᠨ ᠢ᠋ᠶ᠋ᠡᠨ ᠭᠡᠵᠦ ᠰᠠᠨᠠᠯ᠎ᠠ
ᠵᠠᠮᠠᠭ ᠦᠭᠡᠢ ᠤᠰᠤ ᠨᠢ
ᠵᠠᠭᠠᠷ ᠪᠣᠭᠳᠠ ᠶ᠋ᠢᠨ ᠷᠠᠰᠢᠶᠠᠨ ᠰᠢᠦ
ᠵᠠᠩ ᠲᠠᠢ ᠯᠠ ᠠᠭᠠᠰᠢ ᠲᠠᠢ ᠰᠤᠷᠭᠠᠭᠰᠠᠨ
ᠡᠵᠢ ᠯᠡ ᠠᠪᠤ ᠬᠣᠶᠠᠷ ᠰᠢᠦ
ᠤᠯᠢᠶᠠᠰᠤᠲᠠᠢ ᠬᠠᠲᠤᠨ ᠤ᠋ ᠤᠰᠤ ᠨᠢ
ᠤᠷᠤᠭᠤ ᠳᠠᠢᠰᠢ ᠪᠠᠨ ᠤᠷᠤᠰᠤᠨ᠎ᠠ ᠳ᠋ᠣᠣ
ᠤᠢᠳᠬᠠᠷ ᠦᠭᠡᠢ ᠰᠠᠨᠠᠭᠳᠠᠳᠠᠭ
ᠡᠵᠢ ᠯᠡ ᠠᠪᠤ ᠬᠣᠶᠠᠷ ᠰᠢᠦ
