ᠴᠠᠭ ᠴᠠᠭ ᠤᠨ ᠰᠢᠯᠦᠭ - ᠷ ᠂ ᠴᠣᠢᠨᠣᠮ Цаг цагийн шүлэг – Р ᠂ Чойном ᠰᠢᠯᠦᠭ ᠢᠷᠠᠭᠤ ᠨᠠᠢᠷᠠᠭ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠴᠠᠭ ᠴᠠᠭ ᠤᠨ ᠰᠢᠯᠦᠭ - ᠷ ᠂ ᠴᠣᠢᠨᠣᠮ Цаг цагийн шүлэг – Р ᠂ Чойном

ᠴᠠᠭ ᠴᠠᠭ ᠤᠨ ᠰᠢᠯᠦᠭ - ᠷ ᠂ ᠴᠣᠢᠨᠣᠮ Цаг цагийн шүлэг – Р ᠂ Чойном

2023-08-04

302

ᠴᠠᠭ ᠴᠠᠭ ᠤᠨ ᠰᠢᠯᠦᠭ


 ᠮᠠᠴᠠᠭ ᠪᠠᠷᠢᠬᠤ ᠪᠠᠨ ᠶᠡᠬᠡᠰᠬᠡ ᠭᠡᠵᠦ
 ᠯᠠᠮᠠ ᠪᠠᠭᠰᠢ ᠰᠤᠷᠭᠠᠵᠤ ᠪᠠᠶ᠋ᠢᠬᠰᠠᠨ
 ᠮᠢᠬ᠎ᠠ ᠢᠲᠡᠬᠦ ᠪᠡᠨ ᠪᠠᠭᠠᠰᠬ᠎ᠠ ᠭᠡᠵᠦ
 ᠨᠠᠮ ᠪᠢᠲᠡᠨ ᠳ᠋ᠤ᠌ ᠰᠤᠷᠭᠠᠵᠤ ᠪᠠᠶ᠋ᠢᠨ᠎ᠠ᠃

 ᠥᠪᠡᠷ ᠶ᠋ᠢᠡᠨ ᠵᠢᠷᠭᠠᠬᠤ ᠪᠠᠷ ᠵᠣᠪᠠ ᠭᠡᠵᠦ
 ᠡᠪᠦᠭᠡ ᠶ᠋ᠢᠨ ᠱᠠᠰᠢᠨ ᠰᠤᠷᠭᠠᠵᠤ ᠪᠠᠶ᠋ᠢᠬᠰᠠᠨ
 ᠬᠥᠮᠦᠨ ᠪ ᠲᠥᠯᠥᠭᠡ ᠵᠣᠪᠠ ᠭᠡᠵᠦ
 ᠬᠦᠴᠦᠷᠬᠡᠭ ᠡᠨᠡ ᠦᠶ᠎ᠡ ᠰᠤᠷᠭᠠᠵᠤ ᠪᠠᠶ᠋ᠢᠨ᠎ᠠ

 ᠠᠲᠠᠯᠢᠬᠠᠨ ᠴᠦ᠍ ᠶᠤᠮ ‍ᠤᠤ ᠳ᠋ᠠ ᠴᠠᠭ ᠦᠶ᠎ᠡ
 ᠠᠯᠢ ᠨᠢ ᠴᠦ᠍ ᠭᠡᠰᠡᠨ ᠬᠥᠮᠦᠨ ᠢ ᠬᠠᠶ᠋ᠢᠷᠠᠯᠠᠬᠤ ᠦᠭᠡᠢ᠂
 ᠠᠩᠬᠢ ᠨᠡᠶ᠋ᠢᠭᠡᠮ ᠦ᠋ᠨ ᠵᠠᠰᠠᠭ ᠭᠡᠳᠡᠭ
 ᠠᠰᠤᠷᠤ ᠲᠣᠮᠣ ᠮᠢᠬᠠᠨ ᠪ ᠮᠠᠰᠢᠨ ᠴᠦ᠍ ᠶᠤᠮ ‍ᠤᠤ ᠳ᠋ᠠ?

※ ᠢᠷᠡᠯᠲᠡ᠄
《 ᠷ · ᠴᠣᠶ᠋ᠢᠨᠣᠮ ᠦ᠋ᠨ ᠰᠢᠯᠦᠭ ᠵᠣᠬᠢᠶᠠᠯ ᠬᠤᠷᠢᠶᠠᠬᠤᠢ — 》
            — ᠤᠶᠠᠩᠬ᠋᠎ᠠ ᠶ᠋ᠢᠨ ᠰᠢᠯᠦᠭ ᠡᠴᠡ ᠬᠠᠭᠤᠯᠪᠠ ᠃
             ᠪᠢ‍  · ᠳᠠᠮᠳᠢᠨᠰᠦ᠋ᠷᠦᠩ ᠡᠮᠬᠢᠤᠠᠬᠡᠨ ᠨᠠᠶ᠋ᠢᠷᠠᠭᠤᠯᠪᠠ
             ᠬᠠᠷᠢᠭᠤᠴᠠᠭᠰᠠᠨ ᠨᠠᠶ᠋ᠢᠷᠠᠭᠤᠯᠤᠭᠴᠢ ᠄ ᠪᠣᠷᠤᠨᠤᠳ ᠳᠣᠷᠵᠢ

       ᠦᠰᠦᠭ ᠠᠮᠢᠯᠠᠭᠤᠯᠤᠭᠴᠢ᠄ ᠲᠤᠶᠠᠬ᠋᠎ᠠ
          ᠬᠢᠨᠠᠭᠴᠢ᠄ ᠰᠡᠬᠡᠭᠡᠷᠡᠯ