ᠭᠠᠯ- ᠯ᠂ ᠴᠢᠯᠠᠭᠤᠨᠪᠠᠭᠠᠲᠤᠷ ᠤᠨ ᠰᠢᠯᠦᠭ ᠴᠠᠭᠠᠨ ᠤᠶᠠᠩᠭᠠᠯᠠᠨ᠎ᠠГал-чулуунбаатрын шүлэг цагаан уянгална

ᠭᠠᠯ
ᠭᠠᠯ
ᠯ ·ᠴᠢᠯᠠᠭᠤᠨᠪᠠᠭᠠᠲᠤᠷ
ᠪᠢ ᠭᠠᠯ
ᠲᠤᠯᠭ᠎ᠠ ᠶ᠋ᠢᠨ ᠭᠤᠷᠪᠠᠨ ᠴᠢᠯᠠᠭᠤᠨ ᠣᠴᠢᠭ ᠠ᠋ᠴᠠ
ᠴᠡᠩᠬᠡᠷ ᠲᠤᠭ ᠢ᠋ᠶ᠋ᠠᠨ ᠬᠤᠷᠤᠢᠯᠠᠨ ᠪᠣᠰᠴᠤ
ᠨᠠᠷᠠᠨ ᠰᠠᠷᠠᠨ ᠭᠠᠷᠠᠬᠠᠨ ᠰᠠᠨᠵᠢ ᠲᠠᠢ
ᠲᠡᠭᠷᠢ ᠲᠣᠭᠣᠭ᠎ᠠ ᠶ᠋ᠢ ᠳᠠᠭᠠᠷᠢᠨ ᠣᠷᠣᠭᠠᠳ
ᠤᠭᠠᠯᠵᠠᠨ ᠬᠡᠯᠡᠲᠦ ᠪᠠᠮᠪᠠᠷ ᠰᠤᠷ ᠢ᠋ᠶ᠋ᠠᠷ
ᠰᠦᠮᠪᠦᠷ ᠨᠢᠷᠤᠭᠤ ᠶ᠋ᠢ ᠬᠠᠭᠠᠷᠢᠨ ᠬᠠᠪᠠᠭᠰᠠᠨ
ᠪᠢ ᠵᠢᠷᠭᠠᠯ ᠤ᠋ᠨ ᠭᠠᠯ
ᠪᠢ ᠭᠠᠯ
ᠪᠣᠷᠵᠢᠭᠢᠨ ᠡᠪᠦᠭᠡ ᠠᠷᠠᠪ ᠤ᠋ᠨ ᠲᠠᠯ᠎ᠠ ᠳ᠋ᠤ᠌
ᠮᠣᠷᠢᠨ ᠳᠡᠭᠡᠷ᠎ᠡ ᠪᠡᠨ ᠴᠠᠬᠢᠨ ᠭᠠᠷᠭᠠᠵᠤ
ᠪᠤᠭᠤᠷᠤᠯ ᠡᠵᠢ ᠠᠷᠪᠠᠨ ᠬᠠᠨᠠᠲᠤ ᠳ᠋ᠤ᠌
ᠮᠣᠳᠣᠷ ᠢ᠋ᠶ᠋ᠠᠨ ᠲᠤᠯᠵᠤ ᠦᠯᠢᠶᠡᠨ ᠲᠡᠭᠵᠢᠭᠡᠭᠡᠳ
ᠪᠧᠯᠲ ᠦ᠋ᠨ ᠲᠠᠩᠭᠢᠰ ᠡᠴᠡ ᠡᠭᠦᠯᠡᠨ ᠳ᠋ᠦ᠍ ᠳᠦᠷᠡᠯᠵᠡᠵᠦ
ᠮᠥᠰᠥᠲᠦ ᠶ᠋ᠢᠨ ᠲᠤᠢᠯ ᠳ᠋ᠤ᠌ ᠬᠠᠢᠯ ᠤᠷᠤᠰᠬᠠᠭᠰᠠᠨ
ᠪᠢ ᠴᠠᠬᠢᠭᠤᠷ ᠤ᠋ᠨ ᠭᠠᠯ
ᠪᠢ ᠭᠠᠯ
ᠠᠯᠠᠭ᠎ᠠ ᠳᠡᠭᠡᠷ᠎ᠡ ᠪᠡᠨ ᠣᠳᠣ ᠰᠣᠢᠵᠤ
ᠠᠷᠪᠠᠨ ᠬᠤᠷᠤᠭᠤᠨ ᠳ᠋ᠠᠭᠠᠨ ᠰᠣᠳᠣ ᠲᠣᠭᠠᠯᠠᠭᠠᠳ
ᠠᠮᠢᠳᠤᠷᠠᠯ ᠤ᠋ᠨ ᠭᠠᠯ ᠳ᠋ᠤ᠌ ᠰᠦ ᠣᠢᠵᠤ
ᠠᠲ᠋ᠣᠮ ᠤ᠋ᠨ ᠡᠷᠡᠨ ᠳ᠋ᠦ᠍ ᠴᠤᠤ ᠡᠷᠭᠦᠭᠡᠳ
ᠢᠯᠴᠢ ᠶ᠋ᠢᠨ ᠤᠭᠤᠷᠠᠭ ᠢ᠋ ᠰᠡᠭᠦᠳᠡᠷ ᠲᠦ᠍ ᠬᠡᠪᠢᠵᠦ
ᠢᠪᠡᠷᠡᠬᠦ ᠤᠷᠤᠰᠬᠠᠯ ᠢ᠋ ᠵᠡᠭᠦᠳᠦ ᠪᠡᠷ ᠰᠢᠮᠡᠭᠰᠡᠨ
ᠪᠢ ᠬᠦᠰᠡᠯ ᠦ᠋ᠨ ᠭᠠᠯ
ᠪᠢ ᠭᠠᠯ
ᠡᠴᠢᠬᠦ ᠵᠠᠭᠤᠨ ᠤ᠋ ᠴᠠᠬᠢᠷᠠ ᠭᠡᠭᠦᠦ ᠡᠴᠡ
ᠰᠡᠳᠬᠢᠯ ᠳᠡᠳᠭᠦᠯ ᠦ᠋ᠨ ᠰᠦ ᠰᠠᠭᠠᠵᠤ
ᠡᠵᠡᠨ ᠵᠠᠶᠠᠭᠠᠨ ᠤ ᠨᠡᠷᠡᠲᠦ ᠵᠠᠢ ᠳ᠋ᠤ᠌
ᠴᠣᠭ ᠲᠠᠢ ᠵᠣᠯ ᠲᠠᠢ ᠢᠨᠴᠠᠭᠠᠨ ᠳᠠᠪᠬᠢᠭᠤᠯᠤᠭᠰᠠᠨ
ᠪᠢ ᠰᠢᠮ᠎ᠡ ᠶ᠋ᠢᠨ ᠭᠠᠯ
ᠪᠢ ᠭᠠᠯ
ᠨᠠᠷᠠ ᠲᠠᠢ ᠰᠠᠷ᠎ᠠ ᠲᠠᠢ ᠡᠵᠢ ᠳᠡᠯᠡᠬᠡᠢ ᠳ᠋ᠦ᠍
ᠨᠠᠪᠴᠢ ᠲᠠᠢ ᠴᠡᠴᠡᠭ ᠲᠡᠢ ᠳᠡᠭᠡᠵᠢ ᠥᠯᠥᠭᠡᠢ ᠳ᠋ᠦ᠍
ᠨᠠᠭᠠᠳᠤ ᠴᠡᠩᠬᠡᠷ ᠬᠥᠮᠦᠨ ᠦ᠌ ᠭᠠᠷᠠᠭ ᠲᠤ᠌
ᠨᠠᠰᠤ ᠪᠠᠷ ᠢ᠋ᠶ᠋ᠠᠨ ᠨᠣᠴᠣᠬᠤ ᠡᠰ ᠢ᠋ ᠣᠯᠤᠭᠠᠳ
ᠨᠠᠮᠤᠷ ᠬᠠᠪᠤᠷ ᠤ᠋ᠨ ᠳᠠᠷᠬᠠᠨ ᠭᠦᠷᠦᠨ ᠡᠴᠡ
ᠨᠠᠴᠢᠨ ᠱᠣᠩᠬᠣᠷ ᠰᠢᠭ᠋ ᠵᠢᠭᠦᠷᠯᠡᠨ ᠭᠠᠷᠤᠭᠰᠠᠨ
ᠪᠢ ᠰᠢᠯᠦᠭ ᠦ᠋ᠨ ᠭᠠᠯ
ᠪᠢ ᠭᠠᠯ
ᠰᠥᠨᠢ ᠶ᠋ᠢᠨ ᠲᠡᠭᠷᠢ ᠳ᠋ᠦ᠍ ᠰᠠᠷ᠎ᠠ ᠶ᠋ᠢ ᠲᠥᠭᠡᠷᠢᠲᠡᠯᠡ
ᠨᠠᠢ᠍ᠮᠠᠨ ᠬᠣᠰᠢᠭᠤ① ᠶ᠋ᠢ ᠵᠡᠷᠭᠡᠯᠡᠨ ᠪᠤᠰᠬᠠᠵᠤ
ᠰᠡᠭᠦᠯᠴᠢ ᠶ᠋ᠢᠨ ᠣᠳᠣᠳ ᠢ ᠰᠢᠩᠭᠡᠬᠦ ᠶ᠋ᠢ ᠨᠢ ᠤᠮᠠᠷᠲᠠᠲᠠᠯᠠ
ᠨᠠᠢ᠍ᠮᠠᠨ ᠠᠶᠠᠯᠭᠤ② ᠪᠠᠷ ᠬᠠᠲᠠᠭᠠᠨ ᠨᠠᠢᠷᠠᠭᠤᠯᠤᠭᠠᠳ
ᠰᠥᠷᠦᠯᠭᠡ ᠶ᠋ᠢᠨ ᠲᠡᠮᠡᠴᠡᠭᠡᠨ ᠳ᠋ᠦ᠍ ᠰᠢᠳᠢ ᠶ᠋ᠢ ᠣᠯᠵᠤ
ᠨᠠᠢᠷ ᠤ᠋ᠨ ᠪᠥᠬᠡ ᠶ᠋ᠢ ᠵᠢᠭᠰᠠᠭᠠᠨ ᠲᠠᠯᠪᠢᠭᠰᠠᠨ
ᠪᠢ ᠤᠶᠠᠩᠭ᠎ᠠ ᠶ᠋ᠢᠨ ᠭᠠᠯ
ᠪᠢ ᠭᠠᠯ
《ᠨᠢᠭᠤᠴᠠ ᠲᠣᠪᠴᠢᠶᠠᠨ 》 ᠤ᠋ ᠬᠠᠭᠤᠴᠢᠨ ᠮᠥᠷ ᠲᠦ᠍
ᠨᠢᠳᠦᠨ ᠤ ᠬᠠᠷᠠᠭ᠎ᠠ ᠪᠠᠨ ᠦᠳᠡᠨ ᠳᠠᠪᠬᠢᠭᠤᠯᠵᠤ
ᠨᠣᠮᠣᠬᠠᠨ ᠳᠠᠯᠠᠢ ᠶ᠋ᠢᠨ ᠴᠡᠩᠭᠡᠭ ᠮᠠᠨᠳᠠᠯ ᠳ᠋ᠤ᠌
ᠨᠤᠮᠤ ᠪᠠᠨ ᠰᠣᠢᠵᠤ ᠯᠤᠤ ᠨᠠᠮᠨᠠᠭᠠᠳ
ᠨᠥᠭᠴᠢᠭᠰᠡᠨ ᠳᠡᠭᠡᠳᠦ ᠶ᠋ᠢᠨ ᠰᠦᠨᠡᠰᠦ ᠶ᠋ᠢ ᠠᠷᠢᠭᠤᠯᠠᠵᠤ
ᠨᠥᠭᠡᠴᠡᠯᠡᠭᠰᠡᠨ ᠳᠡᠭᠡᠵᠢ ᠡᠴᠡ ᠨᠢ ᠬᠦᠨᠡᠰᠦ ᠬᠤᠷᠢᠶᠠᠭᠰᠠᠨ
ᠪᠢ ᠡᠷᠢᠯ ᠦ᠋ᠨ ᠭᠠᠯ
ᠪᠢ ᠭᠠᠯ
ᠲᠥᠮᠪᠥᠭᠡᠷ ᠣᠷᠴᠢᠯᠠᠩ ᠤ᠋ᠨ ᠪᠠᠢᠭᠠᠯᠢ ᠡᠯᠡᠰᠦᠨ ᠳ᠋ᠦ᠍
ᠳᠥᠯᠥᠲᠦ ᠮᠥᠷ ᠢ᠋ᠶ᠋ᠡᠨ ᠲᠡᠮᠳᠡᠭᠯᠡᠨ ᠦᠯᠡᠳᠡᠭᠡᠵᠦ
ᠲᠡᠦᠬᠡ ᠨᠠᠮᠲᠠᠷ ᠤ᠋ᠨ ᠪᠠᠶᠠᠨ ᠨᠢᠷᠤᠭᠤᠨ ᠡᠴᠡ
ᠲᠦᠭᠦᠬᠡᠢ ᠨᠡᠷ᠎ᠡ ᠪᠡᠨ ᠲᠡᠪᠡᠷᠢᠨ ᠭᠠᠷᠤᠭᠠᠳ
ᠬᠦᠯᠦᠭ ᠦ᠋ᠨ ᠲᠤᠭᠤᠷᠠᠢ ᠡᠴᠡ ᠪᠣᠯᠣᠳ ᠪᠤᠲᠠᠷᠭᠠᠨ
ᠰᠢᠯᠦᠭ ᠦ᠋ᠨ ᠴᠤᠤᠷᠢᠶ᠎ᠠ ᠶ᠋ᠢ ᠬᠣᠯᠠ ᠳ᠋ᠤ᠌ ᠴᠤᠴᠠᠷᠠᠭᠠᠭᠰᠠᠨ
ᠪᠢ ᠬᠥᠭᠵᠢᠯ ᠦ᠋ᠨ ᠭᠠᠯ
ᠪᠢ ᠭᠠᠯ
ᠦᠨᠡᠨ ᠦ᠌ ᠦᠷ ᠢ ᠠᠯᠠᠭᠠᠨ ᠳ᠋ᠠᠭᠠᠨ ᠳᠡᠯᠭᠡᠵᠦ
ᠦᠬᠦᠯ ᠦ᠋ᠨ ᠰᠤᠮᠤ ᠶ᠋ᠢ ᠠᠷᠠᠭᠠᠨ ᠳ᠋ᠠᠭᠠᠨ ᠬᠠᠵᠠᠭᠰᠠᠨ
ᠦᠯᠢᠭᠡᠷ ᠦ᠋ᠨ ᠪᠠᠭᠠᠲᠤᠷ ᠢ᠋ ᠦᠨᠡᠨ ᠪᠣᠯᠭᠠᠵᠤ
ᠥᠷᠯᠥᠭᠡ ᠶ᠋ᠢᠨ ᠨᠠᠷᠠ ᠶ᠋ᠢ ᠲᠠᠯ᠎ᠠ ᠳ᠋ᠠᠭᠠᠨ ᠮᠠᠨᠴᠤᠢᠯᠠᠭᠠᠳ
ᠦᠢᠯᠡᠰ ᠪᠦᠲᠦᠭᠡᠯ ᠦ᠋ᠨ ᠡᠵᠡᠨ ᠨᠢ ᠪᠣᠯᠵᠤ
ᠥᠨᠳᠥᠷ ᠦ᠋ᠨ ᠡᠷᠬᠡ ᠶ᠋ᠢ ᠬᠠᠷᠠᠴᠤ ᠳ᠋ᠤ᠌ ᠲᠤᠰᠢᠶᠠᠭᠰᠠᠨ
ᠪᠢ ᠬᠠᠢᠷ᠎ᠠ ᠶ᠋ᠢᠨ ᠭᠠᠯ
ᠪᠢ ᠭᠠᠯ
ᠭᠡᠷᠡᠯ ᠳ᠋ᠦ᠍ ᠲᠡᠮᠡᠦᠯᠦᠭᠰᠡᠨ ᠰᠥᠨᠢ ᠶ᠋ᠢᠨ ᠡᠷᠪᠡᠬᠡᠢ
ᠭᠡᠭᠡᠨ ᠳ᠋ᠦ᠍ ᠲᠥᠷᠥᠭᠦᠯᠦᠭᠰᠡᠨ ᠰᠢᠯᠦᠭ ᠦ᠋ᠨ ᠢᠷᠭᠡᠨ
ᠰᠢᠨ᠎ᠡ ᠦᠶ᠎ᠡ ᠶ᠋ᠢᠨ ᠵᠤᠯᠠᠢ ᠭᠢᠰᠬᠢᠵᠦ
ᠵᠤᠯᠠ ᠰᠢᠭ᠋ ᠳᠦᠷᠡᠯᠵᠡᠨ ᠨᠣᠴᠣᠭᠰᠠᠨ ᠳ᠋ᠠᠭᠠᠨ ᠬᠡᠮᠡᠵᠦ
ᠰᠢᠨᠡᠯᠡᠬᠦ ᠦᠷ ᠦ᠋ᠨ ᠳᠥᠷᠦᠭᠡᠨ ᠳ᠋ᠦ᠍ ᠥᠨᠳᠡᠢᠵᠦ
ᠵᠤᠯᠠ ᠰᠢᠭ᠋ ᠳᠦᠷᠡᠯᠵᠡᠨ ᠲᠣᠰᠣᠨ ᠳ᠋ᠠᠭᠠᠨ ᠨᠣᠴᠣᠭᠰᠠᠨ
ᠪᠢ ᠰᠦᠵᠢᠭ ᠦ᠋ᠨ ᠭᠠᠯ
ᠪᠢ ᠭᠠᠯ
ᠭᠡᠷᠡᠯ ᠳ᠋ᠦ᠍ ᠲᠡᠮᠡᠦᠯᠦᠭᠰᠡᠨ ᠰᠥᠨᠢ ᠶ᠋ᠢᠨ ᠡᠷᠪᠡᠬᠡᠢ
ᠭᠡᠭᠡᠨ ᠳ᠋ᠦ᠍ ᠲᠥᠷᠥᠭᠦᠯᠦᠭᠰᠡᠨ ᠰᠢᠯᠦᠭ ᠦ᠋ᠨ ᠢᠷᠭᠡᠨ
ᠰᠢᠨ᠎ᠡ ᠦᠶ᠎ᠡ ᠶ᠋ᠢᠨ ᠵᠤᠯᠠᠢ ᠭᠢᠰᠬᠢᠵᠦ
ᠵᠤᠯᠠ ᠰᠢᠭ᠋ ᠳᠦᠷᠡᠯᠵᠡᠨ ᠨᠣᠴᠣᠭᠰᠠᠨ ᠳ᠋ᠠᠭᠠᠨ ᠬᠡᠮᠡᠵᠦ
ᠰᠢᠨᠡᠯᠡᠬᠦ ᠦᠷ ᠦ᠋ᠨ ᠳᠥᠷᠦᠭᠡᠨ ᠳ᠋ᠦ᠍ ᠥᠨᠳᠡᠢᠵᠦ
ᠵᠤᠯᠠ ᠰᠢᠭ᠋ ᠳᠦᠷᠡᠯᠵᠡᠨ ᠲᠣᠰᠣᠨ ᠳ᠋ᠠᠭᠠᠨ ᠨᠣᠴᠣᠭᠰᠠᠨ
ᠪᠢ ᠮᠥᠩᠬᠡ ᠶ᠋ᠢᠨ ᠭᠠᠯ
ᠪᠢ ᠮᠥᠩᠬᠡ ᠶ᠋ᠢᠨ ᠭᠠᠯ ᠠ᠋!
ᠵᠡᠭᠦᠯᠲᠡ— ① ᠨᠠᠢ᠍ᠮᠠᠨ ᠬᠣᠰᠢᠭᠤ — ᠬᠥᠪᠡᠭᠡᠲᠦ ᠰᠢᠷ᠎ᠠ᠂ ᠰᠢᠯᠤᠭᠤᠨ ᠰᠢᠷ᠎ᠠ᠂ᠰᠢᠯᠤᠭᠤᠨ ᠴᠠᠭᠠᠨ᠂ ᠬᠥᠪᠡᠭᠡᠲᠦ ᠴᠠᠭᠠᠨ᠂ ᠰᠢᠯᠤᠭᠤᠨ ᠤᠯᠠᠭᠠᠨ᠂ ᠬᠥᠪᠡᠭᠡᠲᠦ ᠤᠯᠠᠭᠠᠨ᠂ ᠬᠥᠬᠡ᠂ ᠬᠥᠪᠡᠭᠡᠲᠦ ᠬᠥᠬᠡ ᠶ᠋ᠢ ᠨᠠᠢ᠍ᠮᠠᠨ ᠬᠣᠰᠢᠭᠤ ᠭᠡᠨ᠎ᠡ᠃
② ᠨᠠᠢ᠍ᠮᠠᠨ ᠠᠶᠠᠯᠭᠤ — ᠠᠯᠲᠠᠨ ᠤ᠋ ᠬᠥᠭᠥᠷᠭᠡ᠂ ᠴᠢᠯᠠᠭᠤᠨ ᠤ᠋ ᠬᠠᠰ ᠳᠤᠭᠤᠷᠠᠭᠠ ᠂ ᠴᠢᠪᠬᠠᠳᠠᠰᠤᠲᠤ ᠲᠥᠷᠥ ᠶᠢᠨ ᠶᠠᠲᠤᠭ᠎ᠠ᠂ ᠠᠭᠤᠢ ᠶᠡᠬᠡ ᠶᠠᠲᠤᠭ᠎ᠠ᠂ ᠬᠤᠯᠤᠰᠤᠨ ᠮᠣᠳᠣᠨ ᠪᠢᠰᠬᠢᠭᠦᠷ᠂ ᠠᠷᠠᠰᠤᠨ ᠤ᠋ ᠬᠡᠩᠭᠡᠷᠭᠡ ᠮᠣᠳᠣᠨ ᠤ᠋ ᠡᠬᠢᠯᠡᠭᠴᠢ ᠬᠤᠷᠢᠶᠠᠭᠴᠢ ᠶᠢᠨ ᠨᠠᠢ᠍ᠮᠠᠨ ᠠᠶᠠᠯᠭᠤ ᠬᠡᠮᠡᠮᠦᠢ᠃
ᠦᠰᠦᠭ ᠠᠮᠢᠯᠠᠭᠤᠯᠤᠭᠰᠠᠨ ᠨᠢ᠄ ᠪᠦᠷᠢᠨᠴᠡᠴᠡᠭ
ᠦᠰᠦᠭ ᠬᠠᠲᠠᠭᠰᠠᠨ ᠨᠢ᠄ ᠪᠣᠷᠵᠢᠭᠢᠨ ᠠᠵᠠᠵᠠᠶᠠᠭ᠎ᠠ
ᠬᠢᠨᠠᠭᠴᠢ᠄ ᠰ ᠳᠣᠷᠣᠨ᠎ᠠ᠂ ᠪᠦᠷᠢᠨᠴᠡᠴᠡᠭ
