ᠴᠥᠬᠥᠷᠡᠯ– ᠷ᠂ ᠴᠣᠢᠨᠣᠮ Цөхрөл– Р᠂ ЧойномTsuhrul-Choinom ᠰᠢᠯᠦᠭ ᠢᠷᠠᠭᠤ ᠨᠠᠢᠷᠠᠭ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠴᠥᠬᠥᠷᠡᠯ– ᠷ᠂ ᠴᠣᠢᠨᠣᠮ Цөхрөл– Р᠂ ЧойномTsuhrul-Choinom

ᠴᠥᠬᠥᠷᠡᠯ– ᠷ᠂ ᠴᠣᠢᠨᠣᠮ Цөхрөл– Р᠂ ЧойномTsuhrul-Choinom

2023-08-04

505

ᠴᠥᠬᠥᠷᠡᠯ

ᠠᠢᠯ ᠳ᠋ᠤ᠌ ᠵᠣᠴᠢᠯᠠᠬᠤ ᠳ᠋ᠤ᠌ ᠠᠷᠢᠬᠢ ᠭᠠᠷᠭᠠᠳᠠᠭ ᠶᠣᠰᠣ ᠶ᠋ᠢ 
ᠠᠯᠢ ᠦᠶ᠎ᠡ ᠳ᠋ᠦ᠍ ᠶᠠᠮᠠᠷ ᠴᠢᠳᠬᠥᠷ ᠨᠢ ᠭᠠᠷᠭᠠᠪᠠ ᠃
ᠬᠠᠮᠤᠭ ᠰᠠᠢᠬᠠᠨ ᠰᠠᠨᠠᠵᠤ ᠶᠠᠪᠤᠳᠠᠭ ᠬᠥᠮᠦᠨ ᠳ᠋ᠡᠭᠡᠨ 
ᠬᠠᠲᠠᠭᠤ ᠬᠣᠣᠷ ᠢ᠋ ᠬᠣᠶᠠᠷ ᠭᠠᠷᠳᠠᠨ ᠪᠠᠷᠢᠵᠤ 
ᠬᠠᠷᠠᠭᠰᠠᠭᠠᠷ ᠪᠠᠢᠵᠤ ᠠᠶᠠᠭ᠎ᠠ ᠠᠶᠠᠭ᠎ᠠ ᠪᠠᠷ ᠤᠤᠭᠤᠯᠭᠠᠬᠤ 
ᠬᠠᠴᠢᠨ ᠶᠤᠮ ᠰᠢᠦ ᠂ ᠠ᠋ ᠳᠠ ᠡᠨᠡ ᠬᠥᠮᠦᠨ ᠭᠡᠳᠡᠭ ᠤᠤ 
ᠵᠠᠷᠢᠮ ᠨᠢ ᠭᠡᠲᠡᠯ᠎ᠡ ᠠᠶᠠᠭ᠎ᠠ ᠴᠠᠢ ᠪᠠᠷ ᠳᠠᠢᠯᠠᠭᠤᠯᠤᠭᠠᠳ 
ᠵᠠᠪᠠᠯ ᠠᠷᠢᠬᠢ ᠭᠣᠷᠢᠳᠠᠵᠤ ᠰᠠᠭᠤᠭᠰᠠᠭᠠᠷ ᠪᠠᠢᠳᠠᠭ 
ᠬᠣᠭᠣᠯᠠᠨ ᠤ᠋ ᠱᠦᠭᠦᠢ ᠂ ᠠᠪᠳᠠᠷ᠎ᠠ ᠰᠠᠪᠠ ᠣᠩᠭᠣᠢᠯᠭᠠᠬᠤ ᠪᠦᠷᠢ 
ᠬᠣᠶᠠᠷ ᠨᠢᠳᠦ ᠨᠢ ᠭᠠᠷ ᠳᠠᠭᠠᠵᠤ ᠭᠦᠶᠦᠭᠰᠡᠭᠡᠷ ᠪᠠᠢᠳᠠᠭ 
ᠶᠠᠮᠠᠷ ᠴᠤ᠌ ᠠᠢᠯ ᠳ᠋ᠤ᠌ ᠪᠣᠢ ᠂ ᠪᠠᠢᠬᠤ ᠦᠭᠡᠢ ᠶ᠋ᠢᠨ ᠵᠣᠪᠠᠯᠠᠩ ᠭᠡᠵᠦ ᠪᠠᠢᠳᠠᠭ
ᠶᠠᠭᠠᠬᠢᠬᠤ ᠪᠣᠢ ᠂ ᠵᠠᠷᠢᠮ ᠵᠣᠴᠢᠨ ᠢ᠋ ᠠᠷᠢᠬᠢ ᠦᠭᠡᠢ ᠭᠠᠷᠭᠠᠳᠠᠭ
ᠭᠠᠷᠤᠭᠰᠠᠨ ᠵᠣᠴᠢᠨ ᠠᠷᠢᠬᠢ ᠥᠭᠭᠦᠭᠰᠡᠨ ᠦᠭᠡᠢ ᠭᠡᠵᠦ ᠲᠡᠳᠡᠨ ᠦ᠌ ᠬᠢ ᠶ᠋ᠢ
ᠭᠠᠰᠢᠭᠤᠨ ᠢ᠋ᠶ᠋ᠠᠷ ᠬᠠᠷᠢᠶᠠᠵᠤ ᠂ ᠭᠠᠰᠢᠭᠤᠨ ᠤᠰᠤ ᠰᠢᠭ᠋ ᠠᠭᠠᠰᠢ ᠭᠠᠷᠭᠠᠳᠠᠭ ᠃
ᠭᠡᠲᠡᠯ᠎ᠡ ᠵᠠᠷᠢᠮ ᠠᠢᠯ
ᠭᠡᠷ ᠲᠡᠭᠡᠨ ᠣᠷᠣᠭᠰᠠᠨ ᠪᠦᠬᠦᠨ ᠢ᠋ ᠰᠢᠬᠠᠵᠤ ᠰᠠᠭᠤᠳᠠᠭ ᠂
ᠤᠤᠭᠤᠬᠤ ᠦᠭᠡᠢ ᠭᠡᠰᠡᠨ ᠢ᠋ ᠤᠤᠭᠤ ᠭᠡᠵᠦ ᠠᠯᠪᠠᠲᠠᠨ
ᠤᠷᠠᠨ ᠰᠡᠴᠡᠨ ᠦᠭᠡ ᠪᠡᠷ ᠶᠥᠭᠡᠳᠡᠵᠦ ᠲᠤᠨᠢᠷᠬᠠᠳᠠᠭ ᠃
ᠠᠢ ᠳᠠ ᠂ ᠡᠨᠡ ᠭᠡᠭᠡᠨ ᠴᠡᠯᠮᠡᠭ ᠡᠳᠦᠷ ᠦ᠋ᠨ ᠳᠤᠮᠳᠠᠬᠢ
ᠠᠯᠢ ᠡᠷᠲᠡᠨ ᠦ᠌ ᠬᠠᠷ᠎ᠠ ᠪᠠᠷᠠᠭᠠᠨ ᠵᠤᠷᠰᠢᠯ ᠬᠡᠵᠢᠶ᠎ᠡ ᠳᠠᠭᠤᠰᠤᠨ᠎ᠠ ᠪᠣᠯ ᠳᠠ
ᠠᠢᠯ ᠳ᠋ᠤ᠌ ᠣᠷᠣᠬᠤ ᠳ᠋ᠤ᠌ ᠠᠷᠢᠬᠢ ᠭᠠᠷᠭᠠᠳᠠᠭ ᠶᠣᠰᠣ ᠶ᠋ᠢ
ᠠᠯᠢ ᠦᠶ᠎ᠡ ᠳ᠋ᠦ᠍ ᠶᠠᠮᠠᠷ ᠪᠤᠷᠬᠠᠨ ᠨᠢ ᠤᠰᠠᠳᠬᠠᠬᠤ ᠪᠣᠯ ᠳᠠ ?