ᠲᠡᠷᠡ ᠨᠢᠭᠡ ᠨᠠᠮᠤᠷ-ᠴᠡᠴᠡᠭ ᠦ᠋ᠨ ᠰᠢᠪᠡᠨᠡᠭᠡДар нэг намар-цэцгийн шивнээ
ᠲᠡᠷᠡ ᠨᠢᠭᠡ ᠨᠠᠮᠤᠷ
ᠴᠡᠴᠡᠭ ᠦ᠋ᠨ ᠰᠢᠪᠡᠨᠡᠭᠡ
ᠰᠡᠳᠬᠢᠯ ᠲᠠᠩᠳᠠ ᠰᠠᠯᠬᠢᠨ ᠤ᠋ ᠠᠶ᠎ᠠ ᠪᠠᠷ ᠰᠡᠮᠡᠷᠡᠴᠢᠬᠡᠭᠰᠡᠨ
ᠰᠡᠭᠦᠷᠡᠰᠦ ᠠᠯᠲᠠᠨ ᠪᠣᠳᠣᠯ ᠨᠢᠭᠡᠯᠡ ᠬᠥᠨᠲᠥᠷᠴᠢᠬᠡᠭᠰᠡᠨ
ᠨᠡᠲᠦᠢᠬᠦ ᠡᠭᠦᠯᠡᠰ ᠦ᠋ᠨ ᠬᠣᠷᠮᠣᠢ ᠠ᠋ᠴᠠ ᠪᠣᠷᠣᠭ᠎ᠠ ᠠᠰᠬᠠᠷᠠᠴᠢᠬᠠᠭᠰᠠᠨ
ᠨᠢᠳᠦᠨ ᠦ᠌ ᠮᠢᠨᠢ ᠵᠣᠪᠬᠢᠨ ᠳ᠋ᠤ᠌ ᠨᠢᠯᠪᠤᠰᠤ ᠨᠢᠭᠡᠯᠡ ᠵᠠᠢᠷᠲᠤᠴᠢᠬᠠᠭᠰᠠᠨ
ᠡᠨᠡ ᠨᠠᠮᠤᠷ ᠤ᠋ᠨ ᠡᠳᠦᠷ ᠦ᠋ᠳ ᠳᠠᠩᠴᠤ ᠤᠶᠠᠷᠠᠮ᠎ᠠ ᠪᠠᠢᠯ᠎ᠠ
ᠠᠭᠤᠯᠠ ᠲᠤᠯᠤᠭᠠᠳ ᠪᠤᠳᠠᠩᠲᠤᠨ ᠤᠨᠢᠶᠠᠷᠲᠤᠭᠠᠳ ᠲᠦᠩᠬᠦᠢᠴᠢᠬᠡᠭᠰᠡᠨ
ᠡᠪᠡᠰᠦᠨ ᠦ᠌ ᠲᠣᠯᠣᠭᠠᠢ ᠴᠠᠭ ᠠ᠋ᠴᠠ ᠪᠠᠨ ᠡᠷᠲᠡ ᠪᠤᠭᠤᠷᠤᠯᠲᠤᠴᠢᠬᠠᠭᠰᠠᠨ
ᠡᠭᠡᠬᠦ ᠭᠠᠯᠠᠭᠤᠳ ᠨᠠᠭᠤᠷ ᠲᠠᠭᠠᠨ ᠬᠣᠷᠭᠣᠳᠠᠨ ᠭᠤᠩᠭᠠᠨᠠᠴᠢᠬᠠᠭᠰᠠᠨ
ᠡᠬᠡ ᠡᠴᠡ ᠪᠡᠨ ᠰᠠᠯᠤᠭᠰᠠᠨ ᠠᠩᠭᠠᠬᠠᠢ ᠰᠢᠤᠬᠠᠨ ᠬᠡᠦᠬᠡᠳ ᠮᠢᠨᠢ ᠠᠩᠭᠠᠯᠵᠠᠴᠢᠬᠠᠭᠰᠠᠨ
ᠡᠷᠬᠡ ᠬᠥᠭᠡᠷᠦᠬᠦᠨ ᠵᠢᠭᠠᠯ ᠤ᠋ᠳ ᠤ᠋ᠨ ᠨᠠᠮᠤᠷ ᠣᠢ ᠭᠤᠲᠤᠮ᠎ᠠ ᠪᠠᠢᠯ᠎ᠠ
ᠲᠩᠷᠢ ᠨᠢ ᠬᠦᠷᠲᠡᠯ᠎ᠡ ᠤᠰᠤᠨ ᠨᠢᠳᠦᠯᠡᠨ ᠤᠶᠠᠷᠠᠴᠢᠬᠠᠭᠰᠠᠨ
ᠳᠡᠭᠡᠪᠦᠷ ᠲᠣᠪᠰᠢᠬᠤ ᠳᠠᠭᠤᠨ ᠨᠢ ᠬᠦᠷᠲᠡᠯ᠎ᠡ ᠵᠢᠷᠦᠬᠡ ᠰᠢᠪᠡᠴᠢᠬᠡᠭᠰᠡᠨ
ᠳᠡᠷᠭᠡᠳᠡᠭᠦᠷ ᠤᠷᠤᠰᠬᠤ ᠡᠳᠦᠷ ᠬᠣᠨᠣᠭ ᠤ᠋ᠳ ᠡᠯᠡᠭᠳᠡᠭᠰᠡᠭᠡᠷ
ᠳᠡᠷᠪᠡᠬᠦ ᠨᠠᠪᠴᠢᠰ ᠰᠡᠳᠬᠢᠯ ᠡᠮᠵᠡᠭᠯᠡᠲᠡᠯᠡ ᠱᠠᠷᠴᠢᠭᠢᠨᠠᠴᠢᠬᠠᠭᠰᠠᠨ
ᠲᠡᠰᠪᠦᠷᠢ ᠲᠡᠪᠴᠢᠶᠡᠷᠢ ᠰᠢᠯᠭᠠᠴᠢᠬᠠᠭᠰᠠᠨ ᠬᠠᠲᠠᠭᠤᠬᠠᠨ ᠨᠠᠮᠤᠷ ᠪᠠᠢᠯ᠎ᠠ᠁
※※※※※
ᠬᠢᠷᠠᠭᠤ ᠲᠠᠢ ᠨᠠᠮᠤᠷ ᠪᠤᠴᠠᠬᠤ ᠪᠠᠷ
ᠬᠠᠬᠢᠷ ᠬᠦᠢᠲᠡᠨ ᠢᠷᠡᠳᠡᠭ ᠶᠦ᠍ᠮ
ᠬᠠᠲᠠᠭᠤᠬᠠᠨ ᠲᠡᠷᠡ ᠲᠡᠪᠴᠢᠶᠡᠷᠢ ᠳ᠋ᠦ᠍ ᠨᠢ
ᠬᠠᠳᠠ ᠴᠢᠯᠠᠭᠤ ᠴᠤ᠌ ᠤᠶᠠᠷᠠᠵᠤ
ᠬᠠᠭᠳᠠ ᠶ᠋ᠢᠨ ᠨᠣᠭᠣᠭ᠎ᠠ ᠴᠤᠬᠤᠢᠬᠤ ᠶᠤᠮ᠁
2020-8-29
ᠦᠰᠦᠭ ᠠᠮᠢᠯᠠᠭᠤᠯᠤᠭᠴᠢ᠄ ᠴᠡᠴᠡᠭ ᠦ᠋ᠨ ᠰᠢᠪᠡᠨᠡᠭᠡ
ᠬᠢᠨᠠᠭᠴᠢ᠄ ᠨᠡᠷᠡᠨ᠎ᠡ
