ᠬᠤᠲᠤᠭᠲᠤ ᠢᠷᠥᠭᠡᠯ- ᠬᠡᠷᠡᠢᠳ ᠤᠨ ᠬᠡᠢᠷᠦᠪХутагт ерөөл-хэрэйдийн Хийрүб ᠢᠷᠥᠭᠡᠯ ᠮᠠᠭᠲᠠᠭᠠᠯ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠬᠤᠲᠤᠭᠲᠤ ᠢᠷᠥᠭᠡᠯ- ᠬᠡᠷᠡᠢᠳ ᠤᠨ ᠬᠡᠢᠷᠦᠪХутагт ерөөл-хэрэйдийн Хийрүб

ᠬᠤᠲᠤᠭᠲᠤ ᠢᠷᠥᠭᠡᠯ- ᠬᠡᠷᠡᠢᠳ ᠤᠨ ᠬᠡᠢᠷᠦᠪХутагт ерөөл-хэрэйдийн Хийрүб

2024-08-03

483

ᠬᠤᠲᠤᠭᠲᠤ ᠢᠷᠥᠭᠡᠯ

          ᠢᠷᠦᠭᠡᠯᠴᠢ ᠬᠣᠨᠵᠢᠨ᠄ ᠬᠡᠷᠡᠢᠳ ᠦ᠋ᠨ᠂ ᠬᠡᠢᠷᠥᠪ
ᠤᠸᠮ ᠰᠠᠢᠨ ᠠᠮᠤᠭᠤᠯᠠᠩ ᠲᠠᠨ ᠪᠣᠯᠲᠤᠭᠠᠢ!
ᠡᠩᠬᠡ ᠰᠠᠢᠨ ᠵᠢᠷᠭᠠᠯᠠᠩ ᠲᠠᠨ ᠪᠣᠯᠲᠤᠭᠠᠢ!
ᠪᠠᠷ᠎ᠠ ᠶᠣ ᠶᠡᠬᠡᠲᠦ ᠪᠠᠶᠠᠨ ᠲᠠᠯ᠎ᠠ ᠨᠡᠷᠡᠲᠦ ᠭᠠᠵᠠᠷ ᠳᠡᠭᠡᠷ᠎ᠡ
ᠪᠠᠭᠯᠠᠷᠠᠭᠰᠠᠨ ᠭᠡᠷ ᠬᠣᠲᠠ ᠠᠰᠠᠷ ᠲᠠᠭᠲᠤ
ᠠᠯᠲᠠᠨ ᠭᠣᠯᠣᠮᠲᠠ ᠶᠠᠭᠤ ᠪᠠᠨ ᠪᠠᠢᠭᠤᠯᠤᠭᠠᠳ
ᠪᠢᠯᠢᠭ ᠪᠡᠯᠭᠡ ᠵᠤᠯᠠ ᠶᠤᠭᠠᠨ ᠡᠷᠭᠦᠵᠦ ᠪᠢᠳᠡᠷ ᠡᠷᠳᠡᠨᠢ ᠶ᠋ᠢᠨ ᠭᠡᠷᠡᠯ ᠶᠦ᠍ᠭᠡᠨ ᠰᠠᠴᠤᠷᠠᠭᠤᠯᠤᠨ
ᠠᠭᠤᠤ ᠲᠥᠷᠥ ᠶ᠋ᠢᠨ
ᠠᠯᠲᠠᠨ ᠵᠢᠯᠣᠭᠣ ᠶ᠋ᠢ ᠠᠳᠬᠤᠭᠰᠠᠨ
ᠠᠮᠪᠠᠨ ᠲᠦᠰᠢᠮᠡᠳ ᠠᠪᠠᠬᠠᠢ ᠬᠠᠲᠤᠨ ᠲᠠᠪᠤᠨᠠᠩ
ᠭᠡᠭᠡᠨ ᠬᠤᠲᠤᠭᠲᠠᠨ ᠭᠡᠪᠬᠦᠢ ᠤᠮᠰᠠᠳ ᠱᠠᠪᠷᠤᠩ
ᠠᠭᠠᠷ ᠲᠡᠭᠷᠢ ᠶ᠋ᠢᠨ ᠣᠳᠣ ᠮᠡᠲᠦ ᠲᠦᠭᠡᠭᠡᠭᠰᠡᠨ
ᠥᠷᠭᠡᠨ ᠲᠦᠮᠡᠨ ᠢᠶᠠᠨ ᠤᠷᠢᠨ ᠵᠠᠯᠠᠵᠤ
ᠠᠯᠲᠠᠨ ᠴᠥᠭᠥᠴᠡ( ᠲᠠᠬᠢᠯ) ᠳ᠋ᠤ᠌ ᠪᠠᠨ
ᠠᠯᠲᠠᠨ ᠭᠡᠷᠡᠯᠲᠦ ᠵᠤᠯᠠ ᠶᠤᠭᠠᠨ
ᠠᠪᠤ ᠴᠢᠩᠭᠢᠰ ᠪᠣᠭᠳᠠ ᠳ᠋ᠤ᠌ ᠪᠠᠨ ᠡᠷᠭᠦᠵᠦ
ᠮᠥᠩᠭᠥᠨ ᠴᠥᠭᠥᠴᠡ( ᠲᠠᠬᠢᠯ) ᠳ᠋ᠤ᠌ ᠪᠠᠨ
ᠮᠥᠩᠬᠡ ᠭᠡᠷᠡᠯᠲᠦ ᠵᠤᠯᠠ ᠶᠤᠭᠠᠨ
ᠮᠥᠩᠬᠡ ᠭᠣᠯᠣᠮᠲᠠ ᠶ᠋ᠢᠨ ᠡᠵᠡᠨ
ᠲᠤᠯᠤᠢ ᠡᠵᠡᠨ ᠳ᠋ᠦ᠍ ᠪᠡᠨ ᠡᠷᠭᠦᠵᠦ
ᠮᠥᠩᠬᠡ ᠲᠥᠷᠥ ᠶ᠋ᠢᠨ ᠴᠢᠭᠤᠯᠭᠠᠨ ᠳᠠᠶᠠᠭᠠᠷ ᠢ᠋ᠶ᠋ᠠᠨ
ᠡᠩᠬᠡ ᠠᠮᠤᠭᠤᠯᠠᠩ ᠴᠡᠩᠭᠡᠨ ᠵᠢᠷᠭᠠᠬᠤ ᠶ᠋ᠢᠨ ᠪᠡᠯᠭᠡ ᠲᠡᠢ ᠪᠣᠯᠲᠤᠭᠠᠢ!
ᠲᠡᠷᠡ ᠪᠡᠯᠭᠡ ᠪᠡᠷ ᠪᠣᠯᠲᠤᠭᠠᠢ!
※ ᠲᠤᠰ ᠢᠷᠦᠭᠡᠯ ᠢ᠋ ᠣᠷᠳᠣᠰ ᠤ᠋ᠨ ᠣᠲᠣᠭ ᠬᠤᠰᠢᠭᠤᠨ ᠤ᠋ ᠢᠷᠦᠭᠡᠯᠴᠢ ᠬᠣᠨᠵᠢᠨ ᠳᠣᠷᠵᠢᠪᠠᠯ ᠠ᠋ᠴᠠ ᠲᠡᠮᠳᠡᠭᠯᠡᠵᠦ ᠠᠪᠤᠪᠠ᠃ ᠲᠤᠰ ᠬᠥᠮᠦᠨ ᠦ᠌ ᠬᠡᠯᠡᠬᠦ ᠪᠡᠷ ᠡᠨᠡ ᠬᠦ᠌ ᠢᠷᠦᠭᠡᠯ ᠢ᠋ ᠨᠠᠢᠷ ᠬᠤᠷᠢᠮ᠂ ᠬᠤᠷᠠᠯ ᠴᠤᠭᠯᠠᠭᠠᠨ ᠳᠡᠭᠡᠷ᠎ᠡ ᠬᠠᠮᠤᠭ ᠠᠩᠬᠠᠨ ᠳ᠋ᠤᠨᠢ ᠬᠡᠯᠡᠴᠢᠬᠡᠪᠡᠯ ᠴᠢᠨᠠᠭᠰᠢ ᠪᠤᠰᠤᠳ ᠢᠷᠦᠭᠡᠯ ᠢ᠋ ᠪᠦᠷ ᠬᠡᠯᠡᠵᠦ ᠪᠣᠯᠳᠠᠭ ᠭᠡᠨ᠎ᠡ᠃
               2011 ᠣᠨ ᠤ᠋ ᠰᠠᠷ᠎ᠠ ᠶ᠋ᠢᠨ21 ᠦ᠌ ᠡᠳᠦᠷ᠃
   ᠦᠰᠦᠭ ᠠᠮᠢᠯᠠᠭᠤᠯᠤᠭᠴᠢ᠄ ᠬᠡᠷᠡᠢᠳ ᠨᠠᠷᠠᠰᠤ
   ᠦᠰᠦᠭ ᠬᠠᠳᠠᠭᠴᠢ᠄ ᠬᠡᠷᠡᠢᠳ ᠨᠠᠷᠠᠰᠤ
   ᠬᠢᠨᠠᠭᠴᠢ᠄ ᠣᠳᠬᠠᠨᠰᠣ᠎ᠡ