ᠡᠪᠲᠡᠢ ᠨᠠᠢᠵᠠ ᠨᠤᠭᠤᠳ ᠴᠢᠴᠠᠷᠭᠠᠨ᠎ᠠЭвтэй Найзууд_Чацаргана
ᠡᠪᠲᠡᠢ ᠨᠠᠢᠵᠠ ᠨᠤᠭᠤᠳ ᠴᠢᠴᠠᠷᠭᠠᠨ᠎ᠠ
ᠡᠪᠲᠡᠢ ᠨᠠᠢᠵᠠ ᠨᠤᠭᠤᠳ
( ᠠᠷᠪᠢᠰ᠂ ᠪᠦᠬᠦᠦ᠂ ᠮᠠᠵᠠᠢ᠂ ᠬᠡᠨᠽᠡᠭᠡᠨ᠂ ᠪᠦᠰᠦᠢ)
ᠬᠥᠶᠢ! ᠬᠥᠶᠢ!
ᠫᠥᠬᠥ! ᠦᠨᠡᠬᠡᠷ ᠲᠣᠮᠣ ᠴᠠᠰᠤᠨ ᠪᠥᠮᠪᠥᠭᠡ ᠪᠠᠢᠨ᠎ᠠ ᠰᠢᠦ!
ᠪᠡᠯᠡᠨ ᠤᠤ?
ᠦ ᠂ ᠮᠠᠵᠠᠢ
ᠶᠠᠭᠠᠬᠢᠨ᠎ᠠ!
ᠠᠰᠢᠭᠦᠢ ᠳᠡ᠂ ᠪᠠᠯᠠᠷᠠᠬᠤ ᠰᠢᠬᠠᠯ᠎ᠠ ᠰᠢᠦ
ᠪᠠᠶᠠᠷᠲᠠᠢ ᠨᠠᠢᠵᠠ ᠨᠤᠭᠤᠳ ᠠ᠋᠂ ᠰᠠᠢᠬᠠᠨ ᠠᠮᠠᠷᠠᠭᠠᠷᠠᠢ ᠪᠠᠶᠠᠷᠲᠠᠢ!
ᠬᠥᠶᠢ! ᠬᠥᠶᠢ!
ᠠᠷᠪᠢᠰ ᠠ᠋
ᠮᠠᠵᠠᠢ ᠶᠠᠭᠠᠬᠢᠭᠰᠠᠨ ᠪᠣᠯ?
ᠬᠡᠳᠦᠭᠦᠯᠡ ᠪᠡᠨ ᠭᠡᠷ ᠲᠦ᠍ ᠨᠢ ᠣᠴᠢᠵᠤ ᠦᠵᠡᠬᠦ ᠤᠤ?
ᠮᠠᠵᠠᠢ ᠠ᠋᠂ ᠶᠠᠭᠤ ᠪᠣᠯᠤᠭᠰᠠᠨ ᠪᠣᠢ? ᠵᠦᠭᠡᠷ ᠤᠤ?
ᠶᠠᠭᠠᠬᠢᠨ᠎ᠠ
ᠥᠴᠥᠭᠡᠳᠦᠷ ᠲᠠᠭᠠᠷᠠᠭᠠᠳ ᠬᠠᠨᠢᠶᠠᠳᠤ ᠬᠦᠷᠴᠢᠬᠡᠭᠰᠡᠨ ᠪᠣᠯᠤᠯᠲᠠᠢ
ᠶᠠᠭᠠᠬᠢᠨ᠎ᠠ ᠬᠠᠯᠠᠭᠤᠷᠠᠵᠤ ᠪᠠᠢᠨ᠎ᠠ ᠰᠢᠳᠡ
ᠪᠦᠭᠦᠳᠡᠭᠡᠷ ᠢ᠋ᠶ᠋ᠡᠨ ᠨᠠᠢᠵᠠ ᠶ᠋ᠢ ᠪᠡᠨ ᠶᠠᠭᠠᠬᠢᠵᠤ ᠡᠳᠡᠭᠡᠬᠦ ᠪᠣᠢ?
ᠨᠠᠢᠵᠠ ᠨᠤᠭᠤᠳ ᠠ᠋! ᠪᠢ ᠨᠢᠭᠡ ᠭᠠᠢᠬᠠᠯᠲᠠᠢ ᠵᠢᠮᠢᠰ ᠮᠡᠳᠡᠨ᠎ᠡ
ᠡᠪᠦᠯ ᠶᠠᠮᠠᠷ ᠵᠢᠮᠢᠰ ᠤᠷᠭᠤᠬᠤ ᠶᠤᠮ ᠳᠠ
ᠡᠪᠦᠯ ᠤᠷᠭᠤᠳᠠᠭ ᠨᠢᠭᠡ ᠴᠠᠴᠠᠷᠭᠠᠨ᠎ᠠ ᠭᠡᠳᠡᠭ ᠵᠢᠮᠢᠰ ᠪᠠᠢᠳᠠᠭ ᠶᠤᠮ
ᠮᠠᠵᠠᠢ ᠮᠢᠨᠢ ᠲᠡᠷᠡ ᠵᠢᠮᠢᠰ ᠦ᠋ᠨ ᠰᠢᠭᠦᠰᠦ ᠶ᠋ᠢ ᠤᠤᠭᠤᠪᠠᠯ ᠰᠢᠭᠤᠳ ᠡᠳᠡᠭᠡᠨ᠎ᠡ
ᠫᠥᠬᠥ! ᠬᠠᠮᠢᠭ᠎ᠠ ᠤᠷᠭᠤᠳᠠᠭ ᠵᠢᠮᠢᠰ ᠪᠣᠢ? ᠪᠢ ᠨᠠᠢᠵᠠ ᠶ᠋ᠢᠨ ᠢ᠋ᠶ᠋ᠡᠨ ᠲᠥᠯᠥᠭᠡ ᠬᠠᠮᠢᠭ᠎ᠠ ᠠ᠋ᠴᠠ ᠴᠤ᠌ ᠶᠠᠪᠤᠵᠤ ᠴᠢᠳᠠᠨ᠎ᠠ
ᠪᠢ ᠬᠠᠮᠢᠭ᠎ᠠ ᠪᠠᠢᠳᠠᠭ ᠢ᠋ ᠮᠡᠳᠡᠨ᠎ᠡ᠂ ᠭᠤᠷᠪᠠᠭᠤᠯᠠ ᠪᠠᠨ ᠬᠠᠮᠲᠤ ᠶᠠᠪᠤᠶ᠎ᠠ
ᠲᠡᠢᠮᠦ᠂ ᠲᠠ ᠬᠣᠶᠠᠷ ᠡᠨᠳᠡ ᠪᠡᠨ ᠪᠠᠢᠵᠤ ᠪᠠᠢᠭᠠᠷᠠᠢ
ᠭᠡᠬᠦ ᠳ᠋ᠡᠭᠡᠨ ᠲᠠ ᠨᠠᠷ ᠵᠦᠭ ᠴᠢᠭ ᠢ᠋ ᠨᠢ ᠮᠡᠳᠡᠬᠦ ᠶᠦᠮ ᠤᠤ ? ᠲᠥᠭᠡᠷᠢᠴᠢᠬᠡᠪᠡᠯ ᠶᠠᠭᠠᠬᠢᠬᠤ ᠶᠤᠮ
ᠠ ᠂ ᠨᠠᠳᠠ ᠳ᠋ᠤ᠌ ᠡᠨᠳᠡ ᠰᠦᠫᠸᠡᠷ ᠯᠤᠤᠵᠢᠩ ᠪᠠᠢᠬᠤ ᠪᠠᠷ ᠰᠠᠨᠠᠭ᠎ᠠ ᠵᠣᠪᠠᠯᠲᠠ ᠦᠭᠡᠢ ᠳᠡ
ᠵᠠ᠂ ᠲᠡᠭᠡᠪᠡᠯ ᠨᠠᠢᠵᠠ ᠨᠤᠭᠤᠳ ᠠ᠋᠂ᠪᠦᠭᠦᠳᠡᠭᠡᠷ ᠢ᠋ᠶ᠋ᠡᠨ ᠡᠷᠲᠡᠬᠡᠨ ᠬᠥᠳᠡᠯᠵᠡᠭᠡᠶᠡ
ᠮᠠᠵᠠᠢ᠂ ᠨᠠᠢᠵᠠ ᠨᠢ ᠠᠭᠠᠷᠴᠠ ᠪᠤᠴᠠᠯᠭᠠᠵᠤ ᠥᠭᠭᠦᠶ᠎ᠡ
ᠡᠩ᠂ ᠵᠠ
ᠮᠠᠵᠠᠢ᠂ ᠨᠠᠢᠵᠠ ᠨᠢ ᠠᠭᠠᠷᠴᠠ ᠪᠤᠴᠠᠯᠭᠠᠴᠢᠬᠠᠯᠠ᠂ ᠤᠤᠭᠤᠭᠠᠷᠠᠢ!
ᠫᠥᠬᠥ! ᠶᠠᠮᠠᠷ ᠰᠠᠢᠬᠠᠨ ᠠᠮᠲᠠᠲᠠᠢ ᠠᠭᠠᠷᠴᠠ ᠪᠣᠢ! ᠪᠠᠶᠠᠷᠯᠠᠯ᠎ᠠ! ᠪᠦᠰᠦᠢ
ᠪᠦᠷ ᠬᠠᠮᠤᠭ ᠪᠠᠶᠠᠨ ᠤ᠋ ᠬᠥᠯᠥᠰᠥ ᠭᠠᠷᠴᠢᠬᠠᠯ᠎ᠠ!
ᠰᠣᠨᠢᠨ ᠶᠤᠮ ᠳᠠ᠂ ᠶᠠᠭᠠᠬᠢᠬᠤ ᠶ᠋ᠢᠨ ᠠᠷᠭ᠎ᠠ ᠦᠭᠡᠢ ᠡᠢᠰᠢ ᠪᠠᠨ ᠯᠠ ᠵᠢᠭᠠᠭᠠᠳ ᠪᠠᠢᠨ᠎ᠠ ᠳᠠ
ᠠᠯᠢᠪ! ᠪᠢ ᠦᠵᠡᠶ᠎ᠡ ᠳᠡ ᠪᠥᠨᠢ!
ᠶᠠᠭᠠᠬᠢᠨ᠎ᠠ! ᠮᠢᠨᠦ ᠯᠤᠤᠵᠢᠩ!
ᠰᠠᠶᠢ ᠶᠠᠭᠤ ᠪᠣᠯᠤᠭᠰᠠᠨ ᠪᠣᠢ?
ᠰᠠᠶᠢ ᠮᠠᠨᠠᠨ ᠠᠷᠢᠯᠭᠠᠭᠴᠢ ᠨᠢ ᠠᠵᠢᠯᠯᠠᠴᠢᠬᠠᠯᠠ!
ᠤᠯᠠᠭᠠᠨ ᠲᠣᠪᠴᠢ ᠶ᠋ᠢ ᠳᠠᠷᠤᠭᠰᠠᠨ ᠢ᠋ᠶ᠋ᠠᠷ ᠡᠷᠭᠢᠨ ᠲᠣᠭᠣᠷᠢᠨ ᠤ᠋ ᠮᠠᠨᠠᠨ ᠶᠠᠭᠤ ᠴᠤ᠌ ᠦᠭᠡᠢ ᠠᠯᠠᠭ᠎ᠠ ᠪᠣᠯᠳᠠᠭ ᠪᠠᠢᠬᠤ ᠦᠭᠡᠢ ᠤᠤ
ᠨᠠᠢᠵᠠ ᠨᠤᠭᠤᠳ ᠠ᠋!ᠲᠡᠭᠦᠨ ᠢ᠋ ᠬᠠᠷ᠎ᠠ ᠳᠠ!
ᠴᠠᠴᠠᠷᠭᠠᠨ᠎ᠠ ᠶ᠋ᠢᠨ ᠲᠠᠯᠠᠪᠠᠢ ᠪᠠᠨ ᠣᠯᠴᠢᠬᠠᠯ᠎ᠠ!
ᠭᠡᠬᠦ ᠳ᠋ᠡᠭᠡᠨ ᠶᠠᠭᠠᠬᠢᠵᠤ ᠲᠠᠢᠰᠢ ᠪᠠᠨ ᠭᠠᠷᠬᠤ ᠤᠤ?
ᠬᠥᠶᠢ! ᠨᠠᠢᠵᠠ ᠨᠤᠭᠤᠳ ᠠ᠋! ᠲᠡᠨᠳᠡ ᠭᠦᠦᠷ ᠪᠠᠢᠨ᠎ᠠ!
ᠫᠥᠬᠥ!
ᠪᠦᠨᠢ᠂ ᠭᠡᠬᠦ ᠳ᠋ᠡᠭᠡᠨ ᠴᠢᠨᠦ ᠯᠣᠣᠵᠠᠩ ᠳᠣᠭᠣᠭᠰᠢ ᠪᠠᠨ ᠤᠨᠠᠴᠢᠬᠠᠯ᠎ᠠ
ᠵᠠ ᠶᠠᠭᠠᠬᠢᠬᠤᠪ ᠂ ᠨᠠᠢᠵᠠ ᠨᠢ ᠳᠠᠬᠢᠭᠠᠳ ᠰᠢᠨ᠎ᠡ ᠶ᠋ᠢ ᠬᠢᠴᠢᠬᠡᠨ᠎ᠡ
ᠬᠠᠮᠤᠭ ᠤ᠋ᠨ ᠭᠣᠣᠯ ᠨᠢ ᠪᠢᠳᠡ ᠯᠤᠤᠵᠢᠩ ᠤ᠋ᠨ ᠢ᠋ᠶ᠋ᠠᠨ ᠠᠴᠢ ᠪᠠᠷ ᠴᠠᠴᠠᠷᠭᠠᠨ᠎ᠠ ᠶ᠋ᠢᠨ ᠢ᠋ᠶ᠋ᠡᠨ ᠲᠠᠯᠠᠪᠠᠢ ᠶ᠋ᠢ ᠣᠯᠴᠢᠬᠠᠯ᠎ᠠ!
ᠬᠥᠶᠢ! ᠪᠣᠯᠭᠣᠮᠵᠢᠲᠠᠢ ᠶᠠᠪᠤᠭᠠᠷᠠᠢ! ᠨᠠᠢᠵᠠ ᠨᠤᠭᠤᠳ ᠠ᠋!
ᠶᠠᠮᠠᠷ ᠭᠣᠶᠣ ᠶᠤᠮ ᠪᠣᠢ!
ᠵᠠ! ᠨᠠᠢᠵᠠ ᠨᠤᠭᠤᠳ ᠠ᠋! ᠬᠤᠷᠳᠤᠨ ᠲᠡᠭᠦᠴᠢᠬᠡᠶᠡ!
ᠶᠣ ᠶᠣ᠂ ᠡᠨᠡ ᠴᠢᠨᠢ ᠥᠷᠭᠡᠰᠦᠲᠡᠢ ᠶᠦᠮ ᠪᠠᠢᠨ᠎ᠠ ᠰᠢᠳᠡ!
ᠨᠠᠢᠵᠠ ᠶ᠋ᠢᠨ ᠢ᠋ᠶ᠋ᠡᠨ ᠬᠠᠨᠢᠶᠠᠳᠤ ᠶ᠋ᠢ ᠡᠳᠡᠭᠡᠵᠦ ᠪᠠᠢᠪᠠᠯ ᠥᠷᠥᠭᠡᠰᠦᠨ ᠳ᠋ᠦ᠍ ᠬᠠᠳᠬᠤᠬᠤ ᠶᠠᠭᠠᠬᠢᠬᠤ ᠪᠣᠢ!
ᠪᠦᠨᠢ ᠂ ᠴᠢ ᠴᠦ᠍ ᠭᠡᠰᠡᠨ ᠥᠪᠡᠷ ᠢ᠋ᠶ᠋ᠡᠨ ᠪᠣᠯᠭᠣᠮᠵᠢᠲᠠᠢ ᠲᠡᠭᠦ!
ᠫᠥᠬᠥ! ᠮᠢᠨᠦ ᠰᠠᠭᠰᠤ ᠪᠠᠷᠤᠭ ᠳᠦᠭᠦᠷᠴᠢᠬᠡᠯᠡ
ᠨᠠᠢᠵᠠ ᠨᠤᠭᠤᠳ ᠠ᠋! ᠬᠠᠷ᠎ᠠ ᠳᠠ᠂ ᠪᠢ ᠵᠥᠩᠳᠡᠭᠡᠨ ᠶᠡᠬᠡ ᠲᠡᠭᠦᠭᠰᠡᠨ
ᠲᠡᠭᠦᠭᠰᠡᠨ ᠴᠠᠴᠠᠷᠭᠠᠨ᠎ᠠ ᠪᠠᠨ ᠨᠠᠢᠵᠠ ᠳ᠋ᠤ᠌ ᠪᠠᠨ ᠪᠤᠴᠠᠯᠭᠠᠵᠤ ᠥᠭᠭᠦᠨ᠎ᠡ
ᠴᠠᠭ ᠪᠦᠷ ᠣᠷᠣᠢ ᠪᠣᠯᠴᠢᠬᠠᠯ᠎ᠠ᠂ ᠲᠡᠳᠡ ᠨᠠᠷ ᠶᠠᠭᠠᠬᠢᠴᠢᠬᠠᠪᠠ? ᠠᠷᠠᠢ ᠴᠠᠰᠤᠨ ᠰᠢᠭᠤᠷᠭᠠᠨ ᠳ᠋ᠤ᠌ ᠲᠥᠭᠡᠷᠢᠴᠢᠬᠡᠭᠰᠡᠨ ᠪᠢᠰᠢ ᠪᠠᠢᠭ᠎ᠠ
ᠪᠦᠰᠦᠢ ᠂ ᠡᠭᠦᠳᠡ ᠪᠡᠨ ᠨᠡᠬᠡᠭᠡᠷᠡᠢ!
ᠦ᠂ ᠭᠢᠯᠠᠢᠯ᠎ᠠ᠂ ᠲᠡᠳᠡ ᠢᠷᠡᠴᠢᠬᠡᠯ᠎ᠡ!
ᠮᠠᠵᠠᠢ᠂ ᠪᠢᠳᠡ ᠨᠠᠷ ᠬᠦᠷᠦᠭᠡᠳ ᠢᠷᠡᠯ᠎ᠡ!
ᠮᠠᠵᠠᠢ᠂ ᠪᠡᠶ᠎ᠡ ᠴᠢᠨᠢ ᠶᠠᠭᠠᠬᠢᠵᠤ ᠪᠠᠢᠨ᠎ᠠ ᠳᠠ?
ᠪᠢᠳᠡ ᠵᠥᠩᠳᠡᠭᠡᠨ ᠶᠡᠬᠡ ᠴᠠᠴᠠᠷᠭᠠᠨ᠎ᠠ ᠲᠡᠭᠦᠭᠡᠳ ᠢᠷᠡᠭᠰᠡᠨ
ᠫᠥᠬᠥ! ᠡᠨᠡ ᠴᠠᠴᠠᠷᠭᠠᠨ᠎ᠠ ᠢᠰᠬᠦᠯᠡᠩ ᠪᠠᠰᠠ ᠶᠣᠰᠣᠲᠠᠢ ᠭᠣᠶᠣ ᠦᠨᠦᠷ ᠠᠮᠲᠠ ᠲᠠᠢ ᠶᠤᠮ!
ᠮᠢᠨᠦ ᠬᠠᠨᠢᠶᠠᠳᠤ ᠴᠤ᠌ ᠡᠳᠡᠭᠡᠴᠢᠬᠡᠭᠰᠡᠨ!
ᠠᠷᠭ᠎ᠠ ᠦᠭᠡᠢ ᠯᠡ ᠵᠢᠮᠢᠰ ᠵᠢᠮᠢᠰᠬᠡᠨ᠎ᠡ ᠶ᠋ᠢᠨ ᠳᠤᠮᠳᠠ ᠪᠠᠨ ᠬᠠᠭᠠᠨ ᠵᠢᠮᠢᠰ ᠭᠡᠳᠡᠭ ᠨᠢ ᠦᠨᠡᠨ ᠶᠦᠮ ᠳᠡ!
ᠳᠠᠭᠤᠤ
ᠵᠢᠰᠦ ᠴᠢᠷᠠᠢ ᠥᠭᠡᠷ᠎ᠡ ᠴᠦ᠍ ᠭᠡᠰᠡᠨ
ᠵᠣᠷᠢᠯᠭ᠎ᠠ ᠬᠦᠰᠡᠯ ᠨᠢᠭᠡᠲᠡᠢ ᠳᠡ
ᠨᠢᠭᠡ ᠨᠢᠭᠡᠨ ᠳ᠋ᠡᠭᠡᠨ ᠬᠠᠮᠲᠤ ᠲᠤᠰᠠᠯᠠᠭᠠᠳ
ᠨᠡᠭᠡᠷᠡᠨ ᠰᠠᠢᠬᠠᠨ ᠨᠥᠬᠥᠷᠯᠡᠳᠡᠭ ᠰᠢᠦ
ᠨᠠᠢᠵᠠᠯᠠᠶ᠎ᠠ ᠨᠠᠢᠵᠠᠯᠠᠶ᠎ᠠ
ᠴᠣᠭ ᠲᠠᠭᠠᠨ ᠨᠠᠢᠵᠠᠯᠠᠶ᠎ᠠ
ᠮᠥᠨ ᠴᠦ᠍ ᠭᠣᠶᠣ
ᠳᠣᠲᠣᠨᠣ ᠨᠠᠢᠵᠠ ᠨᠤᠭᠤᠳ ᠪᠤᠯᠵᠠᠭᠠᠶ᠎ᠠ
ᠲᠣᠭᠯᠠᠶ᠎ᠠ ᠲᠣᠭᠯᠠᠶ᠎ᠠ
ᠲᠠᠩᠳᠠ ᠪᠠᠨ ᠡᠪᠲᠡᠢ ᠲᠣᠭᠯᠠᠵᠠᠭᠠᠶᠠ ᠳᠠ
ᠦᠰᠦᠭ ᠬᠠᠳᠠᠭᠴᠢ ᠄ ᠪᠣᠷᠵᠢᠭᠢᠨ ᠠᠵᠠᠵᠠᠶᠠᠭ᠎ᠠ
ᠦᠰᠦᠭ ᠠᠮᠢᠯᠠᠭᠤᠯᠤᠭᠴᠢ ᠄ ᠰ᠂ ᠳᠣᠷᠣᠨ᠎ᠠ
ᠦᠰᠦᠭ ᠬᠢᠨᠠᠭᠴᠢ ᠄ ᠣᠳᠬᠠᠨᠰᠸ᠎ᠠ᠂ ᠰᠡᠷᠭᠦᠯᠡᠩ
