ᠡᠪᠲᠡᠢ ᠨᠠᠢᠵᠠ ᠨᠤᠭᠤᠳ᠎ Эвтэй Найзууд ᠬᠡᠤᠬᠡᠯᠳᠡᠢ ᠺᠢᠨᠣ᠋

  1. ᠲᠡᠷᠢᠭᠦᠨ ᠨᠢᠭᠤᠷ >
  2. ᠨᠡᠪᠲᠡᠷᠡᠭᠦᠯᠭᠡ >
  3. ᠡᠪᠲᠡᠢ ᠨᠠᠢᠵᠠ ᠨᠤᠭᠤᠳ᠎ Эвтэй Найзууд

ᠡᠪᠲᠡᠢ ᠨᠠᠢᠵᠠ ᠨᠤᠭᠤᠳ᠎ Эвтэй Найзууд

2023-08-01

383

ᠡᠪᠲᠡᠢ ᠨᠠᠢᠵᠠ ᠨᠤᠭᠤᠳ᠎

ᠲᠠᠨᠢᠯᠴᠠᠭᠤᠯᠭ᠎ᠠ᠄
ᠢᠷᠪᠠᠰ ᠤ᠋ᠨ ᠵᠤᠯᠵᠠᠭ᠎ᠠ— ᠦᠶᠦᠩ᠂ ᠠᠷᠪᠢᠰ
ᠪᠥᠬᠥᠩ ᠦ᠋ᠨ ᠵᠤᠯᠵᠠᠭ᠎ᠠ— ᠢᠨᠵᠠᠭ᠎ᠠ᠂ ᠪᠦᠬᠦᠦ
ᠠᠵᠠᠯᠢ ᠶ᠋ᠢᠨ ᠵᠤᠯᠵᠠᠭ᠎ᠠ— ᠠᠽᠨᠽᠭ᠂ ᠮᠠᠵᠠᠢ
ᠠᠷᠭᠠᠯᠢ ᠶ᠋ᠢᠨ ᠵᠤᠯᠵᠠᠭ᠎ᠠ— ᠪᠣᠭᠣᠯᠢ᠂ ᠬᠨᠽᠬᠨ
ᠪᠦᠶᠦᠩᠭᠡ ᠶ᠋ᠢᠨ ᠵᠤᠯᠵᠠᠭ᠎ᠠ— ᠪᠦᠰᠦᠷᠭᠡ᠂ ᠪᠦᠰᠦᠢ
ᠡᠪᠲᠡᠢ ᠨᠠᠢᠵᠠ ᠨᠤᠭᠤᠳ
ᠮᠠᠵᠠᠢ᠄ ᠭᠠᠢᠬᠠᠯᠲᠠᠢ ᠶᠣᠰᠣᠲᠠᠢ ᠨᠢᠭᠡ᠂ ᠬᠡ ᠬᠡ ᠵᠠ ᠳᠠᠭᠤᠰᠤᠭ᠎ᠠ
ᠪᠦᠬᠦᠦ᠄ ᠮᠤᠨᠳᠠᠭ ᠪᠠᠢᠯ᠎ᠠ ᠰᠢᠦ ᠮᠠᠵᠠᠢ
ᠠᠷᠪᠢᠰ᠄ ᠬᠥᠶᠢ ᠮᠠᠵᠠᠢ ᠠᠶᠤᠭ᠎ᠠ ᠦᠭᠡᠢ ᠪᠣᠯ ᠳᠠᠬᠢᠭᠠᠳ ᠨᠢᠭᠡ ᠲᠣᠭᠯᠠᠶ᠎ᠠ ᠯᠠ ᠳᠠ
ᠡᠨᠡ ᠤᠳᠠᠭ᠎ᠠ ᠪᠢ ᠵᠠᠪᠠᠯ ᠬᠣᠵᠢᠨ᠎ᠠ᠃
ᠮᠠᠵᠠᠢ᠄ ᠬᠠ ᠬᠠ᠂ ᠴᠢ ᠴᠢᠨᠢ ᠶᠠᠭᠠᠬᠢᠭᠠᠳ ᠬᠠᠯᠰᠢᠷᠳᠠᠭ ᠦᠭᠡᠢ ᠪᠣᠢ? ᠥᠨᠥᠳᠥᠷ ᠴᠢᠮ᠎ᠠ ᠶ᠋ᠢ ᠬᠠᠩᠭᠠᠯᠲᠠ ᠲᠠᠢ ᠬᠣᠵᠢᠯ ᠃ᠠ
ᠪᠦᠬᠦᠦ᠄ ᠬᠡ ᠬᠡ ᠬᠡ
ᠮᠠᠵᠠᠢ᠄ ᠬᠣᠶᠠᠭᠤᠯᠠ ᠪᠠᠨ
ᠤᠰᠤ ᠤᠤᠭᠤᠵᠤ ᠵᠢᠭᠠᠬᠠᠨ ᠠᠮᠠᠷᠠᠶ᠎ᠠ᠂
ᠨᠠᠢᠵᠠ ᠳ᠋ᠠᠭᠠᠨ ᠤᠰᠤᠨ ᠠ᠋ᠴᠠ ᠪᠠᠨ
ᠪᠦᠬᠦᠦ᠄ ᠦᠭᠡᠢ᠁ ᠮᠠᠵᠠᠢ ᠪᠢ᠁ ᠨᠥᠭᠦᠭᠡ ᠡᠨᠡ
ᠵᠢᠭᠠᠬᠠᠨ ᠯᠠ ᠤᠰᠤ ᠦᠯᠡᠳᠡᠭᠰᠡᠨ ᠪᠠᠢᠨ᠎ᠠ
ᠵᠠ ᠵᠠ ᠶᠡᠷᠦ ᠨᠢ ᠲᠠ ᠬᠣᠶᠠᠭᠤᠯᠠ ᠲᠣᠭᠯᠠᠵᠤ ᠪᠠᠢ᠂ᠵᠠ ᠤᠤ?
ᠪᠢ ᠳᠡᠯᠭᠡᠭᠦᠷ ᠡᠴᠡ ᠤᠤᠭᠤᠬᠤ ᠶᠠᠭᠤᠮ᠎ᠠ ᠠᠪᠤᠭᠠᠳ ᠢᠷᠡᠶ᠎ᠡ᠃
ᠠᠷᠪᠢᠰ᠄ ᠬᠥᠶᠢ ᠮᠠᠵᠠᠢ ᠤᠮᠳᠠᠭ᠎ᠠ ᠪᠠᠢᠬᠤ ᠦᠭᠡᠢ ᠶᠦᠮ ᠤᠤ?
ᠲᠡᠭᠡᠪᠡᠯ ᠪᠢ ᠤᠤᠭᠤᠬᠤ ᠦᠭᠡᠢ
ᠤᠰᠤ ᠤᠤᠭᠤᠬᠤ ᠳᠤᠷ᠎ᠠ ᠦᠭᠡᠢ
ᠶᠠᠭᠤᠨ ᠤᠰᠤ ᠤᠤᠭᠤᠬᠤ ᠪᠣᠢ
ᠠᠯᠢ ᠪᠣᠢ ᠬᠤᠷᠳᠤᠨ ᠲᠣᠭᠯᠠᠶ᠎ᠠ᠂
ᠬᠥᠶᠢ ᠪᠦᠬᠦᠦ ᠠ᠋
ᠨᠠᠢᠵᠠ ᠳ᠋ᠠᠭᠠᠨ ᠭᠣᠶᠣ ᠤᠮᠳᠠᠭᠠᠨ ᠠᠪᠤᠭᠠᠳ ᠢᠷᠡᠭᠡᠷᠡᠢ᠃ ᠵᠠ ᠤᠤ?
ᠵᠠ ᠵᠠ ᠣᠢᠯᠠᠭᠠᠯ᠎ᠠ ᠣᠢᠯᠠᠭᠠᠯ᠎ᠠ᠃
ᠵᠠ ᠪᠠᠢᠵᠠ ᠤᠰᠤ ᠠᠪᠬᠤ ᠤᠤ?
ᠤᠮᠳᠠᠭ᠎ᠠ ᠠᠪᠬᠤ ᠤᠤ?
ᠮᠠᠵᠠᠢ᠄ ᠪᠢ ᠴᠢᠮ᠎ᠠ ᠳ᠋ᠤ᠌ ᠬᠡᠯᠡᠭᠰᠡᠨ ᠰᠢᠲᠠ
ᠴᠢ ᠨᠠᠮ᠎ᠠ ᠶ᠋ᠢ ᠬᠣᠵᠢᠵᠤ ᠴᠢᠳᠠᠬᠤ ᠦᠭᠡᠢ ᠭᠡᠵᠦ ᠪᠢᠲᠡᠭᠡᠢ ᠬᠤᠳᠠᠯ ᠢ᠋ᠶ᠋ᠠᠷ ᠵᠦᠴᠦᠭᠡᠯᠡᠭᠡᠳ ᠪᠠᠢ ᠯᠠ ᠳᠠ
ᠲᠧᠯᠸᠢᠰ ᠳᠡᠭᠡᠷ᠎ᠡ᠄
ᠬᠡᠦᠬᠡᠳ ᠪᠢᠳᠡ ᠡᠵᠢ ᠶ᠋ᠢᠨ ᠢ᠋ᠶ᠋ᠡᠨ ᠭᠡᠳᠡᠰᠦᠨ ᠳ᠋ᠦ᠍ ᠪᠠᠢᠬᠤ ᠳ᠋ᠤ᠌ ᠪᠡᠶ᠎ᠡ ᠶ᠋ᠢᠨ ᠵᠢᠩ ᠦ᠋ᠨ ᠮᠢᠨᠢ ᠪᠦᠬᠦ ᠬᠡᠰᠡᠭ ᠢ᠋ ᠤᠰᠤ ᠡᠵᠡᠯᠡᠳᠡᠭ ᠪᠣᠯ ᠥᠰᠴᠦ ᠲᠣᠮᠣ ᠪᠣᠯᠵᠤ ᠬᠥᠭᠰᠢᠷᠡᠬᠦ ᠲᠣᠰᠤᠮ ᠪᠠᠶᠠᠨ ᠳ᠋ᠤ᠌ ᠬᠢ ᠤᠰᠤᠨ ᠤ᠋ ᠬᠡᠮᠵᠢᠶ᠎ᠡ ᠪᠠᠭᠠᠰᠴᠤ ᠪᠠᠢᠳᠠᠭ᠃
ᠬᠥᠮᠦᠨ ᠤᠰᠤ ᠤᠤᠭᠤᠬᠤ ᠦᠭᠡᠢ ᠪᠡᠷ ᠬᠠᠮᠤᠭ ᠶᠡᠬᠡ ᠳ᠋ᠦ᠍ ᠪᠡᠨ ᠭᠤᠷᠪᠠᠨ ᠯᠠ ᠡᠳᠦᠷ ᠠᠮᠢᠳᠤ ᠪᠠᠢᠬᠤ ᠪᠣᠯᠣᠮᠵᠢᠲᠠᠢ᠃
ᠶᠠᠭ ᠤᠤᠭᠤᠭᠰᠠᠨ ᠤᠰᠤ ᠪᠡᠶ᠎ᠡ ᠳ᠋ᠦ᠍ ᠣᠷᠣᠭᠠᠳ ᠬᠥᠯᠥᠰᠥ᠂ ᠨᠢᠯᠪᠤᠰᠤ᠂ ᠨᠢᠰᠦ᠂ ᠰᠢᠭᠡᠰᠦ᠂ ᠥᠳᠬᠡᠨ ᠪᠣᠯᠤᠨ ᠢᠯᠭᠠᠷᠠᠵᠤ ᠪᠠᠢᠳᠠᠭ ᠤᠴᠢᠷ ᠠ᠋ᠴᠠ ᠡᠳᠦᠷ ᠪᠦᠷᠢ ᠤᠰᠤ ᠤᠤᠭᠤᠵᠤ ᠪᠠᠢᠬᠤ ᠬᠡᠷᠡᠭᠲᠡᠢ᠃
ᠬᠥᠮᠦᠨ ᠦ᠌ ᠪᠡᠶ᠎ᠡ ᠶ᠋ᠢᠨ ᠵᠢᠩ ᠡᠴᠡ ᠬᠠᠮᠢᠶᠠᠷᠤᠨ ᠤᠤᠭᠤᠬᠤ ᠤᠰᠤᠨ ᠤ᠋ ᠬᠡᠮᠵᠢᠶ᠎ᠡ ᠥᠭᠡᠷ᠎ᠡ ᠥᠭᠡᠷ᠎ᠡ ᠪᠠᠢᠳᠠᠭ᠃
ᠺᠣᠹᠧ᠂ ᠵᠦᠽᠢ ᠣᠷᠣᠬᠤ ᠦᠭᠡᠢ ᠵᠥᠪᠬᠡᠨ ᠤᠰᠤ ᠤᠤᠭᠤᠬᠤ ᠨᠢ ᠵᠥᠪ ᠶᠦᠮ᠃
ᠶᠠᠭᠠᠬᠢᠭᠠᠳ ᠭᠡᠪᠡᠯ ᠪᠢᠳᠡᠨ ᠦ᠌ ᠤᠤᠭᠤᠬᠤ ᠳᠤᠷᠠᠲᠠᠢ ᠤᠮᠳᠠᠭᠠᠨ᠂ ᠺᠣᠹᠧ ᠨᠢ ᠪᠡᠶ᠎ᠡ ᠳ᠋ᠦ᠍ ᠬᠣᠣᠷ ᠲᠠᠢ
ᠮᠠᠰᠢ ᠶᠡᠬᠡ ᠰᠠᠬᠠᠷ ᠣᠯᠠᠨ ᠲᠥᠷᠥᠯ ᠦ᠋ᠨ ᠥᠩᠭᠡ᠂ ᠦᠨᠦᠷ ᠠᠮᠲᠠ ᠲᠠᠢ ᠪᠣᠯᠭᠠᠳᠠᠭ
ᠬᠢᠮᠢ ᠶ᠋ᠢᠨ ᠪᠣᠳᠠᠰ ᠤ᠋ᠳ ᠬᠣᠯᠢᠭᠰᠠᠨ ᠪᠠᠢᠳᠠᠭ᠃ ᠤᠬᠠᠭᠠᠨ ᠲᠠᠢ ᠬᠦᠴᠦ ᠲᠡᠢ ᠬᠤᠷᠳᠤᠨ ᠲᠣᠮᠣ ᠪᠣᠯᠬᠤ ᠶ᠋ᠢᠨ ᠲᠤᠯᠠᠳᠠ᠂ ᠥᠷᠯᠥᠭᠡ ᠪᠣᠰᠤᠭᠠᠳ ᠴᠡᠪᠡᠷ ᠤᠰᠤ ᠶ᠋ᠢ ᠵᠠᠪᠠᠯ ᠤᠤᠭᠤᠵᠤ ᠬᠡᠪᠰᠢᠭᠡᠷᠡᠢ!
ᠤᠮᠳᠠᠭ᠎ᠠ ᠺᠣᠹᠧ ᠬᠡᠷᠬᠢᠪᠡᠴᠦ ᠤᠤᠭᠤᠵᠤ ᠪᠣᠯᠬᠤ ᠦᠭᠡᠢ᠂ ᠳᠡᠯᠡᠬᠡᠢ ᠶ᠋ᠢᠨ ᠪᠥᠮᠪᠥᠷᠴᠡᠭ ᠦ᠋ᠨ ᠳᠠᠯᠠᠨ ᠬᠤᠪᠢ ᠶ᠋ᠢ ᠤᠰᠤ ᠡᠵᠡᠯᠡᠳᠡᠭ᠃
ᠪᠢᠳᠡ ᠮᠠᠰᠢ ᠶᠡᠬᠡ ᠤᠰᠤᠨ ᠳᠤᠮᠳᠠ ᠠᠮᠢᠳᠤᠷᠠᠳᠠᠭ ᠭᠡᠬᠦ ᠳ᠋ᠦ᠍ ᠥᠴᠦᠬᠡᠨ ᠪᠠᠭ᠎ᠠ ᠬᠡᠰᠡᠭ ᠨᠢ ᠤᠤᠭᠤᠵᠤ ᠪᠣᠯᠳᠠᠭ ᠴᠡᠪᠡᠷ ᠤᠰᠤ ᠪᠥᠭᠡᠳ ᠶᠡᠬᠡᠩᠬᠢ ᠨᠢ ᠳᠠᠯᠠᠢ ᠲᠠᠩᠭᠢᠰ ᠤ᠋ᠨ ᠮᠠᠰᠢ ᠱᠣᠷᠪᠣᠭ ᠤᠤᠭᠤᠬᠤ ᠪᠣᠯᠤᠮᠵᠢ ᠦᠭᠡᠢ ᠤᠰᠤ ᠪᠠᠢᠳᠠᠭ᠃
ᠡᠢᠮᠦ ᠳ᠋ᠦ᠍ ᠪᠢᠳᠡ ᠴᠡᠪᠡᠷ ᠤᠰᠤ ᠪᠠᠨ ᠬᠠᠢᠷᠠᠯᠠᠵᠤ ᠭᠠᠮᠨᠠᠬᠤ ᠬᠡᠷᠡᠭᠲᠡᠢ ᠰᠢᠦ
ᠪᠦᠬᠦᠦ᠄ ᠠ᠂ ᠶᠡᠷᠦ ᠨᠢ ᠤᠰᠤ ᠠᠪᠳᠠᠭ ᠬᠡᠷᠡᠭ ᠠ᠋
ᠮᠠᠵᠠᠢ᠄ ᠪᠦᠬᠦᠦ ᠤᠰᠤ ᠠᠪᠴᠢᠷᠠᠬᠤ ᠪᠠᠷ ᠶᠠᠪᠤᠭᠰᠠᠨ
ᠬᠣᠶᠠᠭᠤᠯᠠ ᠪᠠᠨ ᠪᠦᠬᠦᠦ ᠶ᠋ᠢᠨ ᠥᠭᠡᠳᠡ ᠡᠴᠡ ᠶᠠᠪᠤᠶ᠎ᠠ᠃
ᠠᠷᠪᠢᠰ᠄ ᠮᠠᠵᠠᠢ᠂ ᠨᠠᠢᠵᠠ ᠨᠢ ᠦᠨᠡᠬᠡᠷ ᠴᠠᠭᠠᠰᠢ ᠪᠠᠨ ᠶᠠᠪᠤᠵᠤ ᠴᠢᠳᠠᠬᠤ ᠦᠭᠡᠢ ᠨᠢ
ᠪᠢ ᠶᠠᠳᠠᠷᠠᠭᠠᠳ ᠪᠠᠢᠨ᠎ᠠ᠃
ᠪᠦᠬᠦᠦ᠄ ᠬᠥᠶᠢ᠂ ᠨᠠᠢᠵᠠ ᠨᠤᠭᠤᠳ ᠠ᠋! ᠪᠢ ᠤᠰᠤ ᠠᠪᠴᠢᠷᠠᠯ᠎ᠠ
ᠠᠷᠪᠢᠰ᠄ ᠨᠠᠢᠵᠠ ᠠ᠋ ᠥᠨᠥᠳᠥᠷ ᠪᠢ ᠴᠢᠮ᠎ᠠ ᠳ᠋ᠤ᠌ ᠦᠨᠡᠬᠡᠷ ᠬᠣᠵᠢᠭᠳᠠᠯ᠎ᠠ ᠃
ᠳᠠᠷᠠᠭ᠎ᠠ ᠬᠣᠶᠠᠭᠤᠯᠠ ᠪᠠᠨ ᠳᠠᠬᠢᠭᠠᠳ ᠭᠣᠶᠣ ᠲᠣᠭᠯᠠᠨ᠎ᠠ
ᠭᠦᠶᠦᠵᠦ ᠬᠠᠷᠠᠢᠵᠤ ᠲᠣᠭᠯᠠᠬᠤ ᠳ᠋ᠤ᠌ ᠤᠰᠤ ᠤᠤᠭᠤᠬᠤ ᠨᠢ ᠦᠨᠡᠬᠡᠷ ᠴᠢᠬᠤᠯᠠ ᠶᠤᠮ ᠪᠠᠢᠨ᠎ᠠ ᠰᠢᠦ ᠨᠠᠢᠵᠠ ᠨᠤᠭᠤᠳ ᠠ᠋!
ᠵᠢᠰᠦ ᠴᠢᠷᠠᠢ ᠥᠭᠡᠷ᠎ᠡ ᠴᠤ᠌ ᠭᠡᠰᠡᠨ
ᠵᠣᠷᠢᠯᠭ᠎ᠠ ᠬᠦᠰᠡᠯ ᠨᠢᠭᠡᠲᠡᠢ ᠳᠡ
ᠨᠢᠭᠡᠨ ᠨᠢᠭᠡᠨ ᠳᠤ ᠪᠡᠨ ᠬᠠᠮᠲᠤ ᠲᠤᠰᠠᠯᠠᠭᠠᠳ
ᠨᠡᠭᠡᠷᠡᠨ ᠰᠠᠢᠬᠠᠨ ᠨᠥᠬᠥᠷᠯᠡᠳᠡᠭ ᠰᠢᠦ
ᠨᠠᠢᠵᠠᠯᠠᠶ᠎ᠠ ᠨᠠᠢᠵᠠᠯᠠᠶ᠎ᠠ
ᠴᠣᠭ ᠲᠤ᠌ ᠪᠠᠨ ᠨᠠᠢᠵᠠᠯᠠᠶ᠎ᠠ
ᠲᠤᠩ ᠴᠤ᠌ ᠭᠣᠶᠣ᠂ ᠳᠣᠲᠣᠨᠣ ᠶ᠋ᠢᠨ ᠨᠠᠢᠵᠠ ᠨᠤᠭᠤᠳ ᠪᠤᠯᠵᠠᠭᠠᠶ᠎ᠠ ᠳᠠ
ᠲᠣᠭᠯᠠᠶ᠎ᠠ ᠲᠣᠭᠯᠠᠶ᠎ᠠ
ᠲᠠᠩᠳᠠ ᠠᠶ᠎ᠠ ᠲᠠᠢ ᠲᠣᠭᠯᠠᠵᠠᠭᠠᠶ᠎ᠠ ᠳᠠ!

   ᠬᠢᠨᠠᠭᠴᠢ ᠪᠠᠭᠰᠢ᠄ ᠢᠷᠡᠭᠡᠳᠦᠢ᠂ ᠰ ᠳᠣᠷᠣᠨ᠎ᠠ
   ᠦᠰᠦᠭ ᠠᠮᠢᠯᠠᠭᠤᠯᠤᠭᠴᠢ᠄ ᠴᠠᠢᠯᠭᠠᠨ
   ᠦᠰᠦᠭ ᠬᠠᠲᠠᠭᠴᠢ᠄ ᠪᠣᠷᠵᠢᠭᠢᠨ ᠠᠵᠠᠵᠠᠶᠠᠭ᠎ᠠ