ᠳᠡᠰ ᠬᠥᠨᠳᠡᠢ ᠨᠤᠲᠤᠭ-ᠣᠷᠳᠣᠰ ᠠᠷᠠᠳ ᠤᠨ ᠳᠠᠭᠤᠤ16Тэс хөндий нутаг
ᠳᠡᠰ ᠬᠥᠨᠳᠡᠢ ᠨᠤᠲᠤᠭ
ᠣᠷᠳᠣᠰ ᠠᠷᠠᠳ ᠤᠨ ᠳᠠᠭᠤᠤ
ᠳᠡᠰ ᠬᠥᠨᠳᠡᠢ ᠨᠤᠲᠤᠭ ᠲᠠᠢ ᠪᠠᠢᠨ᠎ᠠ ᠰᠢᠦ
ᠳᠡᠰ ᠯᠠ ᠪᠦᠷᠭᠦᠳ ᠬᠣᠶᠠᠷ ᠯᠠ ᠪᠠᠢᠨ᠎ᠠ ᠰᠢᠦ
ᠡᠷᠭᠢᠨ ᠳ᠋ᠦ᠍ ᠪᠡᠨ ᠥᠨᠳᠡᠭᠡᠯᠡᠭᠰᠡᠨ ᠡᠯᠢᠶᠡᠨ ᠦ᠌ ᠳᠡᠭᠳᠡᠭᠡᠬᠡᠢ
ᠡᠷᠭᠢᠨ ᠬᠣᠢᠮᠤᠷᠠᠵᠤ ᠠᠢᠰᠤᠢ ᠶᠠᠨ ᠪᠠᠢᠨ᠎ᠠ
ᠡᠵᠢ ᠪᠡᠨ ᠰᠠᠨᠠᠭᠰᠠᠨ ᠬᠥᠮᠦᠨ ᠦ᠌ ᠦᠷ᠎ᠡ
ᠰᠤᠯᠠᠬᠠᠨ ᠬᠠᠲᠠᠷᠢᠵᠤ ᠠᠢᠰᠤᠢ ᠶᠠᠨ ᠪᠠᠢᠨ᠎ᠠ
ᠬᠠᠳᠠᠨ ᠳ᠋ᠤ᠌ ᠪᠠᠨ ᠥᠨᠳᠡᠭᠡᠯᠡᠭᠰᠡᠨ ᠬᠠᠷᠴᠠᠭᠠᠢ ᠶ᠋ᠢᠨ ᠳᠡᠭᠳᠡᠭᠡᠬᠡᠢ
ᠬᠠᠯᠢᠨ ᠬᠣᠢᠮᠤᠷᠠᠵᠤ ᠠᠢᠰᠤᠢ ᠶᠠᠨ ᠪᠠᠢᠨ᠎ᠠ
ᠠᠪᠤ ᠶ᠋ᠢ ᠪᠡᠨ ᠰᠠᠨᠠᠭᠰᠠᠨ ᠬᠥᠮᠦᠨ ᠦ᠌ ᠦᠷ᠎ᠡ
ᠠᠯᠢ ᠴᠤ᠌ ᠲᠡᠨᠳᠡ ᠡᠴᠡ ᠠᠢᠰᠤᠢ ᠶᠠᠨ ᠪᠠᠢᠨ᠎ᠠ
ᠰᠢᠳᠦᠯᠡᠭᠡᠳᠦᠢ ᠮᠣᠷᠢ ᠲᠠᠢ ᠴᠤ᠌ ᠪᠠᠢᠨ᠎ᠠ
ᠰᠢᠷᠪᠥᠰᠥᠯᠡᠭᠡᠳᠦᠢ ᠨᠤᠮᠤ ᠲᠠᠢ ᠴᠤ᠌ ᠪᠠᠢᠨ᠎ᠠ
ᠬᠠᠵᠠᠭᠠᠷᠯᠠᠭᠠᠳᠤᠢ ᠮᠣᠷᠢ ᠲᠠᠢ ᠴᠤ᠌ ᠪᠠᠢᠨ᠎ᠠ
ᠬᠠᠪᠢᠰᠤᠯᠠᠭᠠᠳᠤᠢ ᠨᠤᠮᠤ ᠲᠠᠢ ᠴᠤ᠌ ᠪᠠᠢᠨ᠎ᠠ
ᠠᠷᠪᠠᠨ ᠨᠠᠢ᠍ᠮᠠᠨ ᠨᠠᠰᠤ ᠲᠠᠢ
ᠠᠷᠭᠢᠶ᠎ᠠ ᠪᠠᠭᠠᠲᠤᠷ ᠴᠣᠯᠠ ᠲᠠᠢ
ᠠᠶᠠᠨ ᠳ᠋ᠤ᠌ ᠪᠠᠨ ᠶᠠᠪᠤᠭᠰᠠᠨ ᠳᠡᠭᠦᠦ ᠶ᠋ᠢ ᠮᠢᠨᠢ
ᠠᠶᠤᠰᠢ ᠪᠤᠷᠬᠠᠨ ᠠᠪᠤᠷᠠᠬᠤ ᠪᠣᠯᠲᠤᠭᠠᠢ
ᠡᠮᠡᠭᠡᠯᠯᠡᠳᠦᠢ ᠡᠮᠨᠢᠭ ᠰᠢᠷᠭ᠎ᠠ
ᠢᠨᠠᠭᠰᠢᠭᠠᠳᠤᠢ ᠪᠠᠭ᠎ᠠ ᠨᠠᠰᠤ
