ᠶᠡᠬᠡ ᠨᠠᠴᠤᠭᠳᠣᠷᠵᠢ - ᠲᠧᠯᠧ ᠺᠢᠨᠣ᠋ (ᠳᠠᠰᠢᠳᠣᠷᠵᠢ ᠶ᠋ᠢᠨ ᠨᠠᠴᠤᠭᠳᠣᠷᠵᠢ)Их Нацагдорж - теле-кино (Дашдоржийн Нацагдорж)
ᠳᠠᠰᠢᠳᠣᠷᠵᠢ ᠶ᠋ᠢᠨ ᠨᠠᠴᠤᠭᠳᠣᠷᠵᠢ ᠶ᠋ᠢᠨ ᠨᠠᠮᠲᠠᠷ
ᠳ ∙ ᠨᠠᠴᠤᠭᠳᠣᠷᠵᠢ ᠨᠢ 1906 ᠣᠨ ᠤ᠋ 11 ᠰᠠᠷ᠎ᠠ ᠶ᠋ᠢᠨ 17 ᠳ᠋ᠤ᠌ ᠬᠠᠭᠤᠴᠢᠨ ᠲᠦᠰᠢᠶᠡᠲᠦ ᠬᠠᠨ ᠠᠢᠮᠠᠭ ᠤ᠋ᠨ ᠳᠠᠷᠬᠠᠨ ᠴᠢᠨ ᠸᠠᠩ ᠤ᠋ᠨ ᠬᠣᠰᠢᠭᠤ᠂ ᠥᠨᠥ ᠶ᠋ᠢᠨ ᠲᠥᠪ ᠠᠢᠮᠠᠭ ᠤ᠋ᠨ ᠪᠠᠶᠠᠨᠳᠡᠯᠭᠡᠷ ᠰᠤᠮᠤ ᠶ᠋ᠢᠨ ᠨᠤᠲᠤᠭ ᠭᠦᠨ ᠭᠠᠯᠠᠭᠤᠳᠠᠢ ᠭᠡᠳᠡᠭ ᠭᠠᠵᠠᠷ ᠶᠠᠳᠠᠭᠤ ᠲᠠᠢᠵᠢ ᠳᠠᠰᠢᠳᠣᠷᠵᠢ ᠶ᠋ᠢᠨ ᠭᠡᠷ ᠲᠦ᠍ ᠲᠥᠷᠥᠵᠡᠢ᠃ ᠲᠡᠭᠦᠨ ᠢ᠋ 1913 ᠣᠨ ᠳ᠋ᠤ᠌ ᠳᠣᠯᠣᠭᠠᠨ ᠨᠠᠰᠤᠲᠠᠢ ᠪᠠᠢᠬᠤ ᠳ᠋ᠤ᠌ ᠡᠬᠡ ᠴᠣᠮᠣᠢ ᠶ᠋ᠢᠨ ᠫᠠᠭᠮ᠎ᠠ ᠨᠢ ᠪᠡᠶ᠎ᠡ ᠪᠠᠷᠠᠭᠰᠠᠨ ᠲᠤᠯᠠ ᠲᠡᠷᠡ ᠪᠡᠷ ᠡᠴᠢᠭᠡ ᠳᠠᠰᠢᠳᠣᠷᠵᠢ ᠶ᠋ᠢᠨ ᠡᠪᠦᠷ ᠲᠦ᠍ ᠥᠰᠴᠦ᠂ ᠭᠡᠷ ᠢ᠋ᠶ᠋ᠡᠷ ᠢ᠋ᠶ᠋ᠡᠨ 1914 ᠣᠨ ᠳ᠋ᠤ᠌ ᠨᠡᠢᠰᠯᠡᠯ ᠬᠦᠷᠢᠶ᠎ᠡ ᠳ᠋ᠦ᠍ ᠰᠢᠯᠵᠢᠨ ᠰᠠᠭᠤᠷᠢᠰᠢᠭᠰᠠᠨ ᠪᠠᠢᠨ᠎ᠠ᠃ ᠳ ∙ ᠨᠠᠴᠤᠭᠳᠣᠷᠵᠢ ᠶ᠋ᠢᠨ ᠡᠪᠦᠭᠡ ᠡᠴᠢᠭᠡ ᠰᠡᠷᠡᠩᠳᠣᠷᠵᠢ (ᠳᠥᠲᠥᠭᠡᠷ ᠵᠡᠷᠭᠡ ᠲᠠᠢᠵᠢ) ᠨᠢᠭᠡ ᠦᠶ᠎ᠡ ᠬᠠᠷᠢᠶᠠᠲᠤ ᠬᠤᠰᠢᠭᠤᠨ ᠤ᠋ ᠵᠠᠬᠢᠷᠤᠭᠴᠢ ᠶᠠᠪᠤᠭᠠᠳ 1911 ᠣᠨ ᠳ᠋ᠤ᠌ ᠨᠠᠰᠤ ᠪᠠᠷᠠᠭᠰᠠᠨ ᠪᠠᠢᠨ᠎ᠠ᠃ ᠨᠠᠴᠤᠭᠳᠣᠷᠵᠢ ᠶ᠋ᠢᠨ ᠡᠴᠢᠭᠡ ᠰᠡᠷᠡᠩᠳᠣᠷᠵᠢ ᠶ᠋ᠢᠨ ᠳᠠᠰᠢᠳᠣᠷᠵᠢ 1926-1927 ᠣᠨ ᠳ᠋ᠤ᠌ ᠴᠠᠭᠳᠠᠨ ᠰᠡᠷᠭᠡᠢᠯᠡᠬᠦ ᠭᠠᠵᠠᠷ ᠤ᠋ᠨ ᠳᠠᠷᠤᠭ᠎ᠠ ᠬᠢᠵᠦ ᠪᠠᠢᠵᠠᠢ᠃
1915 ᠣᠨ ᠳ᠋ᠤ᠌ ᠡᠴᠢᠭᠡ ᠨᠢ ᠲᠡᠭᠦᠨ ᠢ᠋ ᠶᠢᠰᠦᠨ ᠨᠠᠰᠤ ᠬᠦᠷᠦᠮᠡᠭᠴᠡ ᠶᠡᠬᠡ ᠬᠦᠷᠢᠶᠡᠨ ᠦ᠌ ᠠᠯᠲᠠᠨᠭᠡᠷᠡᠯ ᠭᠡᠳᠡᠭ ᠬᠦᠨᠳᠦ ᠱᠠᠪᠢ ᠣᠷᠣᠭᠤᠯᠤᠨ ᠪᠢᠴᠢᠭ ᠵᠢᠭᠠᠯᠭᠠᠵᠠᠢ᠃ ᠡᠨᠡ ᠦᠶ᠎ᠡ ᠳ᠋ᠦ᠍ ᠳ ∙ ᠨᠠᠴᠤᠭᠳᠣᠷᠵᠢ ᠮᠣᠩᠭᠣᠯ ᠪᠢᠴᠢᠭ ᠢ᠋ ᠲᠣᠳᠣᠷᠬᠠᠢ ᠤᠩᠰᠢᠵᠤ᠂ ᠰᠠᠢᠨ ᠪᠢᠴᠢᠳᠡᠭ ᠪᠣᠯᠤᠭᠰᠠᠨ ᠪᠥᠭᠡᠳ ᠡᠷᠲᠡᠨ ᠦ᠌ ᠰᠤᠷᠭᠠᠯ ᠪᠢᠴᠢᠭ ᠪᠣᠯᠬᠤ «ᠵᠢᠷᠦᠬᠡᠨ ᠲᠣᠯᠢᠲᠤ»᠂ «ᠡᠯᠳᠡᠪ ᠲᠠᠢᠯᠪᠤᠷᠢ ᠲᠣᠯᠢ ᠪᠢᠴᠢᠭ»᠂ «ᠬᠠᠪ ᠮᠤᠤᠷ ᠬᠤᠯᠤᠭᠠᠨ᠎ᠠ ᠭᠤᠷᠪᠠ ᠶ᠋ᠢᠨ ᠦᠯᠢᠭᠡᠷ»᠂ «ᠬᠣᠶᠠᠷ ᠵᠠᠭᠠᠯ ᠤ᠋ᠨ ᠲᠣᠭᠣᠵᠢ»᠂ «ᠣᠶᠤᠨ ᠲᠦᠯᠬᠢᠭᠦᠷ» ᠵᠡᠷᠭᠡ ᠮᠣᠩᠭᠣᠯ ᠬᠡᠯᠡ᠂ᠤᠷᠠᠨ ᠵᠣᠬᠢᠶᠠᠯ ᠤ᠋ᠨ ᠲᠡᠦᠬᠡ ᠲᠡᠢ ᠬᠣᠯᠪᠣᠭᠳᠠᠬᠤ ᠨᠣᠮ ᠳᠡᠪᠲᠡᠷ ᠦ᠋ᠳ ᠢ᠋ ᠰᠤᠳᠤᠯᠵᠤ ᠶᠢᠷᠲᠢᠨᠴᠦ ᠶ᠋ᠢ ᠬᠠᠷᠠᠬᠤ᠂ ᠠᠮᠢᠳᠤᠷᠠᠯ ᠢ᠋ ᠲᠠᠨᠢᠨ ᠮᠡᠳᠡᠵᠦ ᠡᠬᠢᠯᠡᠭᠰᠡᠨ ᠪᠠᠢᠨ᠎ᠠ᠃
1918 ᠣᠨ ᠰᠡᠭᠦᠯᠴᠢ ᠪᠡᠷ ᠳ ∙ ᠨᠠᠴᠤᠭᠳᠣᠷᠵᠢ ᠴᠡᠷᠢᠭ ᠦ᠋ᠨ ᠶᠠᠮᠤᠨ ᠤ᠋ ᠪᠢᠴᠢᠭᠡᠴᠢ ᠶ᠋ᠢᠨ ᠠᠯᠪᠠᠨ ᠬᠠᠭᠠᠵᠠᠢ᠃
1921 ᠣᠨ ᠠ᠋ᠴᠠ ᠴᠡᠷᠢᠭ ᠦ᠋ᠨ ᠶᠠᠮᠤᠨ ᠳ᠋ᠤ᠌ ᠪᠢᠴᠢᠭᠡᠴᠢ᠂ ᠵᠠᠩᠵᠤᠨ ᠳ ∙ ᠰᠦᠬᠡᠪᠠᠭᠠᠲᠤᠷ ᠤ᠋ᠨ ᠭᠠᠷ ᠤ᠋ᠨ ᠲᠤᠰᠯᠠᠬᠤ ᠲᠦᠰᠢᠮᠡᠯ᠂ ᠴᠡᠷᠢᠭ ᠦ᠋ᠨ ᠵᠥᠪᠯᠡᠯ ᠦ᠋ᠨ ᠨᠠᠷᠢᠨ ᠪᠢᠴᠢᠭ ᠦ᠋ᠨ ᠳᠠᠷᠤᠭ᠎ᠠ᠃
ᠬᠢᠯᠢ ᠶ᠋ᠢᠨ ᠭᠠᠳᠠᠨ᠎ᠠ ᠰᠤᠷᠤᠯᠴᠠᠭᠰᠠᠨ ᠨᠢ
1923 ᠣᠨ ᠤ᠋ 7 ᠰᠠᠷ᠎ᠠ ᠶ᠋ᠢᠨ 24 ᠳ᠋ᠦ᠍ ᠲᠤᠰᠬᠠᠢ ᠺᠣᠮᠢᠰ ᠤ᠋ᠨ ᠪᠣᠯᠪᠠᠰᠤᠷᠠᠭᠤᠯᠤᠨ ᠨᠡᠢᠲᠡᠯᠡᠭᠰᠡᠨ 《ᠡᠳ᠋ ᠦ᠋ᠨ ᠵᠠᠰᠠᠭ ᠤ᠋ᠨ ᠦᠨᠳᠦᠰᠦᠨ ᠪᠣᠳᠣᠯᠭ᠎ᠠ》 ᠶ᠋ᠢᠨ 16 ᠳ᠋ᠤᠭᠠᠷ ᠵᠦᠢᠯ ᠳ᠋ᠦ᠍ ᠠᠵᠤ ᠦᠢᠯᠡᠳᠪᠦᠷᠢ᠂ ᠲᠧᠭᠨᠢᠭ᠂ ᠲᠧᠭᠨᠣᠯᠣᠭᠢ ᠶ᠋ᠢᠨ ᠠᠷᠭ᠎ᠠ ᠠᠵᠢᠯᠯᠠᠭᠠᠨ ᠳ᠋ᠤ᠌ ᠰᠤᠷᠤᠯᠴᠠᠭᠰᠠᠨ ᠳᠤᠮᠳᠠ᠂ ᠲᠤᠰᠬᠠᠢ᠂ ᠳᠡᠭᠡᠳᠦ ᠲᠦᠪᠰᠢᠨ ᠦ᠌ ᠦᠨᠳᠦᠰᠦᠨ ᠦ᠌ ᠪᠣᠯᠪᠠᠰᠤᠨ ᠬᠦᠴᠦᠨ ᠢ᠋ ᠭᠠᠳᠠᠭᠠᠳᠤ ᠶ᠋ᠢᠨ ᠠᠯᠢ ᠨᠢᠭᠡ ᠤᠯᠤᠰ ᠲᠤ᠌ ᠪᠡᠯᠡᠳᠬᠡᠨ ᠰᠤᠷᠭᠠᠬᠤ ᠠ᠋ᠴᠠ ᠥᠭᠡᠷ᠎ᠡ ᠠᠷᠭ᠎ᠠ ᠦᠭᠡᠢ ᠪᠣᠯᠤᠭᠰᠠᠨ ᠢ᠋ ᠬᠦᠯᠢᠶᠡᠨ ᠵᠥᠪᠰᠢᠶᠡᠷᠡᠭᠰᠡᠨ ᠪᠠᠢᠳᠠᠭ᠃
ᠢᠮᠠᠭᠲᠠ ᠰᠤᠷᠴᠤ ᠪᠣᠯᠪᠠᠰᠤᠷᠠᠬᠤ ᠶ᠋ᠢᠨ ᠲᠥᠯᠥᠭᠡ ᠰᠢᠮᠳᠠᠵᠤ ᠢᠷᠡᠭᠰᠡᠨ ᠳ ∙ ᠨᠠᠴᠤᠭᠳᠣᠷᠵᠢ ᠨᠢ ᠵᠥᠪᠯᠡᠯᠲᠦ ᠬᠣᠯᠪᠣᠭᠠᠲᠤ ᠤᠯᠤᠰ ᠤ᠋ᠨ ᠯᠧᠨᠢᠩᠷᠠᠳ᠋ ᠬᠣᠲᠠ ᠳ᠋ᠤ᠌ ᠨ ∙ ᠭ ∙ ᠲᠤᠯᠤᠮ ᠢᠽᠧᠸ ᠦ᠋ᠨ ᠨᠡᠷᠡᠮᠵᠢᠲᠦ ᠴᠡᠷᠢᠭ ᠦ᠋ᠨ ᠤᠯᠤᠰ ᠲᠥᠷᠥ ᠶ᠋ᠢᠨ ᠠᠺᠠᠳᠧᠮᠢ ᠳ᠋ᠦ᠍ 1925 ᠣᠨ ᠳ᠋ᠤ᠌ ᠳ ∙ ᠨᠠᠴᠤᠭᠳᠣᠷᠵᠢ ᠰᠤᠷᠤᠯᠴᠠᠭᠠᠳ 1926 ᠣᠨ ᠳ᠋ᠤ᠌ ᠴᠢᠯᠥᠭᠡ ᠪᠡᠷ ᠣᠷᠣᠨ ᠨᠤᠲᠤᠭ ᠲᠤ᠌ ᠪᠠᠨ ᠢᠷᠡᠵᠡᠢ᠃
ᠭᠧᠷᠮᠠᠨ ᠤᠯᠤᠰ ᠤ᠋ᠨ ᠬᠣᠯᠪᠣᠭᠣᠳᠠᠬᠤ ᠠᠯᠪᠠᠨ ᠤ᠋ ᠬᠥᠮᠦᠰ ᠲᠡᠢ ᠶᠠᠷᠢᠯᠴᠠᠵᠤ ᠲᠣᠬᠢᠷᠠᠯᠴᠠᠭᠰᠠᠨ ᠤ᠋ ᠳᠠᠭᠠᠤ 1926 ᠣᠨ ᠤ᠋ 9 ᠳ᠋ᠦ᠍ᠭᠡᠷ ᠰᠠᠷ᠎ᠠ ᠶ᠋ᠢᠨ 11 ᠦ᠌ ᠡᠳᠦᠷ ᠨᠠᠮ ᠤ᠋ᠨ ᠲᠥᠪ ᠬᠣᠷᠢᠶᠠᠨ ᠤ᠋ ᠵᠣᠬᠢᠶᠠᠨ ᠪᠠᠢᠭᠤᠯᠬᠤ ᠵᠥᠪᠯᠡᠯ ᠦ᠋ᠨ 24 ᠳ᠋ᠦ᠍ᠭᠡᠷ ᠬᠤᠷᠠᠯ ᠠ᠋ᠴᠠ ᠳ ∙ ᠨᠠᠴᠤᠭᠳᠣᠷᠵᠢ᠂ ᠫᠠᠭᠮᠠᠳᠤᠯᠮᠠ᠂ ᠫᠦᠨᠴᠠᠭ᠂ ᠯᠤᠪᠰᠠᠩᠴᠦᠯᠲᠦᠮ᠂ ᠰᠠᠨᠵᠢ ᠪᠠᠨ᠂ ᠪᠠᠲᠤ-ᠤᠴᠢᠷ ᠨᠠᠷ ᠤ᠋ᠨ ᠵᠢᠷᠭᠤᠭᠠᠨ ᠬᠥᠮᠦᠨ ᠢ᠋ ᠭᠧᠷᠮᠠᠨ ᠤᠯᠤᠰ ᠲᠤ᠌ ᠶᠠᠪᠤᠭᠤᠯᠵᠤ ᠰᠤᠷᠭᠠᠬᠤ ᠰᠢᠢᠳᠪᠦᠷᠢ ᠭᠠᠷᠤᠭᠰᠠᠨ ᠪᠠᠢᠨ᠎ᠠ᠃ ᠡᠢᠨ ᠬᠦ᠌ ᠭᠧᠷᠮᠠᠨ᠂ ᠹᠷᠠᠨᠼᠢ ᠤᠯᠤᠰ ᠳᠠᠬᠢ ᠰᠤᠷᠤᠭᠴᠢᠳ ᠤ᠋ᠨ ᠲᠣᠭ᠎ᠠ ᠨᠡᠢᠲᠡ ᠳ᠋ᠦ᠍ ᠪᠡᠨ 44 ᠬᠦᠷᠴᠡᠢ᠃
ᠳ ∙ ᠨᠠᠴᠤᠭᠳᠣᠷᠵᠢ ᠨᠢ 1927 ᠣᠨ ᠤ᠋ 10 ᠳ᠋ᠤᠭᠠᠷ ᠰᠠᠷ᠎ᠠ ᠶ᠋ᠢᠨ 17 ᠳ᠋ᠤ᠌ ᠤᠯᠠᠭᠠᠨᠪᠠᠭᠠᠲᠤᠷ ᠠ᠋ᠴᠠ ᠮᠣᠷᠢᠨ ᠲᠡᠷᠭᠡ ᠪᠡᠷ ᠭᠠᠷᠴᠤ ᠤᠯᠠᠭᠠᠨᠦᠳᠡ ᠡᠴᠡ ᠭᠠᠯᠲᠤ ᠲᠡᠷᠭᠡ ᠪᠡᠷ ᠶᠠᠪᠤᠭᠰᠠᠭᠠᠷ ᠮᠣᠰᠺᠸᠠ ᠪᠠᠷ ᠳᠠᠮᠵᠢᠨ ᠯᠧᠨᠢᠩᠷᠠᠳ᠋ ᠣᠷᠣᠭᠰᠠᠨ ᠪᠠᠢᠨ᠎ᠠ᠃ ᠴᠢᠨᠠᠭᠰᠢ ᠤᠰᠤᠨ ᠣᠩᠭᠣᠴᠠ ᠪᠠᠷ ᠭᠧᠷᠮᠠᠨ ᠤ᠋ ᠱᠲ᠋ᠧᠨᠢᠨ ᠪᠣᠭᠣᠮᠲᠠ ᠬᠦᠷᠴᠦ ᠭᠠᠯᠲᠤ ᠲᠡᠷᠭᠡ ᠪᠡᠷ ᠪᠧᠷᠯᠢᠨ ᠣᠷᠣᠵᠤ ᠪᠠᠢᠵᠠᠢ /ᠤᠯᠠᠭᠠᠨᠪᠠᠭᠠᠲᠤᠷ ᠠ᠋ᠴᠠ ᠪᠧᠷᠯᠢᠨ ᠬᠦᠷᠲᠡᠯ᠎ᠡ ᠨᠠᠢᠷᠠᠭᠯᠠᠯ/᠃ 1929 ᠣᠨ ᠤ᠋ ᠬᠠᠪᠤᠷ ᠬᠦᠷᠲᠡᠯ᠎ᠡ ᠪᠧᠷᠯᠢᠨ᠂ ᠯᠧᠢᠫᠼᠢᠭ ᠬᠣᠲᠠ ᠨᠤᠭᠤᠳ ᠲᠤ᠌ ᠬᠡᠯᠡ ᠪᠢᠴᠢᠭ᠂ ᠰᠣᠨᠢᠨ᠂ ᠰᠡᠳᠬᠦᠯ᠂ ᠳᠣᠷᠣᠨ᠎ᠠ ᠳᠠᠬᠢᠨ᠂ ᠶᠡᠷᠦᠩᠬᠡᠢ ᠡᠷᠳᠡᠮ ᠳ᠋ᠦ᠍ ᠰᠤᠷᠤᠯᠴᠠᠨ ᠣᠷᠣᠰ ᠵᠥᠪᠯᠡᠯᠲᠦ ᠶ᠋ᠢᠨ ᠪᠣᠯᠤᠨ ᠳᠡᠯᠡᠬᠡᠢ ᠶ᠋ᠢᠨ ᠰᠣᠩᠭᠣᠳᠠᠭ ᠵᠣᠬᠢᠶᠠᠯᠴᠢᠳ᠂ ᠡᠷᠳᠡᠮᠲᠡᠨ ᠮᠡᠷᠭᠡᠳ ᠦ᠋ᠨ ᠪᠦᠲᠦᠭᠡᠯ ᠲᠡᠢ ᠡᠬᠡ ᠬᠡᠯᠡ ᠪᠡᠷ ᠨᠢ ᠲᠠᠨᠢᠯᠴᠠᠵᠠᠢ᠃
ᠳ ∙ ᠨᠠᠴᠤᠭᠳᠣᠷᠵᠢ 1929 ᠣᠨ ᠤ᠋ ᠬᠠᠪᠤᠷ ᠡᠬᠡ ᠣᠷᠣᠨ ᠳ᠋ᠤ᠌ ᠪᠠᠨ ᠪᠤᠴᠠᠵᠤ ᠢᠷᠡᠭᠡᠳ ᠨᠢᠭᠡ ᠵᠢᠯ ᠤᠯᠠᠭᠠᠨᠪᠠᠭᠠᠲᠤᠷ ᠬᠣᠲᠠ ᠶ᠋ᠢᠨ ᠲᠡᠮᠦᠷ ᠦ᠋ᠨ ᠦᠢᠯᠡᠳᠪᠦᠷᠢ ᠳ᠋ᠦ᠍ ᠣᠷᠴᠢᠭᠤᠯᠤᠭᠴᠢ᠂ 1930 ᠣᠨ ᠤ᠋ ᠬᠠᠪᠤᠷ ᠠ᠋ᠴᠠ 1931 ᠣᠨ ᠤ᠋ ᠨᠢᠭᠡᠳᠦᠭᠡᠷ ᠰᠠᠷ᠎ᠠ ᠬᠦᠷᠲᠡᠯ᠎ᠡ 《ᠵᠠᠯᠠᠭᠤᠴᠤᠳ ᠤ᠋ᠨ ᠦᠨᠡᠨ》 ᠰᠣᠨᠢᠨ ᠳ᠋ᠤ᠌ ᠤᠳᠬ᠎ᠠ ᠵᠣᠬᠢᠶᠠᠯ ᠤ᠋ᠨ ᠠᠵᠢᠯᠲᠠᠨ᠂ 1931 ᠣᠨ ᠤ᠋ 1 ᠰᠠᠷ᠎ᠠ ᠠ᠋ᠴᠠ ᠰᠢᠨᠵᠢᠯᠡᠬᠦ ᠤᠬᠠᠭᠠᠨ ᠤ᠋ ᠬᠦᠷᠢᠶᠡᠯᠡᠩ ᠳ᠋ᠦ᠍ ᠡᠷᠳᠡᠮ ᠰᠢᠨᠵᠢᠯᠡᠭᠡᠨ ᠦ᠌ ᠠᠵᠢᠯᠲᠠᠨ᠂ 1934 ᠣᠨ ᠠ᠋ᠴᠠ ᠮᠥᠨ ᠬᠦᠷᠢᠶᠡᠯᠡᠩ ᠳ᠋ᠦ᠍ ᠲᠡᠦᠬᠡ ᠶ᠋ᠢᠨ ᠪᠠ ᠳᠠᠭᠤᠨ ᠤᠬᠠᠭᠠᠨ ᠤ᠋ ᠲᠠᠰᠤᠭ ᠤ᠋ᠨ ᠡᠷᠬᠢᠯᠡᠭᠴᠢ᠂ 1937 ᠣᠨ ᠤ᠋ 3 ᠰᠠᠷ᠎ᠠ ᠶ᠋ᠢᠨ ᠰᠡᠭᠦᠯᠴᠢ ᠡᠴᠡ ᠲᠥᠪ ᠲᠢᠶᠠᠲ᠋ᠷ ᠲᠤ᠌ ᠮᠡᠷᠭᠡᠵᠢᠯ ᠦ᠋ᠨ ᠵᠣᠬᠢᠶᠠᠯᠴᠢ ᠪᠠᠷ ᠠᠵᠢᠯᠯᠠᠵᠤ ᠪᠠᠢᠵᠠᠢ᠃
1934 ᠣᠨ ᠤ᠋ 3 ᠳ᠋ᠤᠭᠠᠷ ᠰᠠᠷ᠎ᠠ ᠶ᠋ᠢᠨ 22 ᠲᠤ᠌ ᠳ ∙ ᠨᠠᠴᠤᠭᠳᠣᠷᠵᠢ ᠶ᠋ᠢᠨ ᠥᠬᠢᠨ ᠨ ∙ ᠠᠨᠠᠨᠳᠠ ᠤᠯᠠᠭᠠᠨᠪᠠᠭᠠᠲᠤᠷ ᠬᠣᠲᠠᠨ ᠢ᠋ᠶ᠋ᠠᠨ ᠮᠡᠨᠳᠦᠯᠡᠵᠡᠢ᠃
1935 ᠣᠨ ᠤ᠋ 12 ᠳ᠋ᠤᠭᠠᠷ ᠰᠠᠷ᠎ᠠ ᠳ᠋ᠤ᠌ ᠳ ∙ ᠨᠠᠴᠤᠭᠳᠣᠷᠵᠢ ᠶ᠋ᠢᠨ ᠡᠬᠡᠨᠡᠷ ᠥᠬᠢᠨ ᠠᠨᠠᠨᠳᠠ - ᠰᠢᠷᠢ ᠶ᠋ᠢᠨ ᠬᠠᠮᠲᠤ ᠵᠥᠪᠯᠡᠯᠲᠦ ᠬᠣᠯᠪᠣᠭᠠᠲᠤ ᠤᠯᠤᠰ ᠤ᠋ᠨ ᠯᠧᠨᠢᠩᠷᠠᠳ᠋ ᠲᠤ᠌ ᠶᠠᠪᠤᠭᠤᠯᠵᠠᠢ᠃
1937 ᠣᠨ ᠤ᠋ 3 ᠳ᠋ᠤᠭᠠᠷ ᠰᠠᠷ᠎ᠠ ᠠ᠋ᠴᠠ ᠲᠥᠪ ᠲᠢᠶᠠᠲ᠋ᠷ ᠲᠤ᠌ ᠮᠡᠷᠭᠡᠵᠢᠯ ᠦ᠋ᠨ ᠵᠣᠬᠢᠶᠠᠯᠴᠢ ᠪᠠᠷ ᠠᠵᠢᠯᠯᠠᠵᠠᠢ᠃
ᠳ ∙ ᠨᠠᠴᠤᠭᠳᠣᠷᠵᠢ 1937 ᠣᠨ ᠤ᠋ 7 ᠳ᠋ᠤᠭᠠᠷ ᠰᠠᠷ᠎ᠠ ᠶ᠋ᠢᠨ 13 ᠳ᠋ᠤ᠌ ᠨᠠᠰᠤ ᠪᠠᠷᠠᠭᠰᠠᠨ᠃
ᠤᠷᠠᠨ ᠪᠦᠲᠦᠭᠡᠯ
ᠳ ∙ ᠨᠠᠴᠤᠭᠳᠣᠷᠵᠢ ᠵᠥᠪᠯᠡᠯᠲᠦ ᠬᠣᠯᠪᠣᠭᠠᠲᠤ ᠤᠯᠤᠰ /1926/ ᠪᠣᠯᠤᠨ ᠭᠧᠷᠮᠠᠨ ᠳ᠋ᠤ᠌ /1926-1929 ᠣᠨ ᠳ᠋ᠤ᠌/ ᠬᠡᠳᠦᠨ ᠵᠢᠯ ᠰᠤᠷᠤᠯᠴᠠᠵᠤ᠂ ᠥᠷᠥᠨᠡᠲᠦ ᠶ᠋ᠢᠨ ᠰᠣᠶᠣᠯ ᠤ᠋ᠨ ᠰᠢᠯᠢᠳᠡᠭ ᠥᠪ ᠰᠠᠩ ᠲᠠᠢ ᠭᠦᠨᠵᠡᠭᠡᠢ ᠲᠠᠨᠢᠯᠴᠠᠵᠠᠢ᠃
ᠲᠡᠷᠡ ᠪᠡᠷ ᠡᠯᠳᠡᠪ-ᠤᠴᠢᠷ᠂ ᠤᠴᠢᠷ᠂ ᠰᠠᠢᠨ ᠰᠠᠨᠠᠭᠠᠲᠤ᠂ ᠦᠵᠦᠭ ᠭᠡᠬᠦ ᠮᠡᠲᠦ ᠣᠯᠠᠨ ᠨᠢᠭᠤᠴᠠ ᠨᠡᠷ᠎ᠡ ᠪᠡᠷ ᠪᠢᠴᠢᠵᠦ ᠪᠠᠢᠭᠰᠠᠨ ᠪᠠᠢᠨ᠎ᠠ᠃
《ᠤᠱᠠᠩᠳᠠᠷ》᠂ 《ᠰᠠᠨᠳᠤ ᠠᠮᠪᠠᠨ ᠤ᠋ ᠬᠠᠷᠭᠢᠰ ᠶᠠᠪᠤᠳᠠᠯ》 ᠵᠦᠵᠦᠭᠡ
《ᠨᠢᠭᠤᠭᠳᠠᠭᠰᠠᠨ ᠡᠷᠳᠡᠨᠢ》 (1930) ᠳᠠᠭᠤᠷᠢ
《ᠶᠡᠬᠡ ᠠᠪᠠᠬᠠᠢ》
《ᠮᠣᠩᠭᠣᠯ ᠠᠷᠠᠳ ᠤ᠋ᠨ ᠰᠤᠤᠲᠤ》
《ᠪᠢ ᠪᠢᠰᠢ》 (1934) ᠵᠦᠵᠦᠭᠡ
《ᠤᠴᠢᠷᠲᠠᠢ 3 ᠲᠣᠯᠣᠭᠠᠢ》 (1934 ᠣᠨ) ᠠᠶᠠᠯᠭᠤᠲᠤ ᠵᠦᠵᠦᠭᠡ
《ᠬᠠᠭᠤᠴᠢᠨ ᠬᠦᠦ》(1930)
《ᠴᠠᠭᠠᠨ ᠰᠠᠷ᠎ᠠ ᠪᠠ ᠬᠠᠷ᠎ᠠ ᠨᠢᠯᠪᠤᠰᠤ》(1932)
《ᠬᠠᠷᠠᠩᠭᠤᠢ ᠬᠠᠳᠠ》(1930)
《ᠦᠵᠡᠭᠳᠡᠭᠡ ᠦᠭᠡᠢ ᠶᠠᠭᠤᠮ᠎ᠠ》(1933)ᠵᠡᠷᠭᠡ ᠥᠭᠦᠯᠡᠯᠭᠡ ᠨᠦ᠍ᠭᠦᠳ ᠢ᠋ᠶ᠋ᠡᠷ ᠢ᠋ᠶ᠋ᠡᠨ ᠠᠯᠳᠠᠷᠰᠢᠵᠠᠢ᠃
《ᠬᠡᠨᠵᠡ ᠬᠤᠷᠠᠭ᠎ᠠ》(1933)
《ᠮᠢᠨᠦ ᠨᠤᠲᠤᠭ》(1933)
《ᠳᠥᠷᠪᠡᠨ ᠴᠠᠭ》(1934)᠂
《ᠣᠳᠣ》᠂
《ᠨᠠᠷᠠ ᠠ》᠂
《ᠰᠠᠷ᠎ᠠ ᠠ》 ᠰᠢᠯᠦᠭ᠂
《ᠯᠠᠮᠠᠪᠠᠭᠤᠸᠠᠢ ᠶ᠋ᠢᠨ ᠨᠢᠯᠪᠤᠰᠤ》(1930)
《ᠬᠠᠷᠠᠩᠭᠤᠢ ᠬᠠᠳᠠ》᠂
《ᠰᠢᠪᠠᠭᠤᠨ ᠰᠠᠷᠠᠯ》᠂
《ᠬᠥᠳᠡᠭᠡ ᠲᠠᠯ᠎ᠠ ᠶ᠋ᠢᠨ ᠦᠵᠡᠰᠬᠦᠯᠡᠩ》 ᠥᠭᠦᠯᠡᠯᠭᠡ(1931)᠂
《ᠣᠨᠳᠣᠣ ᠬᠥᠮᠦᠵᠢᠯ》 ᠵᠡᠷᠭᠡ ᠣᠯᠠᠨ ᠪᠦᠲᠦᠭᠡᠯ ᠪᠠᠢᠵᠠᠢ᠃
ᠲᠡᠭᠦᠨ ᠦ᠌ ᠪᠦᠲᠦᠭᠡᠯ ᠦ᠋ᠳ 《ᠤᠴᠢᠷ ᠲᠠᠢ ᠭᠤᠷᠪᠠᠨ ᠲᠣᠯᠣᠭᠠᠢ》-1934 ᠣᠨ ᠳ᠋ᠤ᠌᠂ ᠵᠣᠬᠢᠶᠠᠯ ᠤ᠋ᠨ ᠲᠡᠭᠦᠪᠦᠷᠢ-1955 ᠣᠨ ᠳ᠋ᠤ᠌᠂ ᠠᠯᠳᠠᠷᠲᠤ 《ᠮᠢᠨᠦ ᠨᠤᠲᠤᠭ》-1963 ᠣᠨ ᠳ᠋ᠤ᠌᠂ ᠯᠠᠮᠠᠪᠠᠭᠤᠸᠠᠢ ᠶ᠋ᠢᠨ ᠨᠢᠯᠪᠤᠰᠤ-1976 ᠣᠨ ᠳ᠋ᠤ᠌ ᠰᠢᠪᠠᠭᠤᠨ ᠰᠠᠷᠠᠯ ᠨᠡᠷ᠎ᠡ ᠲᠡᠢ ᠪᠡᠷ ᠬᠡᠪᠯᠡᠭᠳᠡᠵᠦ ᠪᠠᠢᠵᠠᠢ᠃
