ᠰᠠᠢᠰᠢᠶᠠᠯ ᠢᠷᠦᠭᠡᠯᠲᠦ-ᠣᠷᠳᠣᠰ ᠠᠷᠠᠳ ᠤᠨ ᠳᠠᠭᠤᠤ15Сайшаал ерөөлт

ᠰᠠᠢᠰᠢᠶᠠᠯ ᠢᠷᠦᠭᠡᠯᠲᠦ
ᠣᠷᠳᠣᠰ ᠠᠷᠠᠳ ᠤᠨ ᠳᠠᠭᠤᠤ
ᠰᠠᠢᠰᠢᠶᠠᠯ ᠢᠷᠦᠭᠡᠯᠲᠦ ᠲᠦᠮᠡᠨ ᠦ᠌ ᠬᠠᠭᠠᠨ ᠨᠢ
ᠮᠠᠨᠳᠤᠵᠤ ᠭᠠᠷᠬᠤ ᠨᠠᠷᠠᠨ ᠤ᠋ ᠭᠡᠷᠡᠯ
ᠰᠠᠢᠬᠠᠨ ᠵᠠᠩ ᠲᠠᠢ ᠠᠬ᠎ᠠ ᠨᠠᠷ ᠲᠠᠨ ᠳ᠋ᠤ᠌ ᠪᠠᠨ
ᠠᠯᠢ ᠴᠤ᠌ ᠭᠠᠵᠠᠷ ᠠᠢᠰᠤᠢ ᠪᠣᠯᠪᠠ ᠤᠤ?
ᠠᠷᠤ ᠶᠣ᠌ ᠭᠡᠭᠴᠢ ᠭᠠᠵᠠᠷ ᠤ᠋ᠨ ᠨᠡᠷ᠎ᠡ
ᠠᠷᠭᠠᠯᠢ ᠭᠡᠭᠴᠢ ᠭᠥᠷᠦᠭᠡᠰᠦᠨ ᠦ᠌ ᠨᠡᠷ᠎ᠡ
ᠲᠠᠯ᠎ᠠ ᠭᠡᠭᠴᠢ ᠭᠠᠵᠠᠷ ᠤ᠋ᠨ ᠨᠡᠷ᠎ᠡ
ᠲᠠᠷᠪᠠᠭ᠎ᠠ ᠭᠡᠭᠴᠢ ᠭᠥᠷᠦᠭᠡᠰᠦᠨ ᠦ᠌ ᠨᠡᠷ᠎ᠡ
ᠮᠥᠩᠭᠥᠨ ᠲᠤᠤᠬᠠᠢ ᠪᠥᠰᠡᠨ ᠦ᠌ ᠵᠢᠮᠰᠡᠭ
ᠮᠥᠨ ᠴᠦ᠍ ᠨᠡᠷ᠎ᠡ ᠲᠥᠷᠥᠯ ᠦ᠋ᠨ ᠵᠢᠮᠰᠡᠭ
ᠠᠯᠲᠠᠨ ᠲᠤᠤᠬᠠᠢ ᠪᠥᠰᠡᠨ ᠦ᠌ ᠵᠢᠮᠰᠡᠭ
ᠠᠯᠳᠠᠷ ᠨᠡᠷ᠎ᠡ ᠲᠥᠷᠥᠯ ᠦ᠋ᠨ ᠵᠢᠮᠰᠡᠭ
ᠠᠲᠠᠨ ᠲᠡᠮᠡᠭᠡ ᠶ᠋ᠢᠨ ᠠᠯᠬᠤᠭ᠎ᠠ ᠨᠢ ᠰᠠᠢᠬᠠᠨ
ᠠᠪᠤ ᠡᠵᠢ ᠶ᠋ᠢᠨ ᠰᠤᠷᠭᠠᠯ ᠨᠢ ᠰᠠᠢᠬᠠᠨ
ᠪᠤᠤᠷᠠᠨ ᠲᠡᠮᠡᠭᠡ ᠪᠥᠬᠡᠯᠢᠭ ᠨᠢ ᠰᠠᠢᠬᠠᠨ
ᠪᠤᠭᠤᠷᠤᠯ ᠡᠵᠢ ᠶ᠋ᠢᠨ ᠰᠤᠷᠭᠠᠯ ᠨᠢ ᠰᠠᠢᠬᠠᠨ
ᠪᠣᠭᠳᠠ ᠭᠡᠭᠴᠢ ᠭᠠᠵᠠᠷ ᠤ᠋ᠨ ᠨᠡᠷ᠎ᠡ
ᠪᠤᠯᠠᠭ᠎ᠠ ᠭᠡᠭᠴᠢ ᠭᠥᠷᠦᠭᠡᠰᠦᠨ ᠦ᠌ ᠨᠡᠷ᠎ᠡ
ᠮᠠᠩᠬ᠎ᠠ ᠭᠡᠭᠴᠢ ᠡᠯᠡᠰᠦᠨ ᠦ᠌ ᠨᠡᠷ᠎ᠡ
ᠮᠠᠩᠨᠤᠭ ᠭᠡᠭᠴᠢ ᠲᠣᠷᠭᠠᠨ ᠤ᠋ ᠨᠡᠷ᠎ᠡ
