ᠪᠠᠭ᠎ᠠ ᠨᠠᠰᠤ– ᠷ᠂ ᠴᠣᠢᠨᠣᠮ Бага нас– Р᠂ ЧойномBaga nas-Choinom
ᠪᠠᠭ᠎ᠠ ᠨᠠᠰᠤ
ᠬᠠᠲᠠᠭᠤ ᠡᠪᠦᠯ ᠦᠨ ᠶᠢᠰᠤᠨ ᠶᠢᠰᠤ ᠶᠢ ᠳᠠᠰᠤᠵᠤ
ᠬᠠᠪᠤᠷ ᠤᠨ ᠶᠡᠬᠡ ᠰᠢᠭᠤᠷᠭ᠎ᠠ ᠶᠢ ᠳᠠᠪᠠᠭᠠᠳ
ᠳᠣᠤᠯᠢᠮᠠ ᠲᠠᠯ᠎ᠠ ᠶᠢᠨ ᠬᠠᠭᠤᠷᠠᠢ ᠬᠦᠷᠤᠰᠥᠨ ᠳᠤ
ᠳᠤᠷᠠᠲᠠᠢ ᠳᠠᠭᠠᠨ ᠤᠷᠭᠤᠳᠠᠭ ᠲᠠᠴᠢᠷᠬᠠᠨ ᠡᠪᠡᠰᠦ ᠰᠢᠭ
ᠲᠡᠷᠡ ᠦᠶ᠎ᠡ ᠶᠢᠨ ᠬᠢᠨ ᠦ ᠮᠢᠨᠢ ᠪᠠᠭ᠎ᠠ ᠨᠠᠰᠤ
ᠲᠩᠷᠢ ᠶᠢᠨ ᠵᠡᠭᠦᠳᠦᠨ ᠳᠦ ᠪᠠᠭᠳᠠᠭ᠎ᠠ ᠦᠭᠡᠢ ᠶᠤᠮ
ᠲᠠᠰᠪᠤᠷᠢ ᠬᠠᠲᠠᠭᠤᠵᠢᠯ ᠦᠨ ᠦᠳᠤᠷᠮᠡ ᠳᠤ
ᠨᠣᠨᠳᠠᠭᠯᠠᠭᠤᠯᠤᠩᠬᠠᠨ ᠦᠰᠦᠭᠰᠡᠨ ᠶᠤᠮ
ᠥᠨᠣ ᠶᠢᠨ ᠬᠡᠣᠬᠡᠳ ᠲᠣᠭᠣᠬᠤ ᠴᠤ᠌ ᠦᠭᠡᠢ
ᠦᠯᠮᠡᠢ ᠳᠣᠣᠷᠠᠬᠢ ᠴᠢᠯᠠᠭᠤ ᠲᠠᠢ ᠠᠳᠠᠯᠢ ᠦᠵᠡᠵᠦ
ᠢᠰᠭᠦᠯᠵᠦ ᠣᠷᠬᠢᠳᠠᠭ ᠶᠤᠤᠳᠠᠩ ᠢ ᠪᠢᠳᠡ
ᠡᠪᠦᠯ ᠦᠨ ᠤᠷᠲᠤ ᠰᠥᠨᠢ ᠵᠡᠭᠦᠳᠦᠯᠡᠨ ᠦᠰᠦᠭᠰᠡᠨ ᠶᠤᠮ
ᠠᠷᠠᠰᠤᠨ ᠨᠡᠬᠡᠢ ᠶᠢ ᠳᠣᠲᠤᠭᠤᠷ ᠨᠢ ᠵᠢᠬᠢᠷᠢᠭ ᠦᠭᠡᠢ ᠡᠮᠦᠰᠴᠤ
ᠠᠳᠤᠭᠤᠨ ᠤ ᠮᠢᠬ᠎ᠠ ᠶᠢ ᠳᠠᠪᠤᠰᠤ ᠴᠤ᠌ ᠬᠣᠯᠢᠯ ᠦᠭᠡᠢ ᠢᠳᠡᠵᠦ
ᠠᠢᠯ ᠤᠨ ᠨᠤᠲᠤᠭ ᠳᠡᠭᠡᠷ᠎ᠡ ᠡᠴᠡ ᠣᠯᠣᠭᠰᠠᠨ ᠱᠠᠭᠠᠵᠠᠩ ᠤᠨ ᠬᠠᠭᠠᠷᠬᠠᠢ
ᠠᠯᠠᠭ ᠴᠢᠯᠠᠭᠤ ᠬᠣᠶᠠᠷ ᠢᠶᠠᠷ ᠲᠣᠭᠯᠠᠵᠤ ᠦᠰᠦᠭᠰᠡᠨ ᠶᠤᠮ
ᠲᠡᠷᠡ ᠦᠶ᠎ᠡ ᠳᠦ ᠬᠥᠳᠡᠭᠡ ᠨᠤᠲᠤᠭ ᠲᠤ ᠨᠣᠮ ᠳᠡᠪᠲᠡᠷ ᠪᠠᠢᠭᠰᠠᠨ ᠦᠭᠡᠢ
ᠲᠧᠯᠸᠢᠰ ᠂ ᠺᠢᠨᠣ᠋ ᠵᠢᠷᠤᠭ ᠂ ᠭᠡᠷᠡᠯ ᠵᠢᠷᠤᠭ
ᠲᠸᠯᠸᠹᠦᠨ ᠂ ᠷᠠᠳᠢᠣ᠋ ᠂ ᠠᠭᠤᠷ ᠤᠨ ᠲᠡᠷᠭᠡ ᠪᠠᠢᠭᠰᠠᠨ ᠦᠭᠡᠢ
ᠲᠡᠷᠡ ᠦᠶ᠎ᠡ ᠳᠦ ᠡᠨᠡ ᠦᠶ᠎ᠡ ᠶᠢᠨ ᠶᠠᠭᠤᠮ᠎ᠠ ᠪᠥᠬᠥᠨ ᠪᠠᠢᠭ᠎ᠠ ᠦᠭᠡᠢ
ᠬᠠᠷᠢᠨ ᠭᠠᠭᠴᠠ ᠯᠠ ᠶᠠᠭᠤᠮ᠎ᠠ ᠪᠠᠢᠯ᠎ᠠ
ᠬᠠᠮᠢᠭ᠎ᠠ ᠴᠤ᠌ ᠣᠴᠢᠵᠤ ᠦᠨᠣ ᠶᠢᠨ ᠬᠡᠣᠬᠡᠳ ᠲᠤ ᠭᠠᠢᠬᠠᠭᠤᠯᠤᠮᠠᠷ
ᠬᠠᠪᠢ ᠶᠢᠨ ᠬᠢᠨ ᠤ ᠪᠠᠨ ᠶᠠᠭᠤᠮ᠎ᠠ ᠶᠢ ᠬᠦᠨᠳᠦᠯᠡᠳᠡᠭ
ᠬᠠᠢᠷᠠᠯᠠᠳᠠᠭ ᠦᠵᠡᠯ ᠪᠦᠬᠥᠳᠡ ᠳᠤ ᠮᠠᠨᠢ ᠪᠠᠢᠯ᠎ᠠ ᠃
ᠪᠦᠬᠦᠳᠡ ᠪᠡᠷ ᠢᠶᠡᠨ ᠪᠢᠳᠡ ᠪᠡᠶ᠎ᠡ ᠪᠡᠶ᠎ᠡ ᠪᠡᠨ ᠲᠠᠨᠢᠬᠤ ᠦᠭᠡᠢ ᠴᠤ᠌ ᠭᠡᠰᠡᠨ
ᠪᠦᠯᠢ ᠭᠡᠷ ᠴᠣᠭ ᠳᠠᠭᠠᠨ ᠶᠤᠮ ᠰᠢᠭ᠋ ᠠᠳᠠᠯᠢᠬᠠᠨ
ᠪᠦᠳᠦᠭᠦᠨ ᠤᠯᠠᠭᠠᠨ ᠭᠤᠯᠢᠷ ᠢᠳᠡᠵᠤ ᠦᠯᠥᠰᠴᠤ ᠴᠠᠩᠭᠠᠵᠤ
ᠪᠦᠬᠦᠯᠢ ᠵᠣᠨ ᠳᠠᠭᠠᠨ ᠬᠥᠯ ᠨᠢᠴᠦᠭᠦᠨ ᠭᠦᠶᠦᠵᠦ
ᠬᠦᠵᠦᠭᠦᠦ ᠲᠣᠯᠣᠭᠠᠢ ᠪᠠᠨ ᠦᠯᠢᠳᠦᠨ ᠳᠤ ᠢᠳᠡᠭᠦᠯᠵᠦ
ᠬᠦᠮᠥᠨ ᠡᠴᠡ ᠨᠢᠭᠤᠨ ᠤᠩᠰᠢᠯᠭ᠎ᠠ ᠲᠠᠢ ᠡᠪᠦᠭᠡᠨ ᠢᠶᠡᠷ ᠰᠠᠩ ᠲᠠᠯᠪᠢᠭᠤᠯᠵᠤ
ᠤᠯᠠᠭᠠᠨ ᠡᠰᠡᠷᠭᠡᠨ᠎ᠡ ᠂ ᠰᠠᠯᠬᠢᠨ ᠴᠡᠴᠡᠭ ᠂ ᠬᠠᠮᠠᠭᠤ ᠲᠣᠮᠣᠭᠤ ᠪᠠᠷ
ᠤᠳᠠᠭ᠎ᠠ ᠲᠠᠷᠠᠭᠠᠯᠠᠨ ᠡᠪᠡᠳᠴᠤ ᠰᠡᠭᠡᠵᠦ ᠦᠰᠦᠭᠰᠡᠨ
ᠬᠥᠭᠡᠷᠦᠭᠦᠢ ᠪᠠᠭ᠎ᠠ ᠨᠠᠰᠤ ᠮᠢᠨᠢ
ᠬᠦᠯᠪᠡᠷᠢᠨ ᠡᠷᠬᠢᠬᠦ ᠬᠤᠪᠢ ᠵᠠᠶᠠᠭᠠᠨ ᠳᠠᠭᠠᠨ ᠳᠠᠭᠠᠳᠬᠠᠵᠤ
ᠬᠥᠳᠡᠭᠡ ᠶᠢᠨ ᠠᠭᠤᠯᠠ ᠲᠠᠯ᠎ᠠ ᠶᠢᠨ ᠳᠤᠮᠳᠠ
ᠬᠦᠲᠦᠰᠦᠨ ᠳᠤ ᠪᠣᠭᠤᠯᠳᠠᠲᠠᠢ ᠦᠰᠦᠭᠰᠡᠨ ᠠᠯᠳᠠᠩᠬᠠᠨ ᠪᠠᠭ᠎ᠠ ᠨᠠᠰᠤ ᠮᠢᠨᠢ ᠡ!
ᠳᠡᠷᠳᠡᠭᠡ ᠶᠢᠨ ᠲᠠᠢᠨ ᠤ ᠬᠠᠷ᠎ᠠ ᠲᠣᠭᠣᠯᠠᠭᠠ ᠰᠢᠭ᠋ ᠰᠡᠭᠦᠳᠡᠷ
ᠲᠢᠪ_ᠳᠠᠮᠨᠠᠵᠤ ᠪᠣᠷᠣ ᠭᠡᠷ ᠢ ᠮᠢᠨᠢ ᠳᠠᠷᠤᠭᠠᠳ
ᠬᠥᠭᠡᠷᠦᠭᠦᠢ ᠠᠪᠤ ᠨᠤᠭᠤᠳ ᠢ ᠮᠢᠨᠢ ᠫᠤᠤᠳᠠᠭᠰᠠᠨ ᠲᠡᠷᠡ ᠫᠤᠤ ᠨᠤᠭᠤᠳ ᠤᠨ ᠠᠮᠠ
ᠬᠦᠰᠢᠭᠡᠨ ᠣᠳᠤᠭᠠᠨ ᠴᠠᠭᠠᠨ᠎ᠠ ᠠᠴᠠ ᠨᠠᠭᠠᠰᠢ ᠪᠠᠨ ᠤᠩᠭᠣᠢᠵᠤ ᠪᠠᠢᠯ᠎ᠠ
ᠡᠪᠦᠭᠡᠳ ᠡᠮᠡᠭᠡᠳ ᠴᠠᠢ ᠶᠢᠨ ᠢᠳᠡᠭᠡ ᠪᠡᠷ ᠭᠠᠴᠢᠭᠳᠠᠵᠤ
ᠡᠷᠡᠴᠤᠳ ᠬᠠᠷᠠᠴᠤᠤᠯ ᠲᠠᠲᠠᠬᠤ ᠲᠡᠮᠡᠬᠢ ᠪᠡᠷ ᠳᠤᠲᠠᠭᠳᠠᠵᠤ
ᠬᠡᠤᠬᠡᠳ ᠦᠳ ᠠᠮᠲᠠᠲᠠᠨ ᠢᠶᠠᠷ ᠦᠯᠣᠰᠴᠦ
ᠬᠡᠣᠬᠡᠨ ᠨᠤᠭᠦᠳ ᠠᠮᠠᠷᠬᠠᠯᠠᠯ ᠢᠶᠠᠷ ᠴᠠᠩᠭᠠᠵᠤ_
ᠵᠣᠪᠠᠯᠠᠩ ᠵᠢᠷᠭᠠᠯ ᠬᠣᠶᠠᠷ ᠢ ᠵᠠᠬ᠎ᠠ ᠳᠡᠭᠡᠷ᠎ᠡ
ᠵᠣᠭᠣᠰ ᠮᠦᠩᠬᠦ ᠪᠡᠷ ᠵᠠᠷᠤᠵᠤ ᠪᠠᠢᠭᠰᠠᠨ ᠴᠠᠭ
ᠮᠣᠷᠢᠳᠤ ᠤᠲᠷᠢᠶᠠᠳ᠋ ᠶᠠᠪᠤᠨ ᠤ ᠲᠠᠩᠺ ᠤᠨ ᠤᠷᠢᠳᠤ ᠠᠴᠠ
ᠮᠣᠳᠣᠨ ᠬᠣᠢᠲᠤ ᠵᠡᠭᠦᠭᠡᠳ ᠵᠢᠭᠰᠠᠵᠤ ᠪᠠᠢᠭᠰᠠᠨ ᠦᠶ᠎ᠡ!
ᠽᠣᠷᠺᠠᠢ! ᠭᠡᠲᠡᠯ᠎ᠡ ᠲᠠᠩᠺ ᠢ ᠪᠠᠢᠳᠤᠭᠠᠢ
ᠶᠠᠫᠤᠨ ᠢ ᠵᠣᠭᠰᠣᠭᠠᠭᠠᠳ ᠥᠪᠡᠷ ᠢᠶᠡᠨ ᠳᠡᠭᠦᠵᠢᠯᠡᠭᠦᠯᠦᠭᠰᠡᠨ ᠶᠤᠮ
《ᠲᠸᠯᠸ ᠮᠸᠬᠠᠨᠢᠭ》ᠵᠠᠯᠠᠭᠤᠷ ᠲᠠᠢ ᠬᠦᠮᠦᠨ ᠦᠭᠡᠢ ᠲᠠᠩᠺ ᠤᠳ ᠢᠷᠡᠭᠰᠡᠨ ᠪᠤᠯ
ᠳᠡᠭᠡᠬᠦ ᠳᠤ ᠶᠡᠷᠤ ᠨᠢ ᠶᠠᠭᠤ ᠪᠣᠯᠬᠤ ᠪᠠᠢᠭᠰᠠᠨ ᠪᠣᠯ
ᠤᠯᠠ ᠠᠴᠠ ᠬᠡᠩᠰᠢᠭᠦᠦ ᠭᠠᠷᠳᠠᠯ᠎ᠠ ᠵᠢᠩᠨᠡᠭᠰᠡᠨ
ᠤᠯᠠᠭᠠᠨ ᠭᠠᠩ ᠲᠠᠢ ᠵᠣᠨ
ᠴᠠᠩ ᠲᠠᠢ ᠵᠢᠪᠡᠷ ᠲᠦ ᠨᠠᠷᠠ ᠭᠤᠷᠪᠠᠯᠠᠭᠰᠠᠨ
ᠴᠠᠭᠠᠨ ᠵᠤᠳ ᠲᠠᠢ ᠡᠪᠦᠯ
ᠬᠥᠳᠡᠭᠡ ᠲᠠᠯ᠎ᠠ ᠶᠢ ᠬᠠᠨ᠎ᠠ ᠶᠢᠨ ᠨᠢᠳᠦ ᠰᠢᠭ ᠴᠣᠬᠤᠷᠯᠠᠨ
ᠬᠥᠯᠳᠡᠵᠦ ᠦᠬᠦᠭᠰᠡᠨ ᠠᠳᠤᠭᠤ ᠮᠠᠯ ᠤᠨ ᠰᠡᠭ
ᠬᠤᠪᠬᠠᠢ ᠬᠣᠭᠣᠰᠤᠨ ᠪᠠᠭᠤᠴᠠᠨ ᠤ ᠬᠥᠯ ᠳᠤ ᠵᠣᠭᠰᠣᠭᠠᠳ
ᠬᠤᠪᠢᠩ ᠢᠶᠠᠨ ᠪᠠᠷᠢᠭᠠᠳ ᠤᠬᠢᠯᠠᠵᠤ ᠪᠠᠢᠭᠰᠠᠨ ᠡᠵᠡᠭᠲᠡᠢ
ᠪᠠᠯᠴᠢᠷ ᠨᠠᠰᠤᠨ ᠤ ᠮᠢᠨᠢ ᠣᠢ ᠤᠬᠠᠭᠠᠨ ᠳᠤ
ᠪᠡᠯᠡᠷᠡᠰᠢ ᠦᠭᠡᠢ ᠡᠢᠮᠦ ᠵᠢᠷᠤᠭ ᠦᠯᠡᠳᠡᠭᠡᠭᠡᠳ
ᠴᠠᠭ ᠤᠨ ᠮᠠᠭᠤ ᠬᠥᠮᠤᠨ ᠤ ᠮᠠᠭᠤ ᠬᠣᠶᠠᠷ
ᠴᠠᠰᠤ ᠰᠢᠭ᠋ ᠬᠠᠢᠯᠤᠨ ᠣᠳᠣᠭᠰᠠᠨ ᠶᠤᠮ
ᠠᠶ᠎ᠠ ᠂ ᠬᠥᠭᠡᠷᠦᠭᠦᠢ ᠪᠠᠭ᠎ᠠ ᠨᠠᠰᠤ ᠮᠢᠨᠢ
ᠠᠮᠢᠳᠤᠷᠠᠯ ᠤᠨ ᠴᠡᠭᠡᠭᠡᠨ ᠪᠤᠯᠠᠭ ᠤᠷᠤᠭᠤ ᠵᠣᠷᠢᠭᠠᠳ
ᠠᠩᠭᠠᠵᠤ ᠴᠠᠩᠭᠠᠵᠤ ᠶᠠᠪᠤᠭᠰᠠᠨ
ᠠᠯᠤᠰ ᠬᠣᠯᠠ ᠶᠢᠨ ᠪᠦᠲᠡᠬᠢᠬᠡᠨ ᠬᠠᠷᠭᠤᠢ ᠮᠢᠨᠢ
ᠣᠭᠲᠠᠷᠭᠤᠢ ᠶᠢᠨ ᠪᠦᠷᠭᠦᠭ ᠲᠦ ᠲᠥᠭᠡᠭᠰᠡᠨ
ᠤᠯᠠᠨ ᠮᠢᠩᠭᠠᠨ ᠣᠳᠣ ᠰᠢᠭ᠋
ᠣᠨ ᠵᠢᠯ ᠦᠨ ᠪᠤᠳᠠᠩ ᠳᠤᠮᠳᠠ ᠲᠦᠷᠦᠭᠰᠡᠨ
ᠤᠯᠠᠨ ᠲᠦᠮᠡᠨ ᠰᠠᠴᠠᠭᠤᠲᠠᠨ ᠮᠢᠨᠢ ᠡ
ᠬᠠᠲᠠᠭᠤ ᠰᠢᠷᠦᠭᠦᠨ ᠬᠣᠷᠸ᠎ᠠ ᠳᠤ
ᠬᠠᠨᠢ ᠢᠵᠢᠯ ᠮᠢᠨᠢ ᠪᠣᠯᠵᠤ
ᠬᠠᠮᠲᠤ ᠵᠣᠪᠠᠵᠤ ᠴᠡᠩᠬᠡᠵᠤ ᠦᠰᠦᠭᠰᠡᠨ
ᠲᠠ ᠨᠠᠷ ᠳᠠᠭᠠᠨ ᠪᠢ ᠬᠠᠢᠷᠠᠲᠠᠢ!
