ᠰᠡᠤ‍ᠠᠬᠢᠯ ᠦ᠋ᠨ ᠨᠣᠭᠤᠭᠠᠨ ᠳᠡᠨᠵᠢ – ᠪᠣᠷᠵᠢᠭᠢᠨ᠂ ᠰᠠᠶ᠋ᠢᠨᠪᠠᠶᠠᠷ Сэтгэлийн ногоон дэнж – Боржгин ᠂ Сайнбаяр ᠰᠢᠯᠦᠭ ᠢᠷᠠᠭᠤ ᠨᠠᠢᠷᠠᠭ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠰᠡᠤ‍ᠠᠬᠢᠯ ᠦ᠋ᠨ ᠨᠣᠭᠤᠭᠠᠨ ᠳᠡᠨᠵᠢ – ᠪᠣᠷᠵᠢᠭᠢᠨ᠂ ᠰᠠᠶ᠋ᠢᠨᠪᠠᠶᠠᠷ Сэтгэлийн ногоон дэнж – Боржгин ᠂ Сайнбаяр

ᠰᠡᠤ‍ᠠᠬᠢᠯ ᠦ᠋ᠨ ᠨᠣᠭᠤᠭᠠᠨ ᠳᠡᠨᠵᠢ – ᠪᠣᠷᠵᠢᠭᠢᠨ᠂ ᠰᠠᠶ᠋ᠢᠨᠪᠠᠶᠠᠷ Сэтгэлийн ногоон дэнж – Боржгин ᠂ Сайнбаяр

2023-07-28

322

ᠰᠡᠤ‍ᠠᠬᠢᠯ ᠦ᠋ᠨ ᠨᠣᠭᠤᠭᠠᠨ ᠳᠡᠨᠵᠢ


  ᠬᠡᠨ ᠴᠦ᠍ ᠮᠡᠳᠡᠳᠡᠭ ᠦᠭᠡᠢ 
  ᠣᠢ ᠰᠠᠨᠠᠮᠵᠢ ᠶ᠋ᠢᠨ ᠭᠦᠨ ᠳ᠋ᠦ᠍ 
  ᠬᠡᠵᠢᠶ᠎ᠡ ᠴᠦ᠍ ᠮᠠᠷᠲᠠᠭᠳᠠᠳᠠᠭ ᠦᠭᠡᠢ 
  ᠵᠢᠵᠢᠭᠬᠡᠨ ᠨᠣᠭᠣᠭᠠᠨ ᠳᠡᠨᠵᠢ ᠪᠣᠢ   

  ᠵᠢᠩ ᠦ᠋ᠨ ᠳᠠᠭᠤᠨ ᠳ᠋ᠤ᠌ ᠴᠦᠷᠭᠡᠯᠳᠦᠭᠰᠡᠨ  
  ᠵᠢᠯ ᠣᠨ ᠲᠣᠭᠣᠰᠣᠷᠠᠬᠤ ᠳ᠋ᠤ᠌ 
  ᠵᠡᠭᠦᠳᠦᠨ ᠦ᠌ ᠵᠢᠵᠢᠭᠬᠡᠨ ᠳᠡᠨᠵᠢᠨ ᠳ᠋ᠦ᠍ 
  ᠵᠤᠨ ᠠ᠋ᠴᠠ ᠥᠭᠡᠷ᠎ᠡ ᠤᠯᠠᠷᠢᠯ ᠦᠭᠡᠢ  

  ᠦᠵᠡᠰᠬᠦᠯᠡᠩᠲᠦ ᠲᠡᠷᠡ ᠣᠨ ᠰᠠᠷ᠎ᠠ ᠶ᠋ᠢ  
  ᠤᠷᠪᠠᠭᠤᠯᠵᠤ ᠪᠤᠴᠠᠭᠠᠵᠤ ᠰᠠᠨᠠᠬᠤ ᠳ᠋ᠤ᠌ 
  ᠥᠩᠭᠡᠷᠡᠭᠰᠡᠨ ᠲᠡᠷᠡ ᠪᠦᠬᠦᠨ  
  ᠠᠭᠢᠭᠠᠳ ᠠᠮᠢᠯᠠᠬᠤ ᠰᠢᠭ᠋᠁  

  《 ᠡᠷᠲᠡ ᠤᠷᠢᠳᠤ ᠶ᠋ᠢᠨ ᠴᠠᠭ᠁》  
  ᠡᠨᠡ ᠳᠡᠨᠵᠢᠨ ᠡᠴᠡ ᠡᠬᠢᠯᠡᠵᠦ ᠪᠠᠢᠯ᠎ᠠ  
  ᠡᠪᠦᠭᠡ ᠮᠢᠨᠢ ᠲᠡᠭᠡᠭᠡᠳ  
  ᠤᠯᠠᠮᠵᠢᠯᠠᠵᠤ ᠮᠠᠨ ᠳ᠋ᠤ᠌ ᠶᠠᠷᠢᠵᠤ ᠪᠠᠢᠯ᠎ᠠ 

  ᠠᠮᠢᠲᠠᠨ ᠵᠢᠷᠭᠤᠭᠠᠨ ᠵᠦᠢᠯ 
  ᠡᠨᠡ ᠳᠡᠨᠵᠢᠨ ᠳ᠋ᠦ᠍ ᠪᠠᠭᠲᠠᠵᠤ ᠪᠠᠢᠯ᠎ᠠ 
  ᠡᠮᠡᠭᠡ ᠮᠢᠨᠢ ᠲᠠᠩᠳᠠ 
  ᠠᠮᠤᠷ ᠠᠮᠤᠭᠤᠯᠠᠩ ᠢ᠋ ᠨᠢ ᠳᠠᠭᠠᠳᠬᠠᠵᠤ  ᠪᠠᠢᠯ᠎ᠠ᠁ 

  ᠨᠢᠴᠦᠭᠦᠨ ᠪᠣᠷᠣ ᠲᠠᠪᠠᠭ ᠤ᠋ᠨ ᠮᠢᠨᠢ 
  ᠵᠢᠭᠠᠬᠠᠨ ᠮᠥᠷ ᠲᠡᠨᠳᠡ ᠪᠣᠢ  
  ᠨᠠᠷᠭᠢᠵᠤ ᠲᠣᠭᠯᠠᠳᠠᠭ ᠦᠶᠡᠴᠦᠦᠯ ᠦ᠋ᠨ ᠮᠢᠨᠢ  
  ᠵᠢᠩᠭᠢᠨᠡᠭᠰᠡᠨ ᠢᠨᠢᠶᠡᠳᠦ ᠲᠡᠨᠳᠡ ᠪᠣᠢ  

  ᠰᠠᠭᠠᠯᠢᠴᠢᠨ ᠠᠯᠳᠠᠷ ᠲᠠᠢ ᠡᠵᠢ ᠶ᠋ᠢᠨ ᠮᠢᠨᠢ 
  ᠭᠤᠩᠬᠠᠵᠤ ᠶᠠᠪᠤᠭᠰᠠᠨ ᠪᠠᠷ᠎ᠠ ᠪᠣᠢ 
  ᠰᠠᠢᠴᠤᠤᠯ ᠴᠣᠯᠠ ᠲᠠᠢ ᠠᠪᠤ ᠶ᠋ᠢᠨ ᠮᠢᠨᠢ 
  ᠭᠠᠯᠭᠢᠭᠤᠯᠵᠤ ᠶᠠᠪᠤᠭᠰᠠᠨ ᠳᠤᠷᠠᠰᠤᠮᠵᠢ ᠪᠣᠢ  

  ᠬᠣᠨᠢ ᠮᠠᠯ ᠤ᠋ᠨ ᠮᠢᠨᠢ ᠰᠦᠷᠦᠭ  
  ᠲᠠᠪᠠᠲᠠᠢᠬᠠᠨ ᠪᠡᠯᠴᠢᠬᠦ ᠦᠵᠡᠮᠵᠢ ᠪᠣᠢ 
  ᠬᠤᠷᠠᠭ᠎ᠠ ᠲᠤᠭᠤᠯ ᠲᠠᠢ ᠪᠠᠨ ᠲᠣᠭᠯᠠᠵᠤ ᠥᠰᠦᠭᠰᠡᠨ  
  ᠬᠡᠦᠬᠡᠳ ᠨᠠᠰᠤᠨ ᠤ᠋ ᠮᠢᠨᠢ ᠠᠮᠢᠳᠤᠷᠠᠯ ᠪᠣᠢ  

  ᠦᠭᠡᠢᠯᠡᠨ ᠰᠠᠨᠠᠬᠤ ᠰᠡᠳᠬᠢᠯ ᠳ᠋ᠦ᠍ ᠮᠢᠨᠢ  
  ᠴᠡᠴᠡᠭᠲᠦ ᠨᠣᠭᠣᠭᠠᠨ ᠳᠡᠨᠵᠢ ᠪᠣᠢ 
  ᠥᠨᠢᠳᠡ ᠶ᠋ᠢᠨ ᠨᠣᠭᠣᠭᠠᠨ ᠲᠡᠷᠡ ᠳᠡᠨᠵᠢᠨ ᠳ᠋ᠦ᠍  
  ᠵᠤᠨ ᠠ᠋ᠴᠠ ᠥᠭᠡᠷ᠎ᠡ ᠤᠯᠠᠷᠢᠯ  ᠦᠭᠡᠢ᠁     

       ᠦᠰᠦᠭ ᠠᠮᠢᠯᠠᠭᠤᠯᠤᠭᠴᠢ᠄ ᠪᠣᠷᠵᠢᠭᠢᠨ ᠠᠵᠠᠵᠠᠶᠠᠭ᠎ᠠ      
          ᠬᠢᠨᠠᠭᠴᠢ᠄ ᠰᠣᠳᠨᠠᠮᠳᠣᠷᠵᠢ ᠶ᠋ᠢᠨ ᠪᠠᠶᠠᠨᠨ᠌ᠠᠭᠤᠯᠠ