ᠡᠵᠡᠨ ᠪᠣᠭᠳᠠ ᠶ᠋ᠢᠨ ᠬᠣᠶᠠᠷ ᠵᠠᠭᠠᠯ-ᠣᠷᠳᠣᠰ ᠠᠷᠠᠳ ᠤᠨ ᠳᠠᠭᠤᠤ13Эзэн богдын хоёр загал ᠤᠷᠲᠤ ᠶ᠋ᠢᠨ ᠳᠠᠭᠤᠤ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠡᠵᠡᠨ ᠪᠣᠭᠳᠠ ᠶ᠋ᠢᠨ ᠬᠣᠶᠠᠷ ᠵᠠᠭᠠᠯ-ᠣᠷᠳᠣᠰ ᠠᠷᠠᠳ ᠤᠨ ᠳᠠᠭᠤᠤ13Эзэн богдын хоёр загал

ᠡᠵᠡᠨ ᠪᠣᠭᠳᠠ ᠶ᠋ᠢᠨ ᠬᠣᠶᠠᠷ ᠵᠠᠭᠠᠯ-ᠣᠷᠳᠣᠰ ᠠᠷᠠᠳ ᠤᠨ ᠳᠠᠭᠤᠤ13Эзэн богдын хоёр загал

2023-07-26

414

ᠡᠵᠡᠨ ᠪᠣᠭᠳᠠ ᠶ᠋ᠢᠨ ᠬᠣᠶᠠᠷ ᠵᠠᠭᠠᠯ

   ᠣᠷᠳᠣᠰ ᠠᠷᠠᠳ ᠤᠨ ᠳᠠᠭᠤᠤ 
ᠡᠵᠡᠨ ᠪᠣᠭᠳᠠ ᠶ᠋ᠢᠨ ᠬᠣᠶᠠᠷ ᠵᠠᠭᠠᠯ 
ᠪᠠᠭ᠎ᠠ ᠵᠠᠭᠠᠯ ᠪᠠᠢᠵᠤ ᠯᠠ ᠰᠠᠷᠠᠲᠤ 
ᠪᠣᠷᠣ ᠪᠢᠯᠵᠤᠤᠬᠠᠢ ᠵᠢᠷᠭᠢᠬᠦ ᠯᠡ ᠴᠠᠭ ᠲᠠᠢ 
ᠪᠣᠭᠳᠠ ᠨᠣᠶᠠᠨ ᠳᠡᠭᠡᠭᠰᠢᠯᠡᠬᠦ ᠴᠠᠭ ᠲᠠᠢ 
ᠡᠵᠡᠨ ᠪᠣᠭᠳᠠ ᠶ᠋ᠢᠨ ᠬᠣᠶᠠᠷ ᠵᠠᠭᠠᠯ 
ᠪᠠᠭ᠎ᠠ ᠵᠠᠭᠠᠯ ᠪᠠᠢᠵᠤ ᠯᠠ ᠰᠠᠷᠠᠲᠤ 
ᠬᠦᠢᠲᠡᠨ ᠵᠤᠤᠵᠠᠢ ᠪᠠᠨ ᠵᠠᠭᠤᠭᠠᠳᠤᠢ ᠰᠢᠷᠭ᠎ᠠ 
ᠬᠥᠯᠥᠰᠥ ᠲᠡᠢ ᠲᠣᠬᠣᠮ ᠢ᠋ᠶ᠋ᠠᠨ ᠲᠣᠬᠣᠭᠠᠳᠤᠢ ᠰᠢᠷᠭ᠎ᠠ 
ᠡᠵᠡᠨ ᠪᠣᠭᠳᠠ ᠶ᠋ᠢᠨ ᠬᠣᠶᠠᠷ ᠵᠠᠭᠠᠯ 
ᠪᠠᠭ᠎ᠠ ᠵᠠᠭᠠᠯ ᠪᠠᠢᠵᠤ ᠯᠠ ᠰᠠᠷᠠᠲᠤ 
ᠭᠤᠷᠪᠠᠨ ᠭᠣᠣᠯ ᠢ᠋ ᠲᠤᠭᠤᠯᠤᠭᠠᠳᠤᠢ ᠰᠢᠷᠭ᠎ᠠ 
ᠭᠤᠷᠮᠤᠰᠤᠨ ᠴᠢᠳᠥᠷ ᠢ᠋ᠶ᠋ᠡᠷ ᠴᠢᠳᠥᠷᠯᠡᠭᠡᠳᠦᠢ ᠰᠢᠷᠭ᠎ᠠ
ᠡᠵᠡᠨ ᠪᠣᠭᠳᠠ ᠶ᠋ᠢᠨ ᠬᠣᠶᠠᠷ ᠵᠠᠭᠠᠯ
ᠪᠠᠭ᠎ᠠ ᠵᠠᠭᠠᠯ ᠪᠠᠢᠵᠤ ᠯᠠ ᠰᠠᠷᠠᠲᠤ
ᠦᠨᠡᠭᠡ ᠪᠡᠨ ᠦᠵᠡᠭᠡᠳ ᠦᠷᠭᠦᠶ᠎ᠡ ᠪᠠᠢᠶ᠎ᠠ ᠶᠣ᠌
ᠦᠨᠡᠰᠦ ᠪᠡᠨ ᠦᠵᠡᠭᠡᠳ ᠬᠥᠷᠪᠡᠶ᠎ᠡ ᠪᠠᠢᠶ᠎ᠠ ᠶᠣ᠌
ᠡᠵᠡᠨ ᠪᠣᠭᠳᠠ ᠶ᠋ᠢᠨ ᠬᠣᠶᠠᠷ ᠵᠠᠭᠠᠯ
ᠪᠠᠭ᠎ᠠ ᠵᠠᠭᠠᠯ ᠪᠠᠢᠵᠤ ᠯᠠ ᠰᠠᠷᠠᠲᠤ
ᠰᠤᠬᠠᠢ ᠪᠠᠨ ᠦᠵᠡᠭᠡᠳ ᠰᠢᠷᠭᠤᠶ᠎ᠠ ᠪᠠᠢᠶ᠎ᠠ ᠶᠣ᠌
ᠰᠣᠯᠢ ᠪᠠᠨ ᠦᠵᠡᠭᠡᠳ ᠬᠠᠵᠠᠶ᠎ᠠ ᠪᠠᠢᠶ᠎ᠠ ᠶᠣ᠌
ᠡᠵᠡᠨ( ᠶᠣ᠌ ᠯᠠ) ᠪᠣᠭᠳᠠ ᠶ᠋ᠢᠨ ᠬᠣᠶᠠᠷ( ᠶᠣ᠌) ᠵᠠᠭᠠᠯ
ᠪᠠᠭ᠎ᠠ( ᠶᠣ᠌ ᠯᠠ) ᠵᠠᠭᠠᠯ ᠪᠠᠢᠵᠤ ᠯᠠ ᠰᠠᠷᠠᠲᠤ
ᠠᠯᠲᠠᠢ(ᠶᠣ᠌ ᠯᠠ) ᠬᠠᠩᠭᠠᠢ ᠭᠠᠵᠠᠷ ᠤ᠋ᠨ ᠥᠨᠳᠥᠷ
ᠠᠭᠲᠠ(ᠶᠣ᠌ ᠯᠠ)ᠮᠣᠷᠢ ᠮᠢᠨᠢ ᠲᠡᠭᠷᠢ ᠶ᠋ᠢᠨ ᠤᠨᠠᠭ᠎ᠠ
ᠬᠦᠢᠲᠡᠨ(ᠶᠣ᠌ ᠯᠠ)ᠵᠤᠤᠵᠠᠢ ᠪᠠᠨ ᠵᠠᠭᠤᠭᠠᠳᠤᠢ(ᠯᠠ) ᠵᠠᠭᠠᠯ
ᠬᠥᠯᠥᠰᠥ(ᠯᠡ) ᠲᠡᠢ ᠲᠣᠬᠣᠮ ᠢ᠋ᠶ᠋ᠠᠨ ᠲᠣᠬᠣᠭᠠᠳᠤᠢ(ᠯᠠ) ᠵᠠᠭᠠᠯ
ᠰᠢᠪᠠᠷ ᠲᠠᠢ( ᠯᠠ )ᠡᠪᠡᠰᠦ ᠶ᠋ᠢ ᠢᠳᠡᠭᠡᠳᠦᠢ( ᠯᠡ) ᠵᠠᠭᠠᠯ
ᠱᠠᠯᠴᠢᠭ ᠲᠠᠢ( ᠯᠠ ) ᠤᠰᠤ ᠶ᠋ᠢ ᠤᠤᠭᠤᠭᠠᠳᠤᠢ( ᠯᠠ) ᠵᠠᠭᠠᠯ
ᠠᠷᠤ(ᠶᠣ᠌ ᠯᠠ) ᠬᠠᠩᠭᠠᠢ ᠠᠳᠤᠭᠤᠨ ᠤ᠋ ᠪᠡᠯᠴᠢᠭᠡᠷ
ᠠᠭᠠᠷ(ᠶᠣ᠌ ᠯᠠ) ᠬᠤᠷᠮᠤᠰᠲᠠ ᠲᠡᠭᠷᠢ ᠶ᠋ᠢᠨ ᠤᠨᠠᠭ᠎ᠠ
ᠠᠷᠤ(ᠶᠣ᠌ ᠯᠠ) ᠬᠠᠩᠭᠠᠢ ᠳ᠋ᠤ᠌ ᠨᠤᠲᠤᠭ ᠲᠠᠢ( ᠯᠠ ) ᠵᠠᠭᠠᠯ
ᠠᠯᠲᠠᠨ(ᠶᠣ᠌ ᠯᠠ) ᠳᠡᠯᠡᠬᠡᠢ ᠳ᠋ᠦ᠍ ᠪᠡᠯᠴᠢᠭᠡᠷ ᠲᠡᠢ( ᠯᠡ ) ᠵᠠᠭᠠᠯ
ᠪᠣᠷᠣ(ᠶᠣ᠌ ᠯᠠ) ᠲᠣᠬᠣᠢ ᠳ᠋ᠤ᠌ ᠪᠡᠯᠴᠢᠭᠡᠷ ᠲᠡᠢ ( ᠯᠡ ) ᠵᠠᠭᠠᠯ
ᠪᠣᠷᠣ(ᠶᠣ᠌ ᠯᠠ) ᠬᠥᠪ ᠲᠦ᠍ ᠤᠮᠳᠠ ᠲᠠᠢ( ᠯᠠ ) ᠵᠠᠭᠠᠯ
ᠪᠠᠶᠠᠨ(ᠶᠣ᠌ ᠯᠠ) ᠬᠣᠭᠣᠯᠠᠢ ᠳ᠋ᠤ᠌ ᠪᠠᠨ ᠪᠡᠯᠴᠢᠭᠡᠷ ᠲᠡᠢ( ᠯᠡ ) ᠵᠠᠭᠠᠯ
ᠪᠠᠶᠠᠨ(ᠶᠣ᠌ ᠯᠠ) ᠪᠤᠯᠠᠭ ᠲᠤ᠌ ᠪᠠᠨ ᠤᠮᠳᠠ ᠲᠠᠢ( ᠯᠠ ) ᠵᠠᠭᠠᠯ
ᠠᠷᠤ(ᠶᠣ᠌ ᠯᠠ) ᠰᠢᠯᠢ ᠳ᠋ᠦ᠍ ᠪᠡᠨ ᠪᠡᠯᠴᠢᠭᠡᠷ ᠲᠡᠢ ( ᠯᠡ ) ᠵᠠᠭᠠᠯ
ᠷᠠᠰᠢᠶᠠᠨ(ᠶᠣ᠌ ᠯᠠ) ᠪᠤᠯᠠᠭ ᠲᠤ᠌ ᠪᠠᠨ ᠤᠮᠳᠠ ᠲᠠᠢ( ᠯᠠ ) ᠵᠠᠭᠠᠯ
ᠤᠷᠲᠤ(ᠶᠣ᠌ ᠯᠠ) ᠮᠠᠢᠯ ᠳ᠋ᠤ᠌ ᠪᠠᠨ ᠪᠡᠯᠴᠢᠭᠡᠷ ᠲᠡᠢ ( ᠯᠡ ) ᠵᠠᠭᠠᠯ
ᠤᠷᠤᠰᠤᠮ᠎ᠠ(ᠶᠣ᠌ ᠯᠠ) ᠪᠤᠯᠠᠭ ᠲᠤ᠌ ᠪᠠᠨ ᠤᠮᠳᠠ ᠲᠠᠢ( ᠯᠠ ) ᠵᠠᠭᠠᠯ