ᠡᠷᠡᠭᠦᠯ ᠶᠠᠪᠤᠬᠤ ᠤᠬᠠᠭᠠᠨ - ᠳ ᠂ ᠪᠠᠲᠤᠪᠠᠶᠠᠷ Эрүүл явах ухаан - Д ᠂ Батбаяр
ᠡᠷᠡᠭᠦᠯ ᠶᠠᠪᠤᠬᠤ ᠤᠬᠠᠭᠠᠨ
( ᠬᠣᠱᠣᠩ ᠥᠭᠦᠯᠡᠯᠭᠡ )
ᠠᠵᠢᠯ ᠲᠠᠷᠬᠠᠬᠤ ᠶ᠋ᠢᠨ ᠠᠯᠲᠠ ᠳ᠋ᠤ᠌ ᠨᠠᠴᠤᠭ ᠂ ᠸᠴᠢᠷ ᠦ᠋ᠨ ᠥᠷᠥᠭᠡᠨ ᠳ᠋ᠦ᠍ ᠣᠷᠣᠪᠠᠯ ᠲᠡᠷᠡ ᠪᠡᠷ ᠱᠠᠬᠠᠢ ᠪᠠᠨ ᠦᠳᠡᠵᠦ ᠰᠠᠭᠤᠯ᠎ᠠ ᠃
- ᠵᠠ ᠰᠣᠨᠢᠨ ᠰᠠᠢᠬᠠᠨ ᠶᠠᠭᠤ ᠲᠠᠢ ᠪᠣᠢ ᠭᠡᠮᠡᠨ ᠨᠠᠴᠤᠭ ᠢ᠋ ᠠᠰᠠᠭᠤᠬᠤ ᠳ᠋ᠤ᠌ ᠸᠴᠢᠷ ᠳᠤᠤᠭᠠᠷᠤᠭᠰᠠᠨ ᠴᠤ᠌ ᠦᠭᠡᠢ ᠂ ᠲᠡᠭᠦᠨ ᠦ᠌ ᠥᠭᠡᠳᠡ ᠡᠴᠡ ᠬᠠᠷᠠᠭᠰᠠᠨ ᠴᠤ᠌ ᠦᠭᠡᠢ᠂ ᠥᠷᠥᠭᠡᠨ ᠳ᠋ᠡᠭᠡᠨ ᠭᠠᠭᠴᠠᠭᠠᠷ ᠢᠶᠠᠨ ᠰᠠᠭᠤᠭ᠎ᠠ ᠮᠡᠲᠦ ᠱᠠᠬᠠᠢ ᠪᠠᠨ ᠦᠳᠡᠨ᠎ᠡ᠃ 《 ᠨᠠᠮ᠎ᠠ ᠶ᠋ᠢ ᠣᠷᠣᠵᠤ ᠢᠷᠡᠭᠰᠡᠨ ᠢ ᠮᠡᠳᠡᠬᠦ ᠦᠭᠡᠢ ᠪᠠᠢᠵᠤ ᠪᠠᠢᠭᠠᠳ ᠭᠡᠨᠡᠳᠲᠡ ᠰᠣᠴᠢᠬᠤ ᠶᠤᠮ ᠪᠢᠰᠢ ᠪᠠᠢᠭ᠎ᠠ 》 ᠭᠡᠵᠦ ᠪᠣᠳᠣᠭᠰᠠᠨ ᠨᠠᠴᠤᠭ ᠬᠣᠭᠣᠯᠠᠢ ᠵᠠᠰᠠᠨ ᠵᠣᠭᠰᠣᠲᠠᠯ᠎ᠠ ᠬᠣᠶᠠᠷ ᠱᠠᠬᠠᠢ ᠪᠠᠨ ᠦᠳᠡᠵᠦ ᠳᠠᠭᠤᠰᠤᠭᠰᠠᠨ ᠸᠴᠢᠷ :
- ᠵᠠ ᠲᠡᠭᠡᠭᠡᠳ ᠭᠡᠳ ᠨᠠᠴᠤᠭ ᠢ᠋ ᠲᠣᠯᠣᠭᠠᠢ ᠠ᠋ᠴᠠ ᠨᠢ ᠬᠥᠯ ᠢ᠋ ᠨᠢ ᠬᠦᠷᠲᠡᠯ᠎ᠡ ᠭᠦᠶᠦᠯᠭᠡᠨ ᠬᠠᠷᠠᠭᠰᠠᠨ ᠢ᠋ᠶ᠋ᠠᠨ ᠄
- ᠶᠠᠭᠤ ᠪᠠᠢᠨ᠎ᠠ ᠳᠠ ᠭᠡᠵᠦ ᠲᠠᠢᠪᠤᠩ ᠢ᠋ᠶ᠋ᠠᠷ ᠥᠭᠦᠯᠡᠪᠡ ᠃
- ᠵᠦᠭᠡᠷ ᠥᠨᠥᠳᠥᠷ ᠵᠢᠭᠠᠯ ᠰᠠᠭᠤᠴᠢᠬᠠᠭᠰᠠᠨ ᠴᠢᠨᠢ ᠨᠢᠷᠤᠭᠤ ᠡᠪᠡᠳᠦᠭᠡᠳ ᠁ ᠭᠡᠵᠦ ᠨᠠᠴᠤᠭ ᠢ᠋ ᠬᠡᠯᠡᠬᠦ ᠳ᠋ᠦ᠍ :
- ᠨᠢᠷᠤᠭᠤ ? ᠬᠠᠮᠢᠭ᠎ᠠ ? ᠭᠡᠰᠡᠨ ᠢ᠋ᠶ᠋ᠡᠨ ᠥᠪᠡᠷ ᠦ᠋ᠨ ᠢ᠋ᠶ᠋ᠡᠨ ᠣᠬᠣᠷ ᠰᠡᠭᠦᠯ ᠡᠴᠡ ᠲᠡᠭᠡᠨᠡᠬᠡᠨ ᠳᠠᠷᠤᠨ:
- ᠡᠨᠳᠡ ᠤᠤ ᠭᠡᠭᠦ ᠳ᠋ᠦ᠍ᠨᠢ ᠨᠠᠴᠤᠭ :
- ᠡᠨᠳᠡ ᠭᠡᠳ ᠡᠪᠡᠳᠴᠦ ᠪᠠᠢᠭ᠎ᠠ ᠭᠠᠵᠠᠷ ᠢ᠋ᠶ᠋ᠠᠨ ᠵᠢᠭᠠᠪᠠ ᠃ ᠸᠴᠢᠷ ᠲᠡᠭᠦᠨ ᠦ᠌ ᠡᠪᠡᠳᠴᠦ ᠪᠠᠢᠭ᠎ᠠ ᠭᠠᠵᠠᠷ ᠢ᠋ ᠳᠠᠷᠤᠵᠤ ᠦᠵᠡᠭᠰᠡᠨ ᠢ᠋ᠶ᠋ᠡᠨ ᠄
- ᠠ ᠨᠠᠭᠠᠳᠤᠬᠢ ᠢ ᠴᠢᠨᠢ《 ᠣᠯᠠᠨ ᠠᠭᠤᠯᠵᠠᠬᠤ 》 ᠭᠡᠳᠡᠭ ᠶᠦᠮ ᠭᠡᠳ ᠰᠢᠷᠣᠢᠳᠠᠭᠰᠠᠨ ᠮᠡᠲᠦ ᠬᠣᠶᠠᠷ ᠭᠠᠷ ᠢ᠋ᠶ᠋ᠠᠨ ᠥᠷᠥᠵᠦ ᠰᠡᠭᠰᠦᠷᠦᠭᠰᠡᠨ ᠢᠶᠠᠨ:
- ᠳᠣᠣᠷ᠎ᠠ ᠠ᠋ᠴᠠ ᠪᠠᠨ ᠲᠠᠭᠠᠷᠠᠭᠰᠠᠨ ᠤ᠋ ᠬᠢ ᠂ ᠡᠨᠡ ᠮᠠᠭᠤ ᠭᠡᠳ ᠨᠠᠴᠤᠭ ᠤᠨ ᠡᠮᠦᠰᠦᠭᠰᠡᠨ ᠱᠠᠬᠠᠢ ᠶ᠋ᠢ ᠵᠢᠭᠠᠨ :
- ᠷᠧᠽᠢᠨ ( ᠵᠢᠶᠣᠤᠫᠢ ) ᠤ ᠤᠯᠠ ᠲᠠᠢ ᠭᠤᠲᠤᠯ ᠤᠤ ? ᠵᠠ ᠴᠢ ᠡᠷᠡᠭᠦᠯ ᠶᠠᠪᠤᠶ᠎ᠠ ᠭᠡᠪᠡᠯ ᠪᠠᠢᠨ᠎ᠠ ᠰᠢᠦ ᠂ ᠢᠩᠭᠢ ᠂ ᠶᠡᠬᠡ ᠠᠮᠠᠷᠬᠠᠨ ᠂ ᠡᠷᠡᠭᠦᠯ ᠶᠠᠪᠤᠬᠤ ᠰᠢᠭ᠋ ᠠᠮᠠᠷᠬᠠᠨ ᠶᠠᠭᠤᠮ᠎ᠠ ᠴᠤ᠌ ᠪᠠᠢᠳᠠᠭ ᠦᠭᠡᠢ ᠶᠦᠮ᠃ ᠳᠠᠩᠴᠤ ᠬᠥᠮᠦᠨ ᠬᠦᠰᠡᠬᠦ ᠦᠭᠡᠢ ᠳ᠋ᠡᠭᠡᠨ ᠯᠡ ᠪᠠᠢᠭ᠎ᠠ ᠶᠤᠮ ᠭᠡᠳ ᠵᠡᠭᠦᠨ ᠬᠥᠯ ᠦ᠋ᠨ ᠢᠶᠡᠨ ᠱᠠᠬᠠᠢ ᠶ᠋ᠢ ᠲᠠᠢᠯᠵᠤ ᠳᠣᠲᠣᠷ᠎ᠠ ᠠ᠋ᠴᠠ ᠨᠢ ᠬᠠᠷ᠎ᠠ ᠬᠥᠬᠡ ᠳᠠᠪᠤᠤ ᠪᠠᠷ ᠰᠢᠷᠢᠴᠢᠭᠡᠭᠰᠡᠨ ᠤᠯᠠᠪᠴᠢ ᠭᠠᠷᠭᠠᠵᠤ :
- ᠡᠨᠡ ᠂ ᠶᠠᠭᠤ ᠶᠠᠭᠤᠨ ᠠ᠋ᠴᠠ ᠲᠡᠷᠢᠭᠦᠨ ᠳ᠋ᠦ᠍ ᠡᠢᠮᠦ ᠤᠯᠠᠪᠴᠢ ᠭᠤᠷᠪᠠ ᠶ᠋ᠢ ᠬᠢᠭᠡᠳ ᠠᠪᠴᠢᠬ᠎ᠠ ᠂ ᠴᠢᠳᠠᠬᠤ ᠤᠤ ᠭᠡᠳ ᠨᠠᠴᠤᠭ ᠢ᠋ ᠰᠢᠷᠲᠡᠬᠦ ᠳ᠋ᠦ᠍ ᠴᠠᠭᠠᠳᠤᠬᠢ ᠨᠢ :
- ᠴᠢᠳᠠᠨ᠎ᠠ ᠭᠡᠵᠦ ᠲᠣᠯᠣᠭᠠᠢ ᠳᠣᠬᠢᠯ᠎ᠠ᠃
- ᠲᠡᠭᠡᠭᠡᠳ ᠥᠷᠯᠥᠭᠡ ᠠᠵᠢᠯ ᠳᠡᠭᠡᠷ᠎ᠡ ᠪᠡᠨ ᠢᠷᠡᠩᠭᠦᠲᠡ ᠤᠯᠠᠪᠴᠢ ᠪᠠᠨ ᠰᠣᠯᠢᠭᠠᠳ ᠨᠣᠢᠲᠠᠨ ᠢ᠋ ᠪᠡᠨ ᠡᠨᠡ ᠤᠰᠤᠨ ᠫᠢᠰᠢᠩ ( ᠳᠤᠯᠠᠭᠠᠴᠠᠭᠤᠷ ) ᠤ᠋ᠨ ᠢ᠋ᠶ᠋ᠠᠨ ᠠᠷᠤ ᠪᠠᠷ ᠬᠢᠴᠢᠬᠡ ᠂ ᠣᠷᠣᠢ ᠠᠵᠢᠯ ᠲᠠᠷᠬᠠᠬᠤ ᠳ᠋ᠤ᠌ ᠨᠥᠭᠥᠭᠡᠬᠢ ᠴᠢᠨᠢ ᠰᠠᠢᠬᠠᠨ ᠬᠠᠲᠠᠴᠢᠬᠠᠭᠰᠠᠨ ᠪᠠᠢᠬᠤ ᠪᠣᠢ ᠂ ᠲᠡᠭᠡᠬᠦ ᠪᠡᠷ ᠨᠢ ᠨᠥᠭᠥᠭᠡᠬᠢ ᠪᠡᠨ ᠠᠪᠴᠤ ᠰᠣᠯᠢᠴᠢᠬᠠᠭᠠᠳ ᠯᠠ ᠨᠣᠢᠲᠠᠨ ᠢ᠋ᠶ᠋ᠠᠨ ᠣᠷᠣᠨ ᠳ᠋ᠤᠨᠢ ᠬᠢᠴᠢᠬᠡᠭᠡᠳ ᠶᠠᠪᠤᠴᠢᠬ᠎ᠠ ᠃
- ᠲᠡᠢᠮᠦ ᠠᠮᠠᠷᠬᠠᠨ ᠨᠣᠷᠴᠢᠬᠠᠨᠠ ᠭᠡᠵᠢ ᠦᠦ ?
- ᠬᠠᠮᠢᠶ᠎ᠠ ᠦᠭᠡᠢ ᠂ ᠬᠠᠭᠤᠷᠠᠢ ᠴᠤ᠌ ᠪᠠᠢᠭᠰᠠᠨ ᠵᠠᠪᠠᠯ ᠰᠣᠯᠢᠨ᠎ᠠ ᠂ ᠲᠡᠭᠡᠵᠦ ᠯᠡ ᠪᠠᠢᠩᠭᠤ ᠰᠣᠯᠢᠬᠤ ᠦᠭᠡᠢ ᠪᠣᠯ ᠶᠠᠭᠠᠬᠢᠵᠤ ᠰᠤᠷᠬᠤ ᠪᠣᠢ᠂ ᠰᠤᠷᠬᠤ ᠦᠭᠡᠢ ᠰᠢᠦ ᠳᠡ ᠃ ᠵᠠ ᠲᠡᠭᠡᠭᠡᠳ ᠬᠠᠷᠢᠯ᠎ᠠ ᠂ ᠣᠷᠣᠨ ᠳ᠋ᠠᠭᠠᠨ ᠥᠨᠥᠬᠢ ᠪᠡᠨ ᠰᠣᠯᠢᠭᠠᠳ ᠡᠮᠦᠰᠴᠦ ᠢᠷᠡᠭᠰᠡᠨ ᠢ᠋ ᠪᠡᠨ ᠬᠠᠲᠠᠭᠠᠬᠤ ᠪᠠᠷ ᠲᠠᠯᠪᠢᠨ᠎ᠠ ᠃ ᠭᠦᠢᠴᠡᠭᠡ ᠂ ᠢᠩᠭᠢᠭᠡᠳ ᠯᠡ ᠲᠣᠭᠲᠠᠮᠠᠯ ᠰᠣᠯᠢᠴᠢᠬᠠᠭᠠᠳ ᠬᠦᠢᠲᠡᠨ ᠳ᠋ᠦ᠍ ᠲᠠᠭᠠᠷᠠᠬᠤ ᠦᠭᠡᠢ ᠂ ᠬᠠᠯᠠᠭᠤᠨ ᠳ᠋ᠤ᠌ ᠬᠠᠯᠠᠭᠤᠳᠠᠬᠤ ᠦᠭᠡᠢ ᠶᠠᠪᠤᠭᠠᠳ ᠪᠠᠢᠬᠤ ᠳ᠋ᠤ᠌ ᠬᠥᠮᠦᠨ ᠶᠡᠷᠦ ᠨᠢ ᠶᠠᠭᠠᠬᠢᠵᠤ ᠡᠪᠡᠳᠴᠢᠨ ᠲᠤᠰᠬᠤ ᠪᠣᠢ ?
- ᠲᠠ ᠶᠠᠮᠤᠨ ᠳ᠋ᠤ᠌ ᠬᠣᠷᠢᠭᠠᠳ ᠵᠢᠯ ᠪᠣᠯᠬᠤ ᠳ᠋ᠠᠭᠠᠨ ᠨᠢᠭᠡ ᠴᠤ᠌ ᠤᠳᠠᠭ᠎ᠠ ᠡᠪᠡᠳᠦᠭᠡ ᠦᠭᠡᠢ ᠭᠡᠯᠡ ᠦᠦ?
- ᠡᠪᠡᠳᠬᠦ ᠪᠠᠢᠲᠤᠭᠠᠢ ᠪᠢ ᠰᠡᠭᠦᠯ ᠦ᠋ᠨ ᠬᠣᠷᠢᠭᠠᠳ ᠵᠢᠯ ᠡᠮ ᠤᠤᠭᠤᠵᠤ ᠦᠵᠡᠭᠡ ᠦᠭᠡᠢ ᠂ ᠤᠬᠠᠭᠠᠨ ᠳ᠋ᠠᠭᠠᠨ ᠴᠤ᠌ ᠪᠣᠯ ᠤᠷᠢ ᠤᠨᠠᠭᠠᠳ ᠢᠷᠡᠬᠦᠯᠡᠷ ᠨᠣᠣᠰᠣᠨ ᠥᠮᠥᠳᠥ ᠪᠡᠨ ᠲᠠᠢᠯᠤᠭᠠᠳ ᠯᠠ ᠬᠠᠶᠠᠴᠢᠬᠠᠳᠠᠭ ᠳᠠ ᠃
- ᠵᠤᠨ ᠴᠤ᠌ ᠬᠠᠷ᠎ᠠ ᠠᠶᠠᠨᠳᠠᠭᠠᠨ ᠬᠠᠯᠠᠭᠤᠴᠠᠭᠠᠳ ᠡᠮᠦᠰᠴᠦ ᠪᠣᠯᠬᠤ ᠪᠠᠨ ᠪᠤᠯᠢᠴᠢᠬᠠᠳᠠᠭ ᠶᠤᠮ ᠳᠠ ᠃
- ᠵᠠ ᠲᠡᠷᠡ ᠳᠠ ᠂ ᠪᠣᠯᠬᠤ ᠦᠭᠡᠢ ᠂ ᠪᠢᠲᠡᠭᠡᠢ ᠲᠠᠢᠯᠵᠤ ᠪᠠᠢ ᠪᠡᠶ᠎ᠡ ᠶ᠋ᠢᠨ ᠢ᠋ᠶ᠋ᠡᠨ ᠲᠧᠮᠫᠧᠷᠠᠲᠦ᠋ᠷ (ᠳᠤᠯᠠᠭᠠᠨ ᠤ ᠬᠡᠮᠵᠢᠶ᠎ᠡ ) ᠢ ᠲᠣᠭᠲᠠᠮᠠᠯ ᠪᠠᠢᠯᠭᠠᠵᠤ ᠴᠢᠳᠠᠵᠤ ᠭᠡᠮᠡᠨ ᠬᠥᠮᠦᠨ ᠡᠪᠡᠳᠬᠦ ᠦᠭᠡᠢ ᠃ ᠲᠡᠷᠡ ᠴᠢᠨᠢ ᠶᠠᠭᠤ ᠭᠡᠰᠡᠨ ᠦᠭᠡ ᠪᠣᠢ ᠭᠡᠪᠡᠯ ᠭᠠᠳᠠᠭ᠎ᠠ ᠬᠦᠢᠲᠡᠨ ᠴᠤ᠌ ᠪᠠᠢ ᠂ ᠳᠤᠯᠠᠭᠠᠨ ᠴᠤ᠌ ᠪᠠᠢ᠂ ᠪᠡᠶ᠎ᠡ ᠶ᠋ᠢᠨ ᠢᠶᠡᠨ ᠳᠤᠯᠠᠭᠠᠨ ᠢ ᠨᠢᠭᠡ ᠲᠦᠪᠰᠢᠨ ᠳ᠋ᠦ᠍ ᠪᠠᠢᠯᠭᠠᠨ᠎ᠠ ᠭᠡᠰᠡᠨ ᠦᠭᠡ ᠂ ᠥᠭᠡᠷ᠎ᠡ ᠪᠡᠷ ᠬᠡᠯᠡᠪᠡᠯ ᠬᠠᠯᠠᠭᠤᠨ ᠰᠠᠪᠠ ᠰᠢᠭ᠋ ᠪᠠᠢᠯᠭᠠᠨ᠎ᠠ ᠭᠡᠰᠡᠨ ᠦᠭᠡ᠃
- ᠭᠠᠭᠴᠠᠬᠠᠨ ᠲᠡᠭᠡᠵᠦ ᠴᠢᠳᠠᠭᠰᠠᠨ ᠠ᠋ᠴᠠ ᠯᠠ ᠁
- ᠦᠭᠡᠢ ᠠ᠋ ᠂ ᠡᠷᠡᠭᠦᠯ ᠶᠠᠪᠤᠬᠤ ᠳ᠋ᠤ᠌ ᠥᠭᠡᠷ᠎ᠡ ᠪᠠᠰᠠ ᠶᠡᠬᠡ ᠶᠠᠭᠤᠮ᠎ᠠ ᠪᠣᠢ ᠰᠢᠦ ᠭᠡᠳ ᠸᠴᠢᠷ ᠨᠠᠴᠤᠭ ᠲᠤ᠌ ᠬᠡᠯᠡᠶ᠎ᠡ ᠦᠦ ᠂ ᠪᠠᠢᠶ᠎ᠠ ᠤᠤ ᠭᠡᠰᠡᠨ ᠰᠢᠭ᠌ ᠲᠡᠭᠡᠨᠡᠭᠡᠯᠵᠡᠨ ( ᠰᠠᠨᠠᠭ᠎ᠠ ᠬᠣᠶᠠᠷᠳᠠᠬᠤ ) ᠬᠠᠷᠠᠭᠰᠠᠨ ᠢ᠋ᠶ᠋ᠠᠨ :
- ᠪᠢ ᠡᠨᠡ ᠶᠠᠮᠤᠨ ᠳ᠋ᠤ᠌ ᠬᠣᠷᠢᠭᠠᠳ ᠵᠢᠯ ᠪᠣᠯᠬᠤ ᠳ᠋ᠠᠭᠠᠨ ᠨᠢᠭᠡ ᠴᠤ᠌ ᠤᠳᠠᠭ᠎ᠠ ᠠᠵᠢᠯ ᠢ᠋ᠶ᠋ᠠᠨ ᠰᠣᠯᠢᠵᠤ ᠥᠭᠡᠷᠡᠴᠢᠯᠡᠭᠡ ᠦᠭᠡᠢ ᠂ ᠨᠢᠭᠡ ᠴᠤ᠌ ᠤᠳᠠᠭ᠎ᠠ ᠠᠭᠤᠷᠯᠠᠵᠤ ᠪᠣᠬᠢᠮᠳᠤᠭᠠ ᠦᠭᠡᠢ ᠂ ᠡᠨᠡ ᠶᠠᠭᠤᠨ ᠳ᠋ᠤ᠌ ᠬᠡᠷᠡᠭᠲᠡᠢ ᠪᠣᠢ ᠭᠡᠪᠡᠯ ᠁ ᠭᠡᠳ ᠲᠣᠯᠣᠭᠠᠢ ᠪᠠᠨ ᠵᠢᠭᠠᠨ ᠄
- ᠡᠨᠡ ᠪᠥᠨᠳᠥᠭᠡᠷ ᠢ᠋ᠶ᠋ᠡᠨ ᠪᠠᠰᠠ ᠨᠢᠭᠡᠨ ᠬᠡᠪ ᠦ᠋ᠨ ᠲᠠᠢᠪᠤᠩ ᠪᠠᠢᠯᠭᠠᠬᠤ ᠬᠠᠮᠤᠭ ᠤ᠋ᠨ ᠴᠢᠬᠤᠯᠠ ᠂ ᠡᠨᠡ ᠴᠤ᠌ ᠬᠡᠴᠡᠭᠦᠦ ᠳᠡ ᠃
ᠠᠳᠠᠭ ᠤᠨ ᠠᠭᠠᠲᠤ ᠵᠠᠬ᠎ᠠ ᠨᠢ ᠠᠵᠢᠯ ᠳ᠋ᠠᠭᠠᠨ ᠢᠷᠡᠬᠦ ᠂ ᠪᠤᠴᠠᠬᠤ ᠵᠠᠮ ᠢ᠋ᠶ᠋ᠠᠨ ᠬᠦᠷᠲᠡᠯ᠎ᠡ ᠥᠭᠡᠷᠡᠴᠢᠯᠡᠵᠦ ᠪᠣᠯᠳᠠᠭ ᠦᠭᠡᠢ ᠶᠦᠮ ᠃ ᠪᠦᠬᠦ ᠶᠠᠭᠤᠮᠠᠨ ᠳ᠋ᠤ᠌ ᠵᠠᠩᠰᠢᠴᠢᠬᠠᠭᠰᠠᠨ ᠵᠠᠩ ᠬᠠᠲᠠᠭᠤ ᠴᠢᠩᠳᠠ ᠲᠢᠭ᠌ᠯᠢᠮ ᠴᠢᠬᠤᠯᠠ᠃ ᠲᠡᠷᠡ ᠶ᠋ᠢ ᠪᠡᠨ ᠬᠡᠷᠬᠢᠪᠡᠴᠦ ᠥᠭᠡᠷᠡᠴᠢᠯᠡᠵᠦ ᠂ ᠭᠡᠷᠬᠢᠪᠡᠴᠦ ᠥᠷᠥᠭᠡᠯ ᠪᠤᠰᠤᠳ ᠲᠤ ᠠᠪᠲᠠᠵᠤ ᠪᠣᠯᠬᠤ ᠦᠭᠡᠢ᠃ ᠡᠢᠮᠦ ᠴᠤ᠌ ᠰᠢᠨ᠎ᠡ ᠨᠣᠮ ᠭᠠᠷᠴᠤ ᠭᠡᠨ᠎ᠡ᠂ ᠲᠡᠷᠡ ᠴᠤ᠌ ᠰᠠᠢᠨ ᠨᠣᠮ ᠭᠡᠨ᠎ᠡ ᠭᠡᠰᠡᠨ ᠲᠡᠢᠮᠦ ᠶᠠᠭᠤᠮᠠᠨ ᠳ᠋ᠤ᠌ ᠬᠠᠭᠤᠷᠳᠠᠵᠤ ᠥᠪᠡᠷ ᠦᠨ ᠬᠡᠪᠰᠢᠭᠰᠡᠨ ᠵᠠᠩᠰᠢᠭ᠍ᠰᠠᠨ ᠢᠶᠠᠨ ᠣᠷᠬᠢᠵᠤ ᠪᠣᠯᠬᠤ ᠦᠭᠡᠢ᠃
ᠲᠡᠷᠡ ᠪᠤᠤ ᠬᠡᠯᠡ ᠭᠡᠳ ᠳᠠᠭᠤ ᠪᠠᠨ ᠨᠠᠮᠣᠰᠬᠠᠨ :
- ᠡᠳᠦᠷ ᠲᠦ ᠠᠷᠪᠠᠨ ᠬᠤᠷᠤᠭᠤᠨ ᠤ ᠪᠠᠨ ᠬᠡᠳᠦ ᠶ᠋ᠢ ᠨᠢ ᠬᠥᠳᠡᠯᠭᠡᠬᠦ ᠪᠤᠢ ᠭᠡᠬᠦ ᠳ᠋ᠡᠭᠡᠨ ᠬᠦᠷᠲᠡᠯ᠎ᠡ ᠨᠠᠷᠢᠨ ᠪᠣᠳᠣᠬᠤ ᠬᠡᠷᠡᠭᠲᠡᠢ ᠭᠡᠳ ᠴᠠᠭ ᠢᠶᠠᠨ ᠬᠠᠷᠠᠭᠰᠠᠨ ᠢᠶᠠᠨ:
- ᠵᠠ ᠳ᠋ᠠ ᠲᠡᠭᠡᠭᠡᠳ ᠡᠷᠡᠭᠦᠯ ᠶᠠᠪᠤᠬᠤ ᠳ᠋ᠤ᠌ ᠤᠬᠠᠭᠠᠨ ᠶᠡᠬᠡ ᠬᠡᠷᠡᠭᠲᠡᠢ ᠳ᠋ᠠ ᠭᠡᠳ ᠭᠠᠳᠠᠭᠤᠷ ᠬᠤᠪᠴᠠᠰᠤ ᠪᠠᠨ ᠡᠮᠦᠰᠦᠯ᠎ᠡ᠃
ᠨᠠᠴᠤᠭ :
- ᠬᠡᠨ ᠢ ᠶᠠᠭᠠᠬᠢᠨ᠎ᠠ ᠦᠭᠡᠢ ᠶᠠᠪᠤᠶ᠎ᠠ ᠳᠠ᠂ ᠲᠠ ᠬᠠᠮᠢᠭᠠᠰᠢ ᠪᠠᠨ ᠶᠠᠪᠤᠬᠤ ᠪᠣᠢ ᠭᠡᠬᠦ ᠳ᠋ᠤ᠌ ᠂
- ᠦᠭᠡᠢ ᠂ ᠦᠭᠡᠢ ᠂ ᠥᠭᠡᠷ᠎ᠡ ᠳᠠᠢᠰᠢ ᠪᠠᠨ ᠶᠠᠪᠤᠨ᠎ᠠ ᠭᠡᠳ ᠶᠠᠭᠠᠷᠠᠨ ᠭᠠᠷᠴᠤ ᠡᠭᠦᠳᠡ ᠪᠡᠨ ᠴᠣᠣᠵᠢᠯᠠᠪᠠ ᠃
ᠨᠠᠴᠤᠭ ᠶᠠᠭᠤᠮ᠎ᠠ ᠴᠤ᠌ ᠬᠡᠯᠡᠭᠰᠡᠨ ᠦᠭᠡᠢ ᠥᠷᠥᠭᠡ ᠤᠷᠤᠭᠤ ᠪᠠᠨ ᠶᠠᠪᠤᠬᠤ ᠳ᠋ᠤ᠌ ᠸᠴᠢᠷ:
- ᠬᠦᠶᠢ ᠭᠡᠮᠡᠨ ᠳᠠᠭᠤᠳᠠᠪᠠ ᠃ ᠨᠠᠴᠤᠭ ᠡᠷᠭᠢᠵᠦ ᠢᠷᠡᠪᠡᠯ
- ᠵᠠ ᠲᠡᠭᠡᠭᠡᠳ ᠣᠯᠠᠨ ᠵᠠᠮ ᠬᠥᠨᠳᠡᠯᠡᠨ ᠭᠠᠷᠬᠤ ᠭᠠᠵᠠᠷ ᠬᠥᠮᠦᠨ ᠲᠡᠢ ᠴᠣᠭ ᠪᠢᠲᠡᠭᠡᠢ ᠶᠠᠪᠤᠵᠤ ᠪᠠᠢ ᠂ ᠳᠡᠮᠡᠢ ᠴᠠᠯᠴᠢᠵᠤ ᠶᠠᠪᠤᠭᠠᠳ ᠮᠠᠰᠢᠨ ᠳ᠋ᠤ᠌ ᠣᠷᠣᠴᠢᠬᠠᠪᠠᠯ ᠶᠠᠭᠠᠬᠢᠨ᠎ᠠ ᠂ ᠪᠣᠯᠬᠤ ᠦᠭᠡᠢ ᠰᠢᠦ ᠭᠡᠳ ᠡᠢᠰᠢ ᠲᠠᠢᠰᠢ ᠬᠠᠷᠠᠭᠰᠠᠨ ᠢ᠋ᠶ᠋ᠠᠨ :
- ᠴᠢᠮ᠎ᠠ ᠶ᠋ᠢ ᠳᠠᠭᠤ ᠦᠭᠡᠢ ᠲᠣᠮᠣᠭᠠᠲᠠᠢ ᠂ ᠬᠠᠭᠠᠷᠬᠠᠢ ᠬᠡᠩᠭᠡᠷᠭᠡ ᠣᠷᠬᠢᠭᠠᠳ ᠶᠠᠪᠤᠳᠠᠭ ᠦᠭᠡᠢ ᠪᠣᠯᠬᠣᠷ ᠴᠢᠨᠢ ᠡᠨᠡ ᠪᠦᠭᠦᠳᠡ ᠶ᠋ᠢ ᠶᠠᠷᠢᠯ᠎ᠠ ᠰᠢᠦ ᠂ ᠮᠡᠳᠡᠪᠡ ᠤᠤ ᠭᠡᠳ ᠬᠦᠵᠦᠭᠦᠦ ᠪᠡᠨ ᠵᠠᠬᠠᠨ ᠳ᠋ᠠᠭᠠᠨ ᠰᠢᠭᠢᠳᠬᠡᠨ ᠰᠤᠭᠤᠨ ᠳ᠋ᠠᠭᠠᠨ ᠬᠠᠯᠠᠭᠤᠨ ᠤ ᠰᠢᠯ ᠲᠠᠢ ᠶᠤᠮ ᠰᠢᠭ᠋ ᠬᠠᠪᠴᠢᠨ ᠬᠡᠨ ᠳᠠᠭᠤᠳᠠᠭᠰᠠᠨ ᠴᠤ᠌ ᠡᠷᠭᠢᠵᠦ ᠬᠠᠷᠠᠬᠤ ᠪᠠᠷ ᠦᠭᠡᠢ ᠠᠯᠬᠤᠭᠰᠠᠭᠠᠷ ᠬᠣᠯᠠᠳᠬᠤ ᠶ᠋ᠢ ᠨᠢ ᠬᠠᠷᠠᠵᠤ ᠵᠣᠭᠰᠣᠭᠰᠠᠨ ᠨᠠᠴᠤᠭ 《 ᠬᠢᠩ 》 ᠭᠡᠵᠦ ᠥᠪᠡᠷ ᠲᠡᠭᠡᠨ ᠥᠭᠦᠯᠡᠭᠰᠡᠨ ᠢ᠋ᠶ᠋ᠡᠨ ᠡᠪᠡᠳᠴᠦ ᠪᠠᠢᠭ᠎ᠠ ᠨᠢᠷᠤᠭᠤ ᠪᠠᠨ ᠭᠠᠷ ᠢ᠋ᠶ᠋ᠠᠷ ᠢ᠋ᠶ᠋ᠠᠨ ᠳᠠᠷᠤᠨ ᠥᠷᠥᠭᠡ ᠤᠷᠤᠭᠤ ᠪᠠᠨ ᠶᠠᠪᠤᠪᠠ ᠃
《 ᠱᠣᠭ ᠬᠣᠱᠣᠩ ᠵᠣᠬᠢᠶᠠᠯ ᠤᠨ ᠳᠡᠭᠡᠵᠢ 》 ᠡᠴᠡ ᠬᠠᠭᠤᠯᠪᠠ᠃
