ᠮᠢᠨᠦ ᠲᠥᠷᠥᠭᠰᠡᠨ ᠡᠳᠦᠷ - ᠳ ᠂ ᠪᠠᠲᠤᠪᠠᠶᠠᠷ Миний төрсөн өдөр - Д ᠂ Батбаяр
ᠮᠢᠨᠦ ᠲᠥᠷᠥᠭᠰᠡᠨ ᠡᠳᠦᠷ
( ᠬᠣᠱᠣᠩ ᠥᠭᠦᠯᠡᠯᠭᠡ)
ᠪᠢ ᠳᠥᠷᠪᠡᠨ ᠰᠠᠷ᠎ᠠ ᠶ᠋ᠢᠨ ᠨᠢᠭᠡᠨ ᠳ᠋ᠦ᠍ ᠲᠥᠷᠥᠭᠰᠡᠨ᠃ ᠲᠥᠷᠥᠭᠰᠡᠨ ᠴᠠᠭ ᠠ᠋ᠴᠠ ᠬᠣᠢᠰᠢ ᠨᠢᠭᠡ ᠴᠦ᠍ ᠤᠳᠠᠭ᠎ᠠ ᠣᠢ ᠪᠠᠨ ᠲᠡᠮᠳᠡᠭᠯᠡᠵᠦ ᠦᠵᠡᠭᠡ ᠦᠭᠡᠢ᠃
ᠬᠡᠨ ᠴᠦ᠍ ᠨᠠᠳᠠ ᠲᠥᠷᠥᠭᠰᠡᠨ ᠡᠳᠦᠷ ᠦ᠋ᠨ ᠪᠡᠯᠡᠭ ᠰᠡᠯᠲᠡ ᠥᠭᠴᠦ ᠶᠠᠪᠤᠭᠰᠠᠨ ᠦᠭᠡᠢ᠂ ᠬᠠᠷᠢᠨ ᠴᠤ᠌ ᠨᠠᠮ᠎ᠠ ᠶ᠋ᠢ ᠬᠠᠭᠤᠷᠴᠤ ᠨᠠᠳᠠ ᠪᠠᠷ ᠳᠠᠭᠠᠵᠢᠩᠨᠠᠳᠠᠭ( ᠱᠣᠭᠯᠠᠳᠠᠭ)᠃
ᠪᠤᠰᠤᠳ ᠡᠳᠦᠷ ᠲᠡᠭᠡᠳᠡᠭ ᠦᠭᠡᠢ ᠮᠥᠷᠲᠡᠯ᠎ᠡ ᠵᠠᠪᠠᠯ ᠮᠢᠨᠦ ᠲᠥᠷᠥᠭᠰᠡᠨ ᠡᠳᠦᠷ ᠲᠡᠭᠡᠬᠦ ᠡᠴᠡ ᠲᠡᠭᠡᠬᠦ ᠭᠡᠰᠡᠨ ᠶᠦ᠍ᠮ ᠰᠢᠭ ᠨᠠᠮ᠎ᠠ ᠶ᠋ᠢ ᠬᠠᠭᠤᠷᠴᠢᠬᠠᠳᠠᠭ᠃ ᠥᠷᠯᠥᠭᠡ ᠶᠠᠭᠠᠬᠢᠭ᠎ᠠ ᠴᠤ᠌ ᠦᠭᠡᠢ ᠡᠷᠲᠡ ᠨᠠᠢ᠍ᠮᠠᠨ ᠴᠠᠭ ᠤ᠋ᠨ ᠦᠶ᠎ᠡ ᠳ᠋ᠦ᠍ ᠳᠡᠭᠦᠦ ᠮᠢᠨᠢ( ᠨᠥᠬᠥᠭᠡ 3 ᠳ᠋ᠤᠭᠠᠷ ᠠᠩᠭᠢ ᠳ᠋ᠤ᠌ ᠬᠣᠶᠠᠷ ᠵᠢᠯ ᠤᠯᠠᠷᠢᠳᠠᠭ)《 ᠴᠠᠭ ᠴᠢᠨᠢ ᠪᠣᠯᠴᠢᠬᠠᠵᠤ ᠠᠬ᠎ᠠ ᠠ᠋᠂ ᠲᠠ ᠠᠵᠢᠯ ᠳ᠋ᠠᠭᠠᠨ ᠶᠠᠪᠤᠭ᠎ᠠ ᠦᠭᠡᠢ ᠶᠦ᠍ᠮ ᠦᠦ?》 ᠭᠡᠵᠦ ᠳᠠᠭᠤᠳᠠᠬᠤ ᠪᠠᠷ ᠨᠢ ᠰᠡᠩᠳᠡ ᠮᠡᠩᠳᠡ ᠪᠣᠰᠬᠤ ᠲᠠᠢ ᠵᠡᠷᠭᠡ《 ᠮᠣᠯᠢᠭᠤ ᠠ᠋! ᠳᠥᠷᠪᠡᠨ ᠰᠠᠷ᠎ᠠ ᠶ᠋ᠢᠨ ᠨᠢᠭᠡᠨ》 ᠭᠡᠵᠦ ᠬᠥᠭᠡᠷᠦᠭᠡᠳ ᠵᠢᠭᠤᠲᠠᠴᠢᠬᠠᠨᠠ᠃ ᠲᠡᠭᠡᠬᠦ ᠲᠡᠢ ᠵᠡᠷᠭᠡ ᠠᠭᠤᠷ ᠮᠢᠨᠢ ᠮᠠᠰᠢᠨ ᠤ᠋ ᠤᠰᠤ ᠰᠢᠭ᠋ ᠪᠤᠴᠠᠯᠤᠭᠠᠳ ᠢᠷᠡᠨ᠎ᠡ᠃ ᠡᠮᠦᠰᠴᠦ ᠪᠠᠢᠭᠰᠠᠨ ᠱᠠᠬᠠᠢ ᠪᠠᠨ ᠬᠣᠢᠨ᠎ᠠ ᠠ᠋ᠴᠠ ᠨᠢ ᠶᠠᠪᠤᠭᠤᠯᠴᠢᠬᠠᠮᠠᠷ ᠰᠠᠨᠠᠭᠳᠠᠪᠠᠴᠤ ᠨᠢᠭᠡ ᠳ᠋ᠦ᠍ ᠣᠴᠢᠵᠤ ᠠᠪᠬᠤ ᠨᠢ ᠲᠦᠪᠡᠭ᠂ ᠬᠣᠶᠠᠷ ᠲᠤ᠌ ᠰᠤᠷᠭᠠᠨ ᠬᠥᠮᠦᠵᠢᠭᠦᠯᠬᠦ ᠤᠬᠠᠭᠠᠨ ᠳ᠋ᠤ᠌ ᠲᠠᠭᠠᠷᠠᠬᠤ ᠦᠭᠡᠢ ᠪᠣᠯᠤᠭᠠᠳ ᠠᠷᠠᠢ ᠭᠡᠵᠦ ᠠᠭᠤᠷ ᠣᠮᠣᠭ ᠢ᠋ᠶ᠋ᠠᠨ ᠠᠯᠠᠭᠠᠨ ᠳ᠋ᠠᠭᠠᠨ ᠣᠴᠢᠬᠤ ᠠ᠋ᠴᠠ ᠡᠮᠦᠨᠡᠬᠡᠨ ᠪᠠᠷᠢᠵᠤ ᠠᠪᠤᠨ᠎ᠠ᠃ ᠨᠥᠬᠥᠭᠡ ᠳᠡᠭᠦᠦ ᠴᠦ᠍ ᠲᠡᠨᠳᠡ ᠢᠨᠢᠶᠡᠳᠦᠨ ᠳ᠋ᠡᠭᠡᠨ ᠬᠠᠬᠠᠵᠤ ᠴᠡᠴᠡᠨ《 ᠥᠨᠥᠳᠥᠷ ᠴᠢᠨᠢ ᠬᠥᠮᠦᠨ ᠬᠠᠭᠤᠷᠳᠠᠭ ᠡᠳᠦᠷ ᠪᠠᠢᠨ᠎ᠠ ᠰᠢᠦ ᠳᠡ》 ᠭᠡᠵᠦ ᠪᠠᠢᠨ᠎ᠠ᠃ ᠶᠠᠭᠤ ᠴᠤ᠌ ᠭᠡᠬᠦᠪ᠂ ᠡᠨᠡ ᠰᠠᠢᠨ ᠬᠥᠮᠦᠨ ᠪᠣᠯᠬᠤ ᠦᠭᠡᠢ ᠨᠢ ᠭᠡᠵᠦ ᠪᠣᠳᠣᠭᠠᠳ ᠬᠤᠷᠳᠤᠬᠠᠨ ᠯᠠ ᠭᠠᠷᠤᠭᠠᠳ ᠶᠠᠪᠤᠴᠢᠬᠠᠬᠤ ᠭᠡᠰᠡᠨ ᠴᠢᠨᠢ ᠤᠲᠠᠰᠤ ᠳᠤᠤᠭᠠᠷᠤᠯ᠎ᠠ᠃ ᠬᠠᠷᠢᠯᠴᠠᠭᠤᠷ ᠢ᠋ ᠠᠪᠬᠤ ᠲᠠᠢ ᠵᠡᠷᠭᠡ《 ᠥᠨᠥᠳᠥᠷ ᠳᠥᠷᠪᠡᠨ ᠰᠠᠷ᠎ᠠ ᠶ᠋ᠢᠨ ᠨᠢᠭᠡᠨ ᠨᠠᠢᠵᠠ ᠠ᠋》 ᠭᠡᠰᠡᠨ ᠰᠢᠩᠭᠡᠨ ᠳᠠᠭᠤ ᠰᠣᠨᠣᠰᠲᠠᠯ᠎ᠠ᠃ ᠮᠢᠨᠦ ᠠᠭᠤᠷ ᠤᠯᠠᠮ ᠶᠡᠬᠡ ᠬᠦᠷᠴᠦ ᠰᠠᠢᠬᠠᠨ ᠤ᠋ ᠠᠭᠤᠷᠤᠨ ᠳᠡᠭᠡᠷ᠎ᠡ ᠥᠩᠭᠡᠷᠡᠭᠰᠡᠨ ᠵᠢᠯ ᠦ᠋ᠳ ᠦ᠋ᠨ ᠠᠭᠤᠷ ᠨᠡᠮᠡᠭᠳᠡᠨ ᠪᠢ ᠪᠠᠷᠤᠭ ᠪᠠᠩᠵᠠᠨ ᠱᠦᠳᠡᠨᠵᠡ( ᠴᠦᠳᠡᠩ) ᠰᠢᠭ ᠥᠪᠡᠷ ᠢ᠋ᠶ᠋ᠡᠷ ᠠᠰᠠᠬᠤ ᠭᠡᠵᠦ ᠶᠠᠪᠤᠯ᠎ᠠ᠃ ᠲᠡᠭᠡᠲᠡᠯ᠎ᠡ ᠬᠠᠵᠠᠭᠤᠨ ᠠ᠋ᠴᠠ《 ᠬᠥᠮᠦᠨ ᠭᠤᠸᠠᠢ ᠪᠦᠰᠡ ᠪᠡᠨ ᠠᠪ》 ᠭᠡᠵᠦ ᠪᠠᠢᠨ᠎ᠠ᠃ ᠪᠢ ᠪᠦᠰᠡᠭᠦᠢ ᠬᠢᠷᠢᠨ᠎ᠡ ᠪᠦᠰᠡᠲᠡᠢ ᠶᠦ᠍ᠮ ᠰᠢᠭ ᠲᠡᠮᠲᠡᠴᠢᠵᠦ ᠦᠵᠡᠬᠦ ᠪᠡᠷ ᠲᠡᠷᠡ ᠵᠢᠭᠠᠯ ᠢᠨᠢᠶᠡᠳᠦ ᠠᠯᠲᠠᠨ《 ᠳᠥᠷᠪᠡᠨ ᠰᠠᠷ᠎ᠠ ᠶ᠋ᠢᠨ ᠨᠢᠭᠡᠨ》 ᠭᠡᠳ ᠭᠦᠶᠦᠭᠡᠳ ᠶᠠᠪᠤᠴᠢᠬᠠᠪᠠ᠃ ᠪᠠᠰᠠ ᠯᠠ ᠰᠠᠢᠨ ᠬᠥᠮᠦᠨ ᠪᠣᠯᠬᠤ ᠦᠭᠡᠢ ᠬᠡᠦᠬᠡᠳ ᠶᠦ᠍ᠮ ᠭᠡᠵᠦ ᠪᠣᠳᠣᠭᠳᠠᠪᠠ᠃ ᠢᠩᠭᠢᠭᠡᠳ ᠴᠠᠭᠠᠱᠢ ᠪᠠᠨ ᠶᠠᠪᠤᠬᠤ ᠳ᠋ᠠᠭᠠᠨ ᠬᠠᠮᠢᠭ᠎ᠠ ᠠ᠋ᠴᠠ ᠮᠠᠰᠢᠨ ᠭᠠᠷᠴᠤ ᠢᠷᠡᠭᠡᠳ ᠲᠠᠭᠠᠷᠠᠴᠢᠬᠠᠬᠤ ᠪᠣᠯ ᠭᠡᠵᠦ ᠠᠶᠤᠭᠰᠠᠨ ᠬᠥᠮᠦᠨ ᠰᠢᠭ ᠳᠠᠬᠢᠨ ᠬᠠᠭᠤᠷᠲᠠᠭᠳᠠᠬᠤ ᠠ᠋ᠴᠠ ᠠᠶᠤᠨ ᠠᠶᠤᠨ ᠠᠵᠢᠯ ᠳᠡᠭᠡᠷ᠎ᠡ ᠪᠡᠨ ᠢᠷᠡᠪᠡ᠃
ᠠᠵᠢᠯ ᠤ᠋ᠨ ᠥᠷᠥᠭᠡᠨ ᠦ᠌ ᠬᠠᠭᠠᠯᠭ᠎ᠠ ᠲᠠᠲᠠᠲᠠᠯ᠎ᠠ《 ᠴᠢᠮ᠎ᠠ ᠶ᠋ᠢ ᠬᠡᠯᠲᠡᠰ ᠦ᠋ᠨ ᠳᠠᠷᠤᠭ᠎ᠠ ᠳᠠᠭᠤᠳᠠᠭᠰᠠᠨ》 ᠭᠡᠯᠡ᠃ ᠵᠠ ᠳᠠ ᠡᠨᠡ ᠴᠢᠨᠢ ᠱᠠᠯ ᠬᠤᠳᠠᠯ ᠰᠢᠦ ᠳᠡ ᠭᠡᠵᠦ ᠮᠡᠳᠡᠭᠰᠡᠨ ᠬᠢᠷᠢᠨ᠎ᠡ ᠨᠡᠭᠡᠷᠡᠨ ᠳᠠᠭᠤᠳᠠᠭᠰᠠᠨ ᠪᠣᠯ ᠰᠡᠭᠦᠯ ᠳ᠋ᠦ᠍ᠨᠢ ᠳᠠᠪᠬᠤᠷ ᠵᠠᠩᠨᠠᠭᠤᠯᠬᠤ ᠶᠤᠮ ᠳᠠ᠃ ᠰᠠᠢᠬᠠᠨ ᠴᠢᠨᠦ ᠠᠪᠠᠭᠠᠢ ᠡᠪᠡᠳᠦᠯ᠎ᠡ ᠭᠡᠵᠦ ᠬᠡᠯᠡᠨ᠎ᠡ ᠦᠦ ᠭᠡᠵᠦ ᠪᠣᠳᠣᠭᠠᠳ ᠣᠴᠢᠬᠤ ᠳ᠋ᠤ᠌ ᠳᠠᠭᠤᠳᠠᠭ᠎ᠠ ᠦᠭᠡᠢ ᠶᠦ᠍ᠮ ᠪᠠᠢᠨ᠎ᠠ᠃ ᠨᠠᠮ᠎ᠠ ᠶ᠋ᠢ ᠡᠷᠭᠢᠵᠦ ᠣᠷᠣᠬᠤ ᠲᠠᠢ ᠵᠡᠷᠭᠡ《 ᠳᠥᠷᠪᠡᠨ ᠰᠠᠷ᠎ᠠ ᠶ᠋ᠢᠨ ᠨᠢᠭᠡᠨ》 ᠭᠡᠵᠦ ᠢᠨᠢᠶᠡᠯᠳᠦᠨ᠎ᠡ ᠭᠡᠵᠦ ᠪᠣᠳᠣᠬᠤ ᠠ᠋ᠴᠠ ᠠᠵᠢᠯ ᠤ᠋ᠨ ᠢ᠋ᠶ᠋ᠠᠷ ᠥᠷᠥᠭᠡᠨ ᠳ᠋ᠦ᠍ ᠣᠷᠣᠮᠠᠷ ᠦᠭᠡᠢ ᠰᠠᠨᠠᠭᠳᠠᠨ᠎ᠠ᠃
ᠬᠡᠨ ᠨᠢᠭᠡ ᠬᠥᠮᠦᠨ ᠬᠠᠷᠠᠬᠤ ᠲᠠᠢ ᠵᠡᠷᠭᠡ ᠯᠡ ᠶᠠᠭᠠᠬᠢᠵᠤ ᠬᠠᠭᠤᠷᠬᠤ ᠭᠡᠵᠦ ᠪᠠᠢᠭ᠎ᠠ ᠪᠣᠯ ᠭᠡᠬᠦ ᠡᠴᠡ ᠠᠶᠤᠬᠤ ᠪᠣᠯᠤᠯ᠎ᠠ᠃ ᠪᠢ ᠤᠭ ᠨᠢ ᠰᠣᠬᠣᠷ ᠬᠣᠷᠣᠬᠠᠢ᠂ ᠬᠣᠨᠢᠨ ᠬᠦᠷᠪᠡᠯ᠂ ᠣᠭᠣᠲᠣᠨ᠎ᠠ᠂ ᠢᠮᠠᠭᠠᠨ ᠠ᠋ᠴᠠ ᠴᠤ᠌ ᠠᠶᠤᠳᠠᠭ ᠦᠭᠡᠢ ᠬᠥᠮᠦᠨ᠃ ᠲᠡᠷᠡ ᠪᠠᠢᠲᠤᠭᠠᠢ ᠠᠪᠠᠭᠠᠢ ᠠ᠋ᠴᠠ ᠪᠠᠨ ᠠᠶᠤᠳᠠᠭ ᠦᠭᠡᠢ ᠬᠥᠮᠦᠨ᠃ ᠡᠳᠦᠷ ᠮᠥᠩᠭᠥ ᠦᠭᠡᠢ᠂ ᠰᠥᠨᠢ ᠮᠥᠩᠭᠥ ᠲᠡᠢ ᠶᠠᠪᠤᠭᠰᠠᠨ ᠴᠤ᠌ ᠠᠶᠤᠳᠠᠭ ᠦᠭᠡᠢ᠃ ᠭᠡᠲᠡᠯ᠎ᠡ ᠪᠢ ᠲᠥᠷᠥᠭᠰᠡᠨ ᠡᠳᠦᠷ ᠢ᠋ᠶ᠋ᠡᠷ ᠢᠩᠭᠢᠵᠦ ᠠᠶᠤᠵᠤ ᠶᠠᠪᠤᠬᠤ ᠴᠤ᠌ ᠭᠡᠵᠢ ᠳᠡ᠂ ᠪᠢ ᠳᠠᠷᠤᠯᠲᠠ ᠶᠡᠬᠡᠲᠡᠢ᠂ ᠵᠢᠷᠦᠬᠡ ᠮᠠᠭᠤᠲᠠᠢ᠂ ᠨᠢᠭᠡ ᠯᠡ ᠬᠦᠴᠦᠲᠡᠢ ᠬᠠᠭᠤᠷᠤᠯᠲᠠᠨ ᠳ᠋ᠤ᠌ ᠲᠣᠭᠳᠣᠢ( ᠨᠤᠭᠳᠤᠢᠬᠤ) ᠪᠠᠨ ᠥᠭᠴᠢᠬᠡᠬᠦ ᠪᠠᠢᠬ᠎ᠠ ᠭᠡᠵᠦ ᠭᠡᠵᠦ ᠶᠡᠬᠡ ᠠᠶᠤᠳᠠᠭ᠃ ᠭᠡᠲᠡᠯ᠎ᠡ ᠮᠢᠨᠦ ᠪᠡᠶ᠎ᠡ ᠶ᠋ᠢ ᠪᠣᠳᠣᠬᠤ ᠦᠭᠡᠢ᠂ ᠲᠥᠷᠥᠭᠰᠡᠨ ᠡᠳᠦᠷ ᠢ᠋ᠶ᠋ᠡᠷ ᠮᠢᠨᠢ ᠨᠠᠮ᠎ᠠ ᠶ᠋ᠢ ᠬᠠᠭᠤᠷᠴᠤ ᠴᠠᠭᠠᠱᠢ ᠨᠢ ᠬᠠᠷᠠᠭᠤᠯᠴᠢᠬᠠᠬᠤ ᠭᠡᠳ ᠪᠠᠢᠳᠠᠭ ᠪᠠᠢᠯ᠎ᠠ᠃ ᠢᠩᠭᠢᠵᠦ ᠠᠶᠤᠳᠠᠰᠤᠨ ᠠ᠋ᠴᠠ ᠠᠶᠤᠳᠠᠰᠤᠨ ᠳ᠋ᠤ᠌᠂ ᠠᠭᠤᠷ ᠠ᠋ᠴᠠ ᠠᠭᠤᠷ ᠲᠤ᠌ ᠬᠦᠷᠴᠦ᠂ ᠣᠨ ᠵᠢᠯ ᠦ᠋ᠳ ᠢ᠋ ᠠᠷᠠᠢ ᠴᠢᠮᠠᠢ ᠳᠠᠪᠠᠵᠤ ᠶᠠᠪᠤᠲᠠᠯ᠎ᠠ ᠨᠢᠳᠤᠨᠤᠨ ᠤ᠋ ᠰᠢᠷ᠎ᠠ ᠪᠡᠴᠢᠨ ᠵᠢᠯ ᠭᠠᠷᠪᠠ᠃
ᠥᠷᠯᠥᠭᠡ ᠰᠡᠷᠡᠲᠡᠯ᠎ᠡ ᠡᠬᠡᠨᠡᠷ ᠮᠠᠨᠢ ᠴᠡᠯᠮᠡᠭ ᠲᠩᠷᠢ ᠰᠢᠭ ᠰᠠᠢᠬᠠᠨ ᠪᠠᠢᠯ᠎ᠠ᠃ ᠥᠨᠥᠳᠥᠷ ᠴᠢᠨᠦ ᠲᠥᠷᠥᠭᠰᠡᠨ ᠡᠳᠦᠷ ᠪᠢ ᠴᠢᠮ᠎ᠠ ᠳ᠋ᠤ᠌ ᠢᠨᠢᠶᠡᠳᠦ ᠪᠡᠯᠡᠭᠯᠡᠨ᠎ᠡ ᠭᠡᠳ ᠯᠡ ᠨᠠᠷᠠ ᠰᠠᠷ᠎ᠠ ᠰᠢᠭ᠋ ᠮᠡᠯᠲᠡᠯᠵᠡᠵᠦ ᠪᠠᠢᠨ᠎ᠠ᠃ ᠶᠠᠩᠵᠤ ᠶᠠᠩᠵᠤ ᠶ᠋ᠢᠨ ᠮᠠᠯᠠᠭᠠᠢ ᠢᠨᠢᠶᠡᠳᠦ ᠬᠦᠷᠭᠡᠮᠡᠷ ᠬᠠᠴᠢᠨ ᠬᠠᠴᠢᠨ ᠡᠮᠦᠰᠴᠦ ᠨᠠᠮ᠎ᠠ ᠶ᠋ᠢ ᠢᠨᠢᠶᠡᠳᠦ ᠠᠯᠳᠠᠭᠤᠯᠪᠠ᠃ ᠡᠬᠡᠨᠡᠷ ᠮᠢᠨᠢ ᠶᠠᠮᠠᠷ ᠣᠯᠠᠨ ᠮᠠᠯᠠᠭᠠᠢ ᠲᠠᠢ ᠶᠤᠮ ᠪᠣᠢ? ᠭᠡᠵᠦ ᠪᠢ ᠭᠠᠢᠬᠠᠨ ᠢᠨᠢᠶᠡᠵᠦ ᠪᠠᠢᠯ᠎ᠠ᠃ ᠲᠡᠭᠡᠭᠰᠡᠨ ᠡᠴᠡ ᠥᠨᠥᠳᠥᠷ ᠢᠨᠢᠶᠡᠳᠦ ᠶ᠋ᠢᠨ ᠡᠳᠦᠷ ᠬᠥᠮᠦᠨ ᠪᠣᠯᠭᠠᠨ ᠢᠨᠢᠶᠡᠬᠦ ᠶᠣᠰᠣᠲᠠᠢ ᠭᠡᠵᠦ ᠢᠷᠡᠭᠡᠳ ᠯᠡ ᠨᠠᠮ᠎ᠠ ᠶ᠋ᠢ ᠭᠡᠵᠢᠭᠡᠳᠡᠵᠦ( ᠰᠡᠳᠬᠢᠯ ᠢ᠋ ᠥᠳᠥᠭᠡᠬᠦ) ᠡᠬᠢᠯᠡᠪᠡ᠃ ᠪᠢᠳᠡ ᠵᠥᠩᠳᠡᠭᠡᠨ ᠬᠥᠭᠡᠷᠪᠡ᠃ ᠭᠤᠳᠤᠮᠵᠢᠨ ᠳ᠋ᠤ᠌ ᠨᠢᠭᠡ ᠰᠢᠨ᠎ᠡ ᠲᠠᠨᠢᠯ ᠬᠠᠭᠤᠴᠢᠨ ᠲᠠᠨᠢᠯ ᠰᠢᠭ᠋ ᠠᠭᠤᠯᠵᠠᠭᠠᠳ ᠪᠠᠭ᠎ᠠ ᠰᠤᠷᠭᠠᠭᠤᠯᠢ ᠳ᠋ᠤ᠌ ᠳᠣᠲᠣᠭᠤᠷ ᠪᠠᠢᠷᠢᠨ ᠳ᠋ᠤ᠌ ᠬᠥᠯᠳᠡᠭᠦᠦ ᠯᠤᠤᠪᠠᠩ ᠨᠢᠭᠤᠵᠤ ᠢᠳᠡᠵᠦ᠂ ᠬᠥᠭ ᠢ᠋ᠶ᠋ᠡᠷ ᠲᠠᠷᠢᠭᠰᠠᠨ ᠢ᠋ᠶ᠋ᠠᠨ ᠶᠠᠷᠢᠵᠤ ᠢᠨᠢᠶᠡᠯᠳᠦᠵᠦ ᠰᠠᠯᠪᠠ᠃ ᠠᠵᠢᠯ ᠳᠡᠭᠡᠷ᠎ᠡ ᠪᠠᠰᠠ ᠨᠢᠭᠡ ᠬᠥᠮᠦᠨ ᠴᠢᠮ᠎ᠠ ᠳ᠋ᠤ᠌ ᠢᠨᠢᠶᠡᠳᠦ ᠲᠡᠢ ᠶᠠᠭᠤᠮ᠎ᠠ ᠶᠠᠷᠢᠶ᠎ᠠ ᠭᠡᠵᠦ ᠬᠡᠯᠡᠭᠡᠳ ᠣᠢ ᠮᠠᠭ ᠦᠭᠡᠢ ᠢᠨᠢᠶᠡᠵᠦ ᠪᠢ ᠳᠠᠭᠠᠨ ᠪᠠᠬᠠᠨ ᠬᠥᠭᠡᠷᠴᠦ ᠬᠥᠭᠡᠷᠴᠦ ᠪᠢᠳᠡ ᠬᠣᠶᠠᠷ ᠶᠠᠭᠤ ᠶᠠᠷᠢᠬᠤ ᠪᠠᠨ ᠮᠠᠷᠲᠠᠲᠠᠯ᠎ᠠ ᠪᠠᠨ ᠢᠨᠢᠶᠡᠯᠳᠦᠵᠦ ᠪᠢᠯᠡ᠃ ᠡᠨᠡ ᠡᠳᠦᠷ ᠬᠠᠮᠢᠭ᠎ᠠ ᠯᠠ ᠶᠠᠪᠤᠭᠰᠠᠨ ᠢᠨᠢᠶᠡᠳᠦ ᠬᠦᠷᠴᠦ ᠪᠠᠢᠪᠠ᠃ ᠲᠥᠷᠥᠭᠰᠡᠨ ᠡᠳᠦᠷ ᠢ᠋ᠶ᠋ᠡᠷ ᠨᠢᠭᠡ ᠴᠦ᠍ ᠪᠡᠯᠡᠭ ᠠᠪᠴᠤ ᠪᠠᠢᠭ᠎ᠠ ᠦᠭᠡᠢ ᠪᠢ ᠬᠥᠮᠦᠨ ᠦ᠌ ᠡᠨᠡ ᠶᠡᠬᠡ ᠢᠨᠢᠶᠡᠳᠦᠮ ᠦ᠋ᠨ ᠪᠡᠯᠡᠭ ᠲᠦ᠍ ᠪᠠᠶᠠᠷᠯᠠᠨ ᠬᠥᠭᠡᠷᠴᠦ ᠪᠠᠢᠯ᠎ᠠ᠃ ᠨᠥᠬᠥᠭᠡ ᠡᠬᠡᠨᠡᠷ ᠦ᠋ᠨ ᠳᠡᠭᠦᠦ ᠮᠠᠨᠢ ᠴᠤ᠌ ᠲᠣᠬᠢᠲᠠᠢ ᠲᠣᠮᠣᠭ᠎ᠠ ᠲᠠᠢ ᠪᠠᠷ ᠬᠥᠮᠦᠨ ᠪᠣᠯᠵᠤ ᠳᠠᠷᠬᠠᠨ ᠠ᠋ᠴᠠ ᠤᠲᠠᠰᠤ ᠪᠠᠷ ᠢᠨᠢᠶᠡᠳᠦ ᠪᠡᠯᠡᠭᠯᠡᠵᠦ ᠪᠠᠢᠬᠤ ᠶᠤᠮ᠃ ᠪᠢ ᠤᠭ ᠨᠢ ᠵᠦᠳᠡᠢᠴᠢᠭᠡᠭᠡᠳ( ᠳᠦᠩᠭᠢᠳᠡᠬᠦ) ᠨᠢᠭᠡ ᠮᠠᠭᠤ ᠢᠨᠢᠶᠡᠬᠦᠢᠴᠡᠭᠡᠨ ᠰᠢᠦ ᠪᠣᠯᠳᠠᠭ ᠪᠠᠢᠯ᠎ᠠ᠃ ᠭᠡᠲᠡᠯ᠎ᠡ ᠣᠳᠣ ᠲᠣᠮᠣ ᠲᠣᠮᠣ ᠲᠤᠤᠭᠠᠷᠤᠨ ᠲᠷᠠᠺᠲ᠋ᠣᠷ ᠠᠰᠠᠬᠤ ᠰᠢᠭ᠋ ᠢᠨᠢᠶᠡᠳᠡᠭ ᠪᠣᠯᠤᠭᠰᠠᠨ᠃ ᠳᠠᠷᠤᠯᠲᠠ ᠮᠢᠨᠢ ᠵᠦᠭᠡᠷ᠂ ᠪᠣᠳᠣᠪᠠᠯ ᠠᠶᠤᠭᠰᠠᠨ ᠠ᠋ᠴᠠ ᠲᠡᠭᠡᠳᠡᠭ ᠪᠠᠢᠭᠰᠠᠨ ᠪᠠᠢᠬ᠎ᠠ᠃ ᠶᠡᠷᠦ ᠡᠨᠡᠭᠦᠬᠡᠨ ᠳ᠋ᠡᠭᠡᠨ ᠭᠡᠬᠦ ᠳ᠋ᠦ᠍ ᠳᠠᠷᠤᠯᠲᠠᠨ ᠳ᠋ᠤ᠌ ᠨᠣᠬᠠᠢ ᠶ᠋ᠢᠨ ᠬᠣᠰᠢᠭᠤ᠂ ᠬᠠᠷ᠎ᠠ ᠮᠣᠳᠣᠨ ᠤ᠋ ᠬᠤᠯᠲᠤᠰ᠂ ᠡᠨᠡ ᠲᠡᠷᠡ ᠡᠮ ᠲᠣᠮ ᠠ᠋ᠴᠠ ᠢᠨᠢᠶᠡᠳᠦ ᠢᠯᠡᠭᠦᠦ ᠰᠠᠢᠨ ᠶᠤᠮ ᠪᠢᠯᠡ᠃ ᠲᠡᠭᠡᠭᠡᠳ ᠴᠦ᠍ ᠰᠡᠳᠬᠢᠯ ᠦ᠋ᠨ ᠪᠡᠶ᠎ᠡ ᠶ᠋ᠢᠨ ᠲᠠᠮᠢᠷ ᠪᠣᠯᠳᠠᠭ ᠶᠤᠮ ᠰᠢᠦ ᠳᠡ᠃
ᠠ ᠳᠠ᠃ ᠳᠥᠷᠪᠡᠨ ᠰᠠᠷ᠎ᠠ ᠶ᠋ᠢᠨ ᠨᠢᠭᠡᠨ ᠮᠢᠨᠦ ᠲᠥᠷᠥᠭᠰᠡᠨ ᠡᠳᠦᠷ ᠢ᠋ ᠢᠨᠢᠶᠡᠳᠦᠮ ᠦ᠋ᠨ ᠡᠳᠦᠷ ᠪᠣᠯᠭᠠᠭ᠎ᠠ ᠦᠭᠡᠢ ᠪᠣᠯ ᠠᠯᠢ ᠬᠡᠳᠦᠢᠨ ᠨᠢᠭᠡ ᠬᠦᠴᠦᠲᠡᠢᠬᠡᠨ ᠬᠠᠭᠤᠷᠲᠠᠯᠳᠠᠨ ᠳ᠋ᠤ᠌ ᠲᠣᠭᠳᠣᠢ ᠪᠠᠨ ᠥᠭᠴᠢᠬᠡᠬᠦ ᠪᠠᠢᠭᠰᠠᠨ ᠰᠢᠦ᠃
《 ᠱᠣᠭ ᠬᠣᠱᠣᠩ ᠵᠣᠬᠢᠶᠠᠯ ᠤᠨ ᠳᠡᠭᠡᠵᠢ 》 ᠡᠴᠡ ᠬᠠᠭᠤᠯᠪᠠ᠃
ᠦᠰᠦᠭ ᠠᠮᠢᠯᠠᠭᠤᠯᠤᠭᠰᠠᠨ ᠨᠢ: ᠳᠠᠪᠰᠢᠯᠲᠦ
ᠬᠢᠨᠠᠭ᠍ᠴᠢ : ᠲᠤᠭ᠍ᠴᠢ ᠰᠠᠷᠠᠨ᠎ᠠ
2023᠂7᠂14 ᠤ᠋ ᠡᠳᠦᠷ
