ᠳ᠋ᠧᠢᠯᠠᠶ᠋ᠢᠲ ᠭᠦᠩᠵᠦ ᠪᠣᠯᠤᠨ ᠨᠠᠮᠤᠭ ᠤᠨ ᠰᠢᠳᠢᠲᠡᠨДэйлайт гүнж болон намгийн шидтэн
ᠳ᠋ᠧᠢᠯᠠᠶ᠋ᠢᠲ ᠭᠦᠩᠵᠦ ᠪᠣᠯᠤᠨ ᠨᠠᠮᠤᠭ ᠤᠨ ᠰᠢᠳᠢᠲᠡᠨ
ᠡᠷᠲᠡ ᠳᠡᠭᠡᠷ᠎ᠡ ᠴᠠᠭ ᠲᠤ᠌ ᠬᠠᠭᠠᠨ ᠬᠦᠦ ᠭᠦᠩᠵᠦ ᠨᠠᠷ ᠢ᠋ ᠲᠥᠷᠥᠭᠰᠡᠨ ᠦ᠌ ᠳᠠᠷᠠᠭ᠎ᠠ ᠨᠢᠭᠡ ᠴᠠᠭ ᠤ᠋ᠨ ᠳᠣᠲᠣᠷ᠎ᠠ ᠰᠢᠳᠢᠲᠡᠨ ᠨᠦ᠍ᠭᠦᠳ ᠢᠷᠡᠭᠡᠳ ᠬᠤᠪᠢ ᠲᠠᠪᠢᠯᠠᠩ ᠢ᠋ ᠨᠢ ᠬᠡᠯᠡᠵᠦ ᠥᠭᠳᠡᠭ ᠦᠶ᠎ᠡ ᠶ᠋ᠢᠨ ᠲᠤᠬᠠᠢ ᠦᠯᠢᠭᠡᠷ ᠪᠢᠯᠡ᠃ ᠬᠤᠪᠢ ᠲᠠᠪᠢᠯᠠᠩ ᠬᠡᠯᠡᠳᠡᠭ ᠵᠢᠷᠭᠤᠭᠠᠨ ᠭᠦᠩᠵᠦ ᠣᠢ ᠶ᠋ᠢᠨ ᠭᠦᠨ ᠳ᠋ᠦ᠍ ᠠᠮᠢᠳᠤᠷᠠᠳᠠᠭ ᠪᠠᠢᠯ᠎ᠠ᠃ ᠦᠨᠡᠨ ᠢ᠋ ᠬᠡᠯᠡᠬᠦ ᠳ᠋ᠦ᠍ ᠳᠠᠬᠢᠭᠠᠳ ᠨᠢᠭᠡ ᠰᠢᠳᠢᠲᠡᠨ ᠪᠠᠢᠭᠰᠠᠨ ᠶᠤᠮ᠃ ᠲᠡᠷᠡ ᠰᠢᠳᠢᠲᠡᠨ ᠣᠢ ᠳ᠋ᠤ᠌ ᠪᠢᠰᠢ᠂ ᠨᠠᠮᠤᠭ ᠤ᠋ᠨ ᠭᠣᠣᠯ ᠳ᠋ᠤ᠌ ᠠᠮᠢᠳᠤᠷᠠᠳᠠᠭ᠃ ᠬᠠᠭᠠᠨᠲᠤ ᠤᠯᠤᠰ ᠲᠤ᠌ ᠢᠷᠡᠭᠡᠳ ᠤᠳᠠᠭᠠᠳᠤᠢ ᠲᠡᠷᠡ ᠰᠢᠳᠢᠲᠡᠨ ᠪᠤᠰᠤᠳ ᠵᠢᠷᠭᠤᠭᠠᠨ ᠰᠢᠳᠢᠲᠡᠨ ᠲᠡᠢ ᠪᠡᠨ ᠬᠣᠯᠪᠣᠭ᠎ᠠ ᠲᠣᠭᠲᠠᠭᠠᠬᠤ ᠶ᠋ᠢ ᠬᠦᠰᠡᠳᠡᠭ ᠦᠭᠡᠢ ᠪᠠᠢᠯ᠎ᠠ᠃ ᠤᠴᠢᠷ ᠨᠢ ᠲᠡᠷᠡ ᠬᠤᠪᠢ ᠶ᠋ᠢᠨ ᠬᠢᠴᠢᠶᠡᠭᠰᠡᠨ ᠬᠣᠷᠣᠨ ᠰᠠᠨᠠᠭ᠎ᠠ ᠲᠠᠢ ᠪᠠᠢᠵᠠᠢ᠃ ᠡᠭᠦᠨ ᠡᠴᠡ ᠪᠣᠯᠤᠭᠠᠳ ᠴᠤ᠌ ᠲᠡᠷᠡ ᠤᠤ ᠤᠳᠠᠬᠤ ᠦᠭᠡᠢ ᠬᠠᠭᠠᠨᠲᠤ ᠤᠯᠤᠰ ᠲᠤ᠌ ᠲᠥᠷᠥᠬᠦ ᠭᠦᠩᠵᠦ ᠶ᠋ᠢᠨ ᠲᠥᠯᠥᠭᠡ ᠰᠠᠢᠬᠠᠨ ᠰᠡᠳᠬᠢᠯ ᠳ᠋ᠦ᠍ ᠵᠢᠷᠭᠤᠭᠠᠨ ᠰᠢᠳᠢᠲᠡᠨ ᠦ᠌ ᠰᠠᠨᠠᠭ᠎ᠠ ᠵᠣᠪᠠᠵᠤ ᠡᠬᠢᠯᠡᠭᠰᠡᠨ ᠶᠦᠮ᠃ ᠪᠢᠳᠡ ᠪᠣᠯᠭᠣᠮᠵᠢᠲᠠᠢ ᠪᠠᠢᠬᠤ ᠬᠡᠷᠡᠭ ᠲᠡᠢ᠃ ᠰᠠᠶᠢᠬᠠᠨ ᠢᠷᠡᠭᠰᠡᠨ ᠨᠠᠮᠤᠭ ᠤ᠋ᠨ ᠰᠢᠳᠢᠲᠡᠨ ᠤᠳᠠᠬᠤ ᠦᠭᠡᠢ ᠲᠥᠷᠥᠬᠦ ᠭᠦᠩᠵᠦ ᠳ᠋ᠦ᠍ ᠮᠠᠭᠤᠬᠠᠢ ᠰᠢᠪᠰᠢᠯᠭᠡ ᠬᠢᠴᠢᠬᠡᠪᠡᠯ ᠶᠠᠭᠠᠬᠢᠨ᠎ᠠ? ᠲᠡᠷᠡ ᠰᠢᠳᠢᠲᠡᠨ ᠪᠢᠳᠡ ᠨᠠᠷ ᠢ᠋ ᠣᠳᠣᠬᠠᠨ ᠳ᠋ᠤ᠌ ᠪᠠᠨ ᠬᠠᠷᠠᠭ᠎ᠠ ᠦᠭᠡᠢ ᠪᠣᠯᠬᠣᠷ ᠪᠢᠳᠡ ᠨᠠᠷ ᠢ᠋ ᠬᠡᠳᠦᠭᠦᠯᠡ ᠪᠡᠨ ᠭᠡᠳᠡᠭ ᠢ᠋ ᠮᠡᠳᠡᠬᠦ ᠦᠭᠡᠢ᠃ ᠲᠡᠢᠮᠦ ᠡᠴᠡ ᠪᠢᠳᠡᠨ ᠦ᠌ ᠬᠣᠶᠠᠷ ᠨᠢ ᠴᠦ᠍ ᠶᠦᠮ ᠤᠤ⁈ ᠪᠠᠭᠠᠨ᠎ᠠ ᠶ᠋ᠢᠨ ᠠᠷᠤ ᠳ᠋ᠤ᠌ ᠨᠢᠭᠤᠭᠳᠠᠭᠠᠳ ᠨᠢᠭᠡ ᠴᠠᠭ ᠤ᠋ᠨ ᠬᠤᠭᠤᠴᠠᠭ᠎ᠠ ᠨᠢ ᠳᠠᠭᠤᠰᠬᠤ ᠬᠦᠷᠲᠡᠯ᠎ᠡ ᠪᠢᠳᠡᠨ ᠦ᠌ ᠠᠳᠢᠰᠯᠠᠯ ᠬᠠᠳᠠᠭᠠᠯᠠᠭᠳᠠᠬᠤ ᠶ᠋ᠢ ᠬᠦᠯᠢᠶᠡᠪᠡᠯ ᠶᠠᠮᠠᠷ ᠤᠤ? ᠲᠡᠭᠡᠵᠦ ᠴᠢᠳᠠᠪᠠᠯ ᠨᠠᠮᠤᠭ ᠤ᠋ᠨ ᠰᠢᠳᠢᠲᠡᠨ ᠢᠷᠡᠭᠡᠳ ᠮᠠᠭᠤᠬᠠᠢ ᠰᠢᠪᠰᠢᠯᠭᠡ ᠬᠢᠭᠰᠡᠨ ᠴᠦ᠍ ᠬᠡᠳᠦᠭᠦᠯᠡ ᠪᠡᠨ ᠬᠠᠮᠠᠭᠠᠯᠠᠭᠠᠳ ᠪᠠᠢᠵᠤ ᠴᠢᠳᠠᠬᠤ ᠶᠤᠮ ᠰᠢᠭ᠋ ᠰᠠᠨᠠᠭᠳᠠᠵᠤ ᠪᠠᠢᠨ᠎ᠠ᠃ ᠲᠡᠢᠮᠦ ᠠ᠋᠂ ᠴᠢᠨᠦ ᠬᠡᠯᠡᠭᠰᠡᠨ ᠢ᠋ᠶ᠋ᠡᠷ ᠬᠢᠭᠡᠳ ᠦᠵᠡᠶ᠎ᠡ᠃ ᠲᠡᠷᠡ ᠰᠥᠨᠢ ᠦᠨᠡᠬᠡᠷ ᠭᠦᠩᠵᠦ ᠲᠥᠷᠥᠵᠦ ᠰᠢᠳᠢᠲᠡᠨ ᠨᠤᠭᠦᠳ ᠲᠥᠯᠥᠪᠯᠡᠭᠰᠡᠨ ᠦ᠌ ᠪᠡᠨ ᠳᠠᠭᠠᠤ ᠬᠠᠭᠠᠨ ᠬᠠᠲᠤᠨ ᠬᠣᠶᠠᠷ ᠬᠠᠷᠠᠵᠤ ᠪᠠᠢᠬᠤ ᠳ᠋ᠤ᠌ ᠬᠣᠶᠠᠷ ᠰᠢᠳᠢᠲᠡᠨ ᠨᠢ ᠭᠠᠳᠠᠨ᠎ᠠ ᠭᠠᠷᠴᠤ ᠪᠠᠭᠠᠨ᠎ᠠ ᠶ᠋ᠢᠨ ᠠᠷᠤ ᠪᠠᠷ ᠨᠢᠭᠤᠭᠳᠠᠵᠤ᠂ ᠦᠯᠡᠳᠡᠭᠰᠡᠨ ᠳᠥᠷᠪᠡᠨ ᠰᠢᠳᠢᠲᠡᠨ ᠨᠢ ᠣᠷᠳᠣᠨ ᠳ᠋ᠤ᠌ ᠦᠯᠡᠳᠡᠭᠡᠳ ᠭᠦᠩᠵᠦ ᠶ᠋ᠢ ᠮᠡᠳᠡᠳᠡᠭ ᠪᠦᠬᠦ ᠠᠳᠢᠰ ᠢᠷᠦᠭᠡᠯ ᠢ᠋ᠶ᠋ᠡᠷ ᠢ᠋ᠶ᠋ᠡᠨ ᠠᠳᠢᠰᠯᠠᠭᠰᠠᠨ ᠶᠤᠮ᠃ ᠭᠦᠩᠵᠦ ᠳ᠋ᠦ᠍᠄《ᠳ᠋ᠧᠢᠯᠠᠢᠲ᠋》 ᠭᠡᠵᠦ ᠨᠡᠷ᠎ᠡ ᠥᠭᠭᠦᠶ᠎ᠡ᠃ ᠬᠠᠮᠢᠭ᠎ᠠ ᠴᠤ᠌ ᠣᠴᠢᠭᠰᠠᠨ ᠴᠤ᠌ ᠬᠠᠢᠷ᠎ᠠ ᠲᠠᠯᠠᠷᠬᠠᠯ ᠢ᠋ ᠬᠦᠯᠢᠶᠡᠵᠦ ᠬᠠᠯᠠᠭᠤᠨ ᠳᠤᠯᠠᠭᠠᠬᠠᠨ ᠦᠭᠡᠰ ᠢ᠋ ᠰᠣᠨᠣᠰᠤᠨ᠎ᠠ᠃ ᠭᠦᠩᠵᠦ ᠶ᠋ᠢᠨ ᠰᠡᠳᠬᠢᠯ ᠵᠢᠷᠦᠬᠡ ᠡᠷ᠎ᠡ ᠵᠣᠷᠢᠭ ᠲᠠᠢ ᠰᠢᠢᠳᠮᠡᠭᠡᠢ ᠪᠣᠯᠤᠨ᠎ᠠ᠃ ᠭᠦᠩᠵᠦ ᠬᠦᠨᠳᠦ ᠬᠡᠴᠡᠭᠦᠦ ᠵᠦᠢᠯ ᠲᠡᠢ ᠲᠤᠯᠭᠠᠷᠠᠭᠰᠠᠨ ᠴᠤ᠌ ᠦᠷᠭᠦᠯᠵᠢ ᠵᠥᠪ ᠤᠬᠠᠭᠠᠯᠢᠭ ᠰᠢᠢᠳᠪᠦᠷᠢ ᠭᠠᠷᠭᠠᠨ᠎ᠠ᠃ ᠴᠢ ᠦᠷᠭᠦᠯᠵᠢ ᠪᠤᠰᠤᠳ ᠤ᠋ᠨ ᠬᠠᠢᠷ᠎ᠠ ᠶ᠋ᠢ ᠲᠠᠲᠠᠵᠤ ᠬᠦᠨᠳᠦᠯᠡᠭᠦᠯᠦᠨᠡ᠃ ᠬᠠᠭᠠᠨ ᠬᠠᠲᠤᠨ ᠬᠣᠶᠠᠷ ᠰᠢᠳᠢᠲᠡᠨ ᠨᠤᠭᠦᠳ ᠦ᠋ᠨ ᠰᠠᠢᠬᠠᠨ ᠠᠳᠢᠰᠯᠠᠯ ᠢ᠋ ᠰᠣᠨᠣᠰᠤᠭᠠᠳ ᠰᠡᠳᠬᠢᠯ ᠨᠢ ᠶᠡᠬᠡᠳᠡ ᠬᠥᠳᠡᠯᠵᠦ᠂ ᠲᠡᠳᠡᠨ ᠳ᠋ᠦ᠍ ᠲᠠᠯᠠᠷᠬᠠᠯ ᠢ᠋ᠶ᠋ᠠᠨ ᠢᠯᠡᠷᠬᠡᠢᠯᠡᠯ᠎ᠡ᠃ ᠭᠡᠲᠡᠯ᠎ᠡ ᠶᠠᠭ ᠲᠡᠷᠡ ᠦᠶ᠎ᠡ ᠳ᠋ᠦ᠍ ᠨᠠᠮᠤᠭ ᠤ᠋ᠨ ᠰᠢᠳᠢᠲᠡᠨ ᠢᠷᠡᠭᠡᠳ ᠪᠦᠬᠦ ᠶᠠᠭᠤᠮ᠎ᠠ ᠶ᠋ᠢ ᠪᠠᠯᠠᠯᠵᠤ ᠣᠷᠬᠢᠪᠠ᠃
《ᠰᠣᠨᠣᠰᠤᠭᠠᠳ ᠪᠠᠢᠭᠰᠠᠨ ᠴᠢᠨᠢ ᠳ᠋ᠧᠢᠯᠠᠢᠲ᠋ ᠭᠡᠵᠦ ᠨᠡᠷ᠎ᠡ ᠥᠭᠭᠦᠭᠰᠡᠨ ᠭᠡᠨ᠎ᠡ ᠤᠤ⁈ ᠲᠡᠭᠡᠪᠡᠯ ᠨᠡᠷ᠎ᠡ ᠳ᠋ᠡᠭᠡᠨ ᠲᠣᠬᠢᠷᠠᠭᠠᠳ ᠨᠠᠷᠠ ᠲᠠᠢ ᠦᠶ᠎ᠡ ᠳ᠋ᠦ᠍ ᠨᠠᠷᠠᠨ ᠤ᠋ ᠭᠡᠷᠡᠯ ᠲᠤᠰᠬᠤ ᠯᠠ ᠶᠤᠮ ᠪᠣᠯ ᠡᠳᠦᠷ ᠥᠨᠵᠢᠬᠦ ᠦᠭᠡᠢ ᠭᠦᠨ ᠨᠣᠢᠷ ᠲᠤ᠌ ᠤᠮᠪᠠᠭᠠᠳ ᠮᠥᠩᠬᠡ ᠶ᠋ᠢᠨ ᠨᠣᠢᠷᠤᠨ ᠳ᠋ᠤ᠌ ᠤᠮᠪᠠᠬᠤ ᠶ᠋ᠢ ᠢᠷᠥᠭᠡᠵᠦ ᠪᠠᠢᠨ᠎ᠠ᠂ ᠬᠠ ᠬᠠ ᠬᠠ ᠬᠠ》 ᠠ᠁ ᠠ᠁ ᠠ᠁ ᠭᠡᠪᠡᠴᠦ᠂ ᠰᠥᠨᠢ ᠰᠡᠷᠢᠵᠦ ᠠᠵᠠ ᠵᠢᠷᠭᠠᠯ ᠲᠠᠢ ᠠᠮᠢᠳᠤᠷᠠᠨ᠎ᠠ᠃ ᠮᠢᠨᠦ ᠰᠢᠪᠰᠢᠯᠭᠡᠨ ᠳ᠋ᠦ᠍ ᠰᠠᠭᠠᠳ ᠬᠢᠨ᠎ᠡ ᠭᠡᠨ᠎ᠡ᠃ ᠴᠢᠨᠦ ᠡᠭᠡᠯᠵᠢ ᠳᠠᠭᠤᠰᠤᠭᠰᠠᠨ ᠰᠢᠲᠠ᠃ ᠠ! ᠪᠢ ᠵᠦᠭᠡᠷ ᠢᠨᠢᠶᠡᠵᠦ ᠪᠠᠢᠭᠰᠠᠨ ᠶᠤᠮ᠃ ᠢᠨᠢᠶᠡᠵᠦ ᠳᠠᠭᠤᠰᠤᠭᠠᠳᠤᠢ ᠪᠠᠢᠨ᠎ᠠ᠃ ᠲᠡᠢᠮᠦ ᠡᠴᠡ ᠪᠣᠯᠤᠮᠵᠢ ᠮᠠᠨᠢ ᠳᠠᠭᠤᠰᠤᠭᠠᠳᠤᠢ ᠭᠡᠰᠡᠨ ᠦᠭᠡ᠃ ᠲᠡᠢᠮᠦ ᠠ᠋᠂ ᠰᠥᠨᠢ ᠳ᠋ᠡᠭᠡᠨ ᠰᠡᠷᠢᠵᠦ ᠠᠵᠠ ᠵᠢᠷᠭᠠᠯ ᠲᠠᠢ ᠠᠮᠢᠳᠤᠷᠠᠨ᠎ᠠ᠃ ᠲᠡᠭᠷᠢ ᠶ᠋ᠢᠨ ᠰᠠᠷᠠᠨ ᠤ᠋ ᠬᠡᠯᠪᠡᠷᠢ ᠡᠴᠡ ᠰᠢᠯᠲᠠᠭᠠᠯᠠᠭᠠᠳ ᠰᠢᠦ ᠳᠡ᠂ ᠲᠡᠢᠮᠦ ᠡᠴᠡ ᠰᠠᠷ᠎ᠠ ᠲᠠᠢ ᠬᠠᠮᠲᠤ ᠠᠵᠠ ᠵᠢᠷᠭᠠᠯ ᠨᠢ ᠨᠢᠭᠡ ᠶᠡᠬᠡᠰᠴᠦ ᠨᠢᠭᠡ ᠬᠣᠮᠰᠠᠳᠠᠬᠤ ᠪᠣᠯᠤᠯ᠎ᠠ᠃ ᠬᠠ ᠬᠠ ᠬᠠ᠃ ᠨᠠᠮᠤᠭ ᠤ᠋ᠨ ᠰᠢᠳᠢᠲᠡᠨ ᠢᠩᠭᠢᠵᠦ ᠬᠡᠯᠡᠴᠢᠬᠡᠭᠡᠳ ᠦᠷᠭᠦᠯᠵᠢᠯᠡᠭᠦᠯᠦᠨ ᠢᠨᠢᠶᠡᠭᠰᠡᠭᠡᠷ ᠯᠡ ᠪᠠᠢᠯ᠎ᠠ᠃ ᠨᠢᠭᠤᠭᠳᠠᠵᠤ ᠪᠠᠢᠭᠰᠠᠨ ᠰᠢᠳᠢᠲᠡᠨ ᠨᠠᠮᠤᠭ ᠤ᠋ᠨ ᠰᠢᠳᠢᠲᠡᠨ ᠳᠠᠭᠤ ᠦᠭᠡᠢ ᠪᠣᠯᠬᠤ ᠶ᠋ᠢ ᠬᠦᠯᠢᠶᠡᠵᠦ ᠪᠠᠢᠭᠠᠳ ᠳᠠᠭᠤᠰᠤᠩᠭᠤᠲᠠ ᠲᠡᠷᠡ ᠭᠠᠷᠴᠤ ᠢᠷᠡᠯ᠎ᠡ᠃ ᠢᠩᠭᠢᠬᠦ ᠳ᠋ᠦ᠍ ᠬᠡᠩ᠂ ᠢᠩᠭᠢᠬᠦ ᠳ᠋ᠦ᠍ ᠲᠠ ᠨᠠᠷ ᠬᠡᠳᠦᠭᠦᠯᠡ ᠪᠡᠨ ᠶᠦᠮ ᠪᠣᠢ? ᠬᠠ ᠬᠠ ᠬᠠ᠂᠂᠂᠂
ᠲᠡᠭᠡᠭᠡᠳ ᠭᠦᠩᠵᠦ ᠶ᠋ᠢᠨ ᠲᠠᠨᠢᠬᠤ ᠦᠭᠡᠢ ᠨᠢᠭᠡᠨ ᠬᠥᠮᠦᠨ ᠢᠷᠡᠭᠡᠳ ᠦᠨᠦᠰᠪᠡᠯ ᠭᠦᠨ ᠨᠣᠢᠷᠤᠨ ᠡᠴᠡ ᠪᠡᠨ ᠰᠡᠷᠡᠵᠦ ᠰᠠᠷᠠᠨ ᠤ᠋ ᠬᠡᠯᠪᠡᠷᠢ ᠶ᠋ᠢ ᠳᠠᠭᠠᠵᠤ ᠬᠤᠪᠢᠰᠤᠨ ᠥᠭᠡᠷᠡᠴᠢᠯᠡᠭᠳᠡᠳᠡᠭ᠂ ᠠᠵᠠ ᠵᠢᠷᠭᠠᠯ ᠨᠢ ᠬᠡᠪ ᠦ᠋ᠨ ᠪᠣᠯᠤᠨ᠎ᠠ᠃ ᠬᠠ ᠬᠠ ᠬᠠ᠂ ᠴᠢᠨᠦ ᠡᠭᠡᠯᠵᠢ ᠳᠠᠭᠤᠰᠤᠭᠰᠠᠨ ᠶᠤᠮ ᠰᠢᠭ᠋ ᠪᠣᠯᠬᠣᠷ ᠨᠢ ᠬᠡᠯᠡᠵᠦ ᠪᠠᠢᠭ᠎ᠠ ᠶᠤᠮ᠃ ᠬᠠ ᠬᠠ ᠬᠠ ᠢᠩᠭᠢᠭᠡᠳ ᠠᠳᠢᠰ ᠢᠷᠦᠭᠡᠯ ᠦ᠋ᠳ ᠪᠡᠶᠡᠯᠡᠵᠦ ᠡᠬᠢᠯᠡᠯ᠎ᠡ᠃ ᠭᠦᠩᠵᠦ ᠰᠥᠨᠢ ᠰᠡᠷᠢᠵᠦ ᠢᠨᠢᠶᠡᠵᠦ ᠬᠥᠭᠡᠷᠴᠦ ᠡᠳᠦᠷ ᠨᠢ ᠤᠨᠲᠠᠳᠠᠭ ᠪᠣᠯᠪᠠ᠃ ᠭᠦᠩᠵᠦ ᠲᠡᠷᠭᠡᠯ ᠰᠠᠷ᠎ᠠ ᠲᠠᠢ ᠰᠥᠨᠢ ᠬᠠᠮᠤᠭ ᠤ᠋ᠨ ᠶᠡᠬᠡ ᠠᠵᠠ ᠵᠢᠷᠭᠠᠯ ᠢ᠋ ᠮᠡᠳᠡᠷᠡᠳᠡᠭ ᠪᠠᠢᠯ᠎ᠠ᠃ ᠰᠥᠨᠢ ᠪᠣᠯᠭᠠᠨ᠂ ᠬᠠᠪᠢᠷᠭᠠᠨ ᠰᠠᠷ᠎ᠠ ᠠᠭᠠᠵᠢᠮ ᠠᠭᠠᠵᠢᠮ ᠢ᠋ᠶ᠋ᠠᠷ ᠳᠦᠭᠦᠷᠬᠦ ᠦᠶ᠎ᠡ ᠳ᠋ᠦ᠍ ᠭᠦᠩᠵᠦ ᠪᠠᠭ᠎ᠠ ᠪᠠᠭ᠎ᠠ ᠪᠠᠷ ᠠᠵᠠ ᠵᠢᠷᠭᠠᠯ ᠲᠠᠢ ᠪᠣᠯᠵᠤ ᠲᠡᠷᠭᠡᠯ ᠰᠠᠷ᠎ᠠ ᠲᠠᠢ ᠰᠥᠨᠢ ᠳᠡᠭᠡᠳᠦ ᠵᠡᠷᠭᠡ ᠪᠡᠷ ᠠᠵᠠ ᠵᠢᠷᠭᠠᠯ ᠢ᠋ ᠮᠡᠳᠡᠷᠡᠳᠡᠭ ᠪᠠᠢᠯ᠎ᠠ᠃ ᠬᠠᠷᠢᠨ ᠡᠰᠡᠷᠭᠦ ᠪᠡᠷ ᠰᠠᠷ᠎ᠠ ᠪᠠᠭᠠᠰᠬᠤ ᠲᠣᠰᠤᠮ ᠬᠥᠷ ᠪᠠᠶᠠᠷ ᠨᠢ ᠪᠠᠭᠠᠰᠤᠭᠠᠳ᠂ ᠰᠠᠷ᠎ᠠ ᠬᠠᠷᠠᠭᠳᠠᠬᠤ ᠦᠭᠡᠢ ᠪᠣᠯᠬᠤ ᠦᠶ᠎ᠡ ᠳ᠋ᠦ᠍ ᠬᠥᠷ ᠪᠠᠶᠠᠷ ᠨᠢ ᠪᠠᠭᠤᠷᠠᠭᠠᠳ ᠰᠢᠨ᠎ᠡ ᠰᠠᠷ᠎ᠠ ᠭᠠᠷᠬᠤ ᠬᠦᠷᠲᠡᠯ᠎ᠡ ᠡᠴᠦᠰ ᠲᠦ᠍ ᠪᠡᠨ ᠪᠦᠷ ᠦᠬᠦᠭᠰᠡᠨ ᠬᠥᠮᠦᠨ ᠰᠢᠭ ᠣᠷᠣᠨ ᠳ᠋ᠠᠭᠠᠨ ᠬᠡᠪᠲᠡᠳᠡᠭ ᠪᠣᠯᠵᠠᠢ᠃ ᠨᠠᠷᠠ ᠮᠠᠨᠳᠤᠵᠤ ᠦᠦᠷ ᠴᠠᠢᠬᠤ ᠳ᠋ᠤ᠌ ᠭᠦᠨ ᠨᠣᠢᠷ ᠲᠤ᠌ ᠠᠪᠲᠠᠨ ᠨᠠᠷᠠ ᠵᠢᠷᠭᠠᠬᠤ ᠬᠦᠷᠲᠡᠯ᠎ᠡ ᠰᠠᠷᠠᠯ ᠦᠭᠡᠢ ᠤᠨᠲᠠᠳᠠᠭ ᠪᠠᠢᠯ᠎ᠠ᠃ ᠢᠩᠭᠢᠭᠡᠳ ᠬᠣᠷᠢᠨ ᠵᠢᠯ ᠥᠩᠭᠡᠷᠡᠭᠰᠡᠨ ᠴᠦ᠍ ᠭᠡᠰᠡᠨ ᠭᠦᠩᠵᠦ ᠨᠢᠭᠡ ᠴᠦ᠍ ᠤᠳᠠᠭ᠎ᠠ ᠠᠯᠲᠠᠨ ᠨᠠᠷᠠ ᠶ᠋ᠢ ᠬᠠᠷᠠᠭᠰᠠᠨ ᠦᠭᠡᠢ᠃ ᠭᠦᠩᠵᠦ ᠶ᠋ᠢᠨ ᠡᠨᠡ ᠵᠣᠪᠠᠯᠠᠩ ᠢ᠋ ᠬᠠᠷᠠᠭᠰᠠᠨ ᠭᠡᠷ ᠦ᠋ᠨ ᠬᠢᠨᠢ ᠴᠦ᠍ ᠭᠡᠰᠡᠨ ᠶᠡᠬᠡᠳᠡ ᠰᠢᠨᠠᠯᠵᠤ ᠵᠣᠪᠠᠳᠠᠭ ᠪᠠᠢᠯ᠎ᠠ᠃ ᠠᠪᠤ ᠠ᠋᠂ ᠪᠢ ᠣᠢ ᠳ᠋ᠤ᠌ ᠪᠠᠢᠳᠠᠭ ᠷᠣᠰᠫᠤᠲ᠋ᠧ ᠶ᠋ᠢᠨ ᠭᠡᠷ ᠲᠦ᠍ ᠣᠴᠢᠵᠤ ᠠᠮᠢᠳᠤᠷᠠᠮᠠᠷ ᠪᠠᠢᠨ᠎ᠠ᠃ ᠪᠣᠯᠬᠤ ᠥᠬᠡᠢ᠂ ᠪᠦᠭᠦᠳᠡ ᠬᠠᠮᠲᠤ ᠳ᠋ᠤ᠌ ᠪᠠᠨ ᠣᠷᠳᠣᠨ ᠳ᠋ᠤ᠌ ᠠᠮᠢᠳᠤᠷᠠᠨ᠎ᠠ᠃ ᠴᠢᠮ᠎ᠠ ᠶ᠋ᠢ ᠶᠠᠪᠤᠭᠤᠯᠤᠨ᠎ᠠ ᠭᠡᠬᠦ ᠡᠴᠡ ᠪᠦᠷ ᠵᠢᠷᠦᠬᠡ ᠰᠡᠳᠬᠢᠯ ᠡᠪᠡᠳᠴᠦ ᠪᠠᠢᠨ᠎ᠠ᠃ ᠠᠪᠤ ᠠ᠋᠂ ᠮᠢᠨᠦ ᠰᠡᠳᠬᠢᠯ ᠴᠦ᠍ ᠭᠡᠰᠡᠨ ᠡᠪᠡᠳᠴᠦ ᠪᠠᠢᠨ᠎ᠠ᠃ ᠰᠠᠷ᠎ᠠ ᠬᠣᠮᠰᠠᠳᠠᠬᠤ ᠪᠦᠷᠢ ᠳ᠋ᠦ᠍ ᠴᠦᠩᠬᠦᠢᠵᠦ ᠴᠠᠢᠵᠤ ᠪᠠᠢᠭ᠎ᠠ ᠪᠠᠨ ᠬᠠᠷᠠᠭᠠᠳ ᠮᠢᠨᠦ ᠰᠡᠳᠬᠢᠯ ᠴᠦ᠍ ᠡᠪᠡᠳᠳᠡᠭ᠃ ᠣᠢ ᠳ᠋ᠤ᠌ ᠪᠠᠢᠪᠠᠯ ᠭᠠᠢᠭᠤᠢ ᠪᠠᠢᠨ᠎ᠠ ᠠ᠋᠃ ᠮᠢᠨᠦ ᠡᠨᠡ ᠬᠠᠷᠢᠶᠠᠯ ᠡᠴᠡ ᠪᠣᠯᠤᠭᠠᠳ ᠰᠢᠨᠠᠯᠵᠤ ᠪᠠᠢᠭ᠎ᠠ ᠲᠠ ᠬᠣᠶᠠᠷ ᠢ᠋ ᠪᠡᠨ ᠬᠠᠷᠠᠭᠠᠳ ᠰᠡᠳᠬᠢᠯ ᠡᠪᠡᠳᠬᠦ ᠪᠠᠭᠠᠰᠤᠨ᠎ᠠ᠃ ᠲᠡᠨᠳᠡ ᠠᠮᠢᠳᠤᠷᠠᠬᠤ ᠶ᠋ᠢ ᠵᠥᠪᠰᠢᠶᠡᠷᠡᠭᠡᠴᠢ᠃ ᠮᠢᠨᠦ ᠬᠠᠷᠢᠶᠠᠯ ᠤᠰᠠᠳᠴᠤ ᠦᠭᠡᠢ ᠪᠣᠯᠬᠤ ᠬᠦᠷᠲᠡᠯ᠎ᠡ᠃ ᠠ⁈ ᠭᠡᠬᠦ ᠳ᠋ᠡᠭᠡᠨ ᠶᠠᠪᠤᠭᠤᠯᠴᠢᠬ᠎ᠠ! ᠬᠣᠩᠭᠣᠷ ᠮᠢᠨᠢ᠃ ᠥᠬᠢᠨ ᠮᠠᠨᠢ ᠲᠣᠮᠣ ᠪᠣᠯᠤᠭᠰᠠᠨ ᠰᠢᠦ ᠳᠡ᠃ ᠪᠢᠳᠡ ᠨᠠᠷ ᠡᠴᠡ ᠢᠯᠡᠭᠦᠦ ᠰᠢᠨᠠᠯᠵᠤ ᠪᠠᠢᠭ᠎ᠠ ᠰᠢᠦ ᠳᠡ᠃ ᠰᠡᠳᠬᠢᠯ ᠰᠠᠨᠠᠭ᠎ᠠ ᠴᠢᠨᠢ ᠶᠠᠮᠠᠷ ᠶᠡᠬᠡ ᠰᠢᠨᠠᠯᠵᠤ ᠪᠠᠢᠭᠰᠠᠨ ᠢ᠋ ᠣᠳᠣ ᠯᠠ ᠣᠢᠯᠠᠭᠠᠯ᠎ᠠ᠃ ᠶᠠᠪᠤ ᠳᠠ᠂ ᠥᠬᠢᠨ ᠮᠢᠨᠢ᠂ ᠶᠠᠪᠤᠭᠠᠳ ᠨᠠᠷᠠ ᠶ᠋ᠢ ᠬᠠᠷᠠᠳᠠᠭ ᠪᠣᠯᠬᠤ ᠪᠠᠷ ᠢ᠋ᠶ᠋ᠠᠨ ᠡᠷᠭᠢᠵᠦ ᠢᠷᠡᠭᠡᠷᠡᠢ᠃ᠲᠡᠷᠡ ᠪᠣᠯᠲᠠᠯ᠎ᠠ ᠪᠢᠳᠡ ᠨᠠᠷ ᠡᠨᠳᠡ ᠪᠡᠨ ᠬᠦᠯᠢᠶᠡᠵᠦ ᠪᠠᠢᠶ᠎ᠠ᠃ ᠢᠩᠭᠢᠭᠡᠳ ᠭᠦᠩᠵᠦ ᠡᠪᠡᠳᠦᠭᠰᠡᠨ ᠦᠶ᠎ᠡ ᠳ᠋ᠦ᠍ ᠨᠢ ᠥᠪᠡᠷ ᠢ᠋ ᠨᠢ ᠡᠮᠴᠢᠯᠡᠬᠦ ᠰᠢᠪᠡᠭᠴᠢᠨ ᠨᠦ᠍ᠭᠦᠳ ᠢ᠋ᠶ᠋ᠡᠨ ᠳᠠᠭᠠᠭᠤᠯᠤᠨ ᠣᠢ ᠶ᠋ᠢᠨ ᠭᠦᠨ ᠳ᠋ᠦ᠍ ᠣᠴᠢᠨ ᠰᠢᠨ᠎ᠡ ᠠᠮᠢᠳᠤᠷᠠᠯ ᠢ᠋ᠶ᠋ᠠᠨ ᠡᠬᠢᠯᠡᠭᠦᠯᠦᠯ᠎ᠡ᠃ ᠭᠦᠩᠵᠦ ᠪᠡᠶ᠎ᠡ ᠨᠢ ᠵᠦᠭᠡᠷ ᠦᠶ᠎ᠡ ᠳ᠋ᠦ᠍ ᠣᠢ ᠪᠠᠷ ᠨᠠᠭᠠᠰᠢ ᠴᠠᠭᠠᠰᠢ ᠠᠯᠬᠤᠬᠤ ᠳᠤᠷᠠᠲᠠᠢ ᠪᠠᠢᠯ᠎ᠠ᠃ ᠢᠩᠭᠢᠭᠡᠳ ᠰᠠᠷ᠎ᠠ ᠬᠣᠮᠠᠰᠳᠠᠬᠤ ᠦᠶ᠎ᠡ ᠳ᠋ᠦ᠍ ᠬᠡᠵᠢᠶ᠎ᠡ ᠮᠥᠳᠳᠥ ᠦᠭᠡᠢ ᠤᠨᠠᠬᠤ ᠪᠠᠢᠬᠤ ᠭᠡᠰᠡᠨ ᠰᠠᠨᠠᠭ᠎ᠠ ᠵᠣᠪᠠᠭᠰᠠᠨ ᠬᠠᠷᠠᠴᠠ ᠪᠠᠷ ᠬᠠᠷᠠᠬᠤ ᠰᠢᠪᠡᠭᠴᠢᠨ ᠨᠦ᠍ᠭᠦᠳ ᠡᠴᠡ ᠪᠡᠨ ᠵᠢᠭᠤᠲᠠᠨ ᠣᠢ ᠪᠠᠷ ᠠᠯᠬᠤᠬᠤ ᠳᠤᠷᠠᠲᠠᠢ ᠪᠠᠢᠯ᠎ᠠ᠃ ᠭᠡᠲᠡᠯ᠎ᠡ ᠨᠢᠭᠡ ᠡᠳᠦᠷ ᠣᠢ ᠳ᠋ᠤ᠌ ᠲᠥᠭᠡᠷᠢᠭᠰᠡᠨ ᠨᠢᠭᠡᠨ ᠵᠠᠯᠠᠭᠤ ᠰᠢᠳᠢᠲᠡᠨ ᠨᠤᠭᠦᠳ ᠦ᠋ᠨ ᠪᠠᠢᠰᠢᠩ ᠳ᠋ᠤ᠌ ᠣᠴᠢᠯ᠎ᠠ᠃ ᠵᠠ᠂ ᠡᠳᠧᠪᠤᠷᠳ᠋ ᠬᠠᠨ ᠬᠦᠦ ᠰᠠᠢᠨ ᠪᠠᠢᠨ᠎ᠠ ᠤᠤ? ᠨᠠᠮᠠᠶ᠋ᠢ ᠲᠠᠨᠢᠳᠠᠭ ᠶᠤᠮ ᠤᠤ? ᠲᠠᠨᠢᠯ ᠦᠭᠡᠢ ᠶᠠᠭᠠᠬᠢᠬᠤᠪ! ᠪᠢ ᠴᠢᠨᠢ ᠰᠢᠳᠢᠲᠡᠨ ᠰᠢᠦ ᠳᠡ᠃ ᠲᠡᠭᠡᠪᠡᠯ ᠮᠠᠨ ᠤ᠋ ᠠᠪᠤ ᠲᠡᠢᠨ ᠳ᠋ᠦ᠍ ᠢᠯᠠᠭᠳᠠᠭᠠᠳ ᠨᠠᠮ᠎ᠠ ᠶ᠋ᠢ ᠡᠨᠡ ᠣᠢ ᠤᠷᠤᠭᠤ ᠵᠢᠭᠤᠲᠠ ᠭᠡᠵᠦ ᠶᠠᠪᠤᠭᠤᠯᠤᠭᠰᠠᠨ ᠢ᠋ ᠴᠦ᠍ ᠭᠡᠰᠡᠨ ᠮᠡᠳᠡᠨ᠎ᠡ ᠭᠡᠰᠡᠨ ᠦᠭᠡ ᠤᠤ? ᠣᠷᠣᠯ ᠳᠠ᠂ ᠵᠠᠷᠢᠮ ᠳ᠋ᠠᠭᠠᠨ ᠲᠡᠢᠨ ᠲᠤᠯᠤᠯᠳᠤᠭᠠᠨ ᠡᠴᠡ ᠵᠢᠭᠤᠲᠠᠬᠤ ᠨᠢ ᠵᠥᠪ ᠭᠠᠷᠴᠠ ᠪᠣᠯᠳᠠᠭ ᠶᠤᠮ ᠰᠢᠦ᠃ ᠢᠩᠭᠢᠭᠡᠳ ᠰᠢᠳᠢᠲᠡᠨ ᠬᠠᠨ ᠬᠦᠦ ᠳ᠋ᠦ᠍ ᠬᠠᠯᠠᠭᠤᠨ ᠬᠣᠭᠣᠯᠠ ᠲᠤᠬᠠᠲᠠᠢ ᠠᠮᠠᠷᠠᠬᠤ ᠣᠷᠣ ᠪᠡᠯᠡᠳᠴᠦ ᠥᠭᠭᠦᠯ᠎ᠡ᠃
ᠮᠠᠷᠭᠠᠰᠢ ᠥᠷᠯᠥᠭᠡ ᠨᠢ ᠬᠠᠨ ᠬᠦᠦ ᠶ᠋ᠢ ᠰᠢᠳᠢᠲᠡᠨ ᠦ᠌ ᠪᠠᠢᠰᠢᠩ ᠢ᠋ ᠣᠷᠬᠢᠭᠠᠳ ᠶᠠᠪᠤᠬᠤ ᠮᠥᠴᠡ ᠳ᠋ᠦ᠍᠂ ᠣᠢ ᠶ᠋ᠢᠨ ᠭᠦᠨ ᠳ᠋ᠦ᠍ ᠪᠠᠢᠳᠠᠭ ᠨᠠᠮᠤᠭ ᠠ᠋ᠴᠠ ᠬᠣᠯᠠᠭᠤᠷ ᠶᠠᠪᠤᠭᠠᠷᠠᠢ᠃ᠡᠨᠡ ᠦᠭᠡ ᠶ᠋ᠢ ᠬᠡᠵᠢᠶ᠎ᠡ ᠴᠦ᠍ ᠮᠠᠷᠲᠠᠵᠤ ᠪᠣᠯᠬᠤ ᠦᠭᠡᠢ ᠰᠢᠦ᠃ ᠥᠷᠦᠪᠴᠢ ᠰᠡᠳᠬᠢᠯ ᠡᠨᠡ ᠳᠡᠯᠡᠬᠡᠢ ᠳᠡᠭᠡᠷᠡᠬᠢ ᠬᠠᠮᠤᠭ ᠤ᠋ᠨ ᠬᠦᠴᠦᠷᠬᠡᠭ ᠷᠢᠳᠢ ᠰᠢᠳᠢ ᠡᠴᠡ ᠴᠦ᠍ ᠢᠯᠡᠭᠦᠦ ᠬᠦᠴᠦ ᠲᠡᠢ ᠭᠡᠳᠡᠭ ᠢ᠋ ᠮᠠᠷᠲᠠᠵᠤ ᠪᠣᠯᠬᠤ ᠦᠭᠡᠢ ᠰᠢᠦ᠃ ᠡᠨᠡ ᠦᠭᠡ ᠶ᠋ᠢ ᠴᠢᠨᠢ ᠪᠢ ᠬᠡᠵᠢᠶ᠎ᠡ ᠴᠦ᠍ ᠮᠠᠷᠲᠠᠬᠤ ᠦᠭᠡᠢ᠃
ᠢᠩᠭᠢᠭᠡᠳ ᠬᠠᠭᠠᠨ ᠬᠦᠦ ᠪᠤᠴᠠᠭᠠᠳ ᠣᠢ ᠶ᠋ᠢᠨ ᠭᠦᠨ ᠤᠷᠤᠭᠤ ᠠᠯᠬᠤᠯ᠎ᠠ᠃ ᠲᠡᠷᠡᠣᠷᠣᠢ ᠲᠡᠷᠭᠡᠯ ᠰᠠᠷ᠎ᠠ ᠭᠠᠷᠬᠤ ᠡᠴᠡ ᠭᠤᠷᠪᠠ ᠬᠣᠨᠣᠭ ᠤ᠋ᠨ ᠡᠮᠦᠨ᠎ᠡ ᠪᠠᠢᠯ᠎ᠠ᠃ ᠠᠮᠠᠷᠠᠬᠤ ᠪᠠᠢᠷᠢ ᠬᠠᠢᠵᠤ ᠶᠠᠪᠤᠬᠤ ᠳ᠋ᠤᠨᠢ ᠬᠠᠮᠢᠭ᠎ᠠ ᠨᠢᠭᠡ ᠨᠢᠭᠡᠨᠲᠡᠭᠡ ᠡᠴᠡ ᠳᠠᠭᠤ ᠰᠣᠨᠣᠰᠲᠠᠯ᠎ᠠ᠃ ᠠᠮᠢᠳᠤᠷᠠᠯ ᠳ᠋ᠠᠭᠠᠨ ᠬᠡᠵᠢᠶ᠎ᠡ ᠴᠦ᠍ ᠰᠣᠨᠣᠰᠴᠤ ᠪᠠᠢᠭ᠎ᠠ ᠦᠭᠡᠢ ᠤᠶᠠᠩᠭᠠᠯᠢᠭ ᠰᠠᠢᠬᠠᠨ ᠳᠠᠭᠤᠤ ᠪᠠᠢᠯ᠎ᠠ ᠲᠡᠷᠡ ᠳᠠᠭᠤᠤ ᠭᠠᠷᠴᠤ ᠪᠠᠢᠭ᠎ᠠ ᠭᠠᠵᠠᠷ ᠤᠷᠤᠭᠤ ᠠᠯᠬᠤᠯ᠎ᠠ᠃ ᠢᠩᠭᠢᠭᠡᠳ ᠣᠴᠢᠭᠰᠠᠨ ᠭᠠᠵᠠᠷ ᠨᠢ ᠨᠢᠭᠡᠨ ᠪᠦᠰᠡᠭᠦᠢ ᠰᠠᠷᠠᠨ ᠤ᠋ ᠭᠡᠷᠡᠯ ᠳ᠋ᠦ᠍ ᠵᠣᠭᠰᠣᠵᠤ ᠪᠠᠢᠬᠤ ᠨᠢ᠂ ᠲᠡᠷᠡ ᠪᠦᠰᠡᠭᠦᠢ ᠰᠠᠷᠠᠨ ᠤ᠋ ᠭᠡᠷᠡᠯ ᠳ᠋ᠦ᠍ ᠪᠥᠵᠢᠭᠯᠡᠨ ᠳᠠᠭᠤᠯᠠᠵᠤ ᠪᠠᠢᠭᠰᠠᠨ ᠶᠤᠮ᠃ ᠡᠨᠡ ᠳᠡᠯᠡᠬᠡᠢ ᠶ᠋ᠢᠨ ᠪᠦᠬᠦᠢᠯᠡ ᠬᠠᠢᠷ᠎ᠠ ᠪᠠᠶᠠᠷ ᠪᠠᠶᠠᠰᠬᠤᠯᠠᠩ ᠢ᠋ ᠰᠡᠳᠬᠢᠯ ᠳ᠋ᠡᠭᠡᠨ ᠪᠠᠭᠲᠠᠭᠠᠭᠰᠠᠨ ᠶᠤᠮ ᠰᠢᠭ᠋ ᠰᠠᠨᠠᠭᠳᠠᠯ᠎ᠠ᠃ ᠡᠭᠦᠨ ᠳ᠋ᠦ᠍ ᠰᠡᠳᠬᠢᠯ ᠠᠯᠳᠠᠷᠠᠭᠰᠠᠨ ᠬᠠᠨ ᠬᠦᠦ ᠰᠥᠨᠢᠵᠢᠨ ᠢ᠋ᠶ᠋ᠡᠨ ᠠᠵᠢᠭᠯᠠᠨ ᠬᠠᠷᠠᠭᠰᠠᠨ᠃ ᠦᠦᠷ ᠴᠠᠢᠬᠤ ᠶ᠋ᠢᠨ ᠡᠮᠦᠨᠡᠬᠡᠨ ᠬᠡᠳᠦᠨ ᠰᠢᠪᠡᠭᠴᠢᠨ ᠬᠦᠷᠴᠦ ᠢᠷᠡᠭᠡᠳ ᠳᠠᠭᠠᠭᠤᠯᠵᠤ ᠶᠠᠪᠤᠬᠤ ᠬᠦᠷᠲᠡᠯ᠎ᠡ ᠬᠠᠷᠠᠯ᠎ᠠ᠃ ᠡᠢᠨᠬᠦ ᠬᠠᠨ ᠬᠦᠦ ᠭᠦᠩᠵᠦ ᠶ᠋ᠢ ᠭᠤᠷᠪᠠᠨ ᠰᠥᠨᠢ ᠠᠵᠢᠭᠯᠠᠨ ᠬᠠᠷᠠᠭᠰᠠᠨ ᠶᠤᠮ᠃ ᠬᠠᠷᠢᠨ ᠭᠦᠩᠵᠦ ᠰᠠᠷ᠎ᠠ ᠳᠦᠭᠦᠷᠬᠦ ᠶ᠋ᠢᠨ ᠬᠢᠷᠢ ᠪᠡᠷ ᠤᠯᠠᠮ ᠯᠠ ᠦᠵᠡᠰᠬᠦᠯᠡᠩᠲᠡᠢ ᠰᠠᠢᠬᠠᠨ ᠪᠣᠯᠵᠤ ᠳᠠᠭᠤᠯᠠᠭᠰᠠᠭᠠᠷ ᠯᠠ ᠪᠠᠢᠭᠰᠠᠨ ᠶᠤᠮ᠃ ᠲᠡᠭᠡᠭᠡᠳ ᠲᠡᠷᠡ ᠰᠥᠨᠢ ᠬᠠᠨ ᠬᠦᠦ ᠣᠢᠷᠠᠲᠤᠨ ᠣᠴᠢᠯ᠎ᠠ᠃ ᠥᠩᠭᠡᠷᠡᠭᠰᠡᠨ ᠰᠥᠨᠢ ᠪᠢ ᠴᠢᠨᠦ ᠳᠠᠭᠤᠯᠠᠬᠤ ᠳᠠᠭᠤᠤ ᠶ᠋ᠢ ᠰᠣᠨᠣᠰᠳᠠᠭ ᠪᠠᠢᠭᠰᠠᠨ᠃ ᠴᠢᠨᠦ ᠬᠣᠭᠣᠯᠠᠢ ᠦᠨᠡᠬᠡᠷ ᠭᠠᠢᠬᠠᠮᠰᠢᠭᠲᠠᠢ ᠪᠠᠢᠭᠰᠠᠨ ᠶᠤᠮ᠃ ᠨᠠᠮ᠎ᠠ ᠶ᠋ᠢ ᠡᠳᠧᠪᠤᠷᠳ᠋ ᠬᠠᠨ ᠬᠦᠦ ᠭᠡᠳᠡᠭ᠃ ᠢᠩᠭᠢᠬᠦ ᠳ᠋ᠦ᠍ ᠴᠢᠮ᠎ᠠ ᠶ᠋ᠢ ᠬᠡᠨ ᠭᠡᠳᠡᠭ ᠪᠢᠯᠡ?
ᠨᠠᠮ᠎ᠠ ᠶ᠋ᠢ ᠳ᠋ᠧᠢᠯᠠᠢᠲ᠋ ᠭᠦᠩᠵᠦ ᠭᠡᠳᠡᠭ᠃
ᠡᠨᠳᠡ ᠠᠮᠢᠳᠤᠷᠠᠳᠠᠭ ᠶᠤᠮ ᠤᠤ? ᠡᠨᠡ ᠣᠢ ᠳ᠋ᠤ᠌ ᠤᠤ ⁈
ᠨᠠᠷᠠ ᠬᠠᠷᠠᠵᠤ ᠪᠠᠢᠭᠰᠠᠨ ᠤᠤ?
ᠶᠠᠭᠤ⁈ ᠨᠠᠷᠠ ᠬᠠᠷᠠᠭᠠᠳᠤᠢ ᠬᠥᠮᠦᠨ ᠭᠡᠵᠦ ᠪᠠᠢᠳᠠᠭ ᠭᠡᠵᠦ ᠤᠤ?
ᠪᠢ ᠶᠠᠪᠤᠯ᠎ᠠ᠃ ᠳᠠᠬᠢᠵᠤ ᠨᠠᠮᠠᠶ᠋ᠢ ᠬᠦᠯᠢᠶᠡᠬᠦ ᠬᠡᠷᠡᠭ ᠦᠭᠡᠢ ᠰᠢᠦ᠃
ᠢᠩᠭᠢᠵᠦ ᠬᠡᠯᠡᠬᠦ ᠳ᠋ᠦ᠍ ᠭᠦᠩᠵᠦ ᠶ᠋ᠢᠨ ᠬᠣᠭᠣᠯᠠᠢ ᠳ᠋ᠤ᠌ ᠤᠢᠳᠬᠠᠷ ᠭᠤᠨᠢᠭ ᠬᠤᠷᠠᠵᠤ ᠪᠠᠢᠪᠠ᠃
ᠡᠭᠦᠨ ᠢ᠋ ᠰᠣᠨᠣᠰᠤᠭᠰᠠᠨ ᠬᠠᠨ ᠬᠦᠦ ᠶ᠋ᠢᠨ ᠰᠡᠳᠬᠢᠯ ᠴᠦ᠍ ᠡᠪᠡᠳᠦᠯ᠎ᠡ᠃
ᠭᠡᠪᠡᠴᠦ ᠭᠦᠩᠵᠦ ᠬᠠᠨ ᠬᠦᠦ ᠲᠡᠢ ᠳᠠᠬᠢᠵᠤ ᠠᠭᠤᠯᠵᠠᠬᠤ ᠬᠦᠰᠡᠯ ᠦᠭᠡᠢ ᠪᠠᠢᠭ᠎ᠠ ᠲᠤᠯᠠ ᠠᠮᠠᠯᠠᠭᠰᠠᠨ ᠠᠮᠠᠯᠠᠯᠲᠠ ᠳ᠋ᠤ᠌ ᠪᠠᠨ ᠬᠦᠷᠳᠡᠭ ᠪᠣᠯᠪᠠᠰᠤᠨ ᠬᠥᠮᠦᠨ ᠲᠤᠯᠠ ᠳᠠᠬᠢᠨ ᠣᠢ ᠤᠷᠤᠭᠤ ᠶᠠᠪᠤᠵᠤ ᠬᠡᠳᠦ ᠬᠣᠨᠣᠭ ᠣᠢ ᠪᠠᠷ ᠶᠠᠪᠤᠬᠤ ᠠ᠋ᠴᠠ ᠥᠭᠡᠷ᠎ᠡ ᠠᠷᠭ᠎ᠠ ᠦᠭᠡᠢ ᠪᠣᠯᠤᠭᠰᠠᠨ᠃ ᠢᠩᠭᠢᠭᠡᠳ ᠰᠢᠨ᠎ᠡ ᠰᠠᠷ᠎ᠠ ᠭᠠᠷᠬᠤ ᠠ᠋ᠴᠠ ᠭᠤᠷᠪᠠᠨ ᠬᠣᠨᠣᠭ ᠤ᠋ᠨ ᠡᠮᠦᠨ᠎ᠡ ᠰᠥᠨᠢ ᠣᠢ ᠪᠠᠷ ᠶᠠᠪᠤᠵᠤ ᠪᠠᠢᠭᠰᠠᠨ ᠬᠠᠨ ᠬᠦᠦ ᠬᠡᠨ ᠨᠢᠭᠡᠨ ᠢ᠋ ᠬᠠᠢᠵᠤ ᠪᠠᠢᠭ᠎ᠠ ᠰᠢᠭ᠋ ᠰᠡᠩᠳᠡ ᠮᠡᠩᠳᠡ ᠨᠢᠭᠡ ᠪᠦᠰᠡᠭᠦᠢ ᠲᠡᠢ ᠳᠠᠭᠠᠷᠢᠯ᠎ᠠ᠃
ᠭᠦᠩᠵᠦ ᠠ᠋᠂ ᠪᠠᠢᠨ᠎ᠠ ᠤᠤ? ᠭᠦᠩᠵᠦ ᠠ᠋᠂ ᠬᠠᠮᠢᠭ᠎ᠠ ᠪᠠᠢᠨ᠎ᠠ᠂᠂᠂᠂
ᠪᠦᠰᠡᠭᠦᠢ ᠮᠢᠨᠢ ᠶᠠᠭᠤ ᠪᠣᠯᠤᠭᠰᠠᠨ ᠶᠤᠮ ᠪᠣᠢ?ᠪᠢ ᠲᠠᠨ ᠳ᠋ᠤ᠌ ᠲᠤᠰᠠᠯᠠᠬᠤ ᠤᠤ?
ᠮᠠᠨ ᠤ᠋ ᠭᠦᠩᠵᠦ ᠰᠠᠯᠬᠢᠨ ᠳ᠋ᠤ᠌ ᠭᠠᠷᠴᠤ ᠶᠠᠪᠤᠭᠠᠳ ᠡᠷᠭᠢᠵᠦ ᠢᠷᠡᠳᠡᠭ ᠦᠭᠡᠢ᠂᠂᠂᠂
ᠡᠨᠡ ᠦᠭᠡ ᠶ᠋ᠢ ᠰᠣᠨᠣᠰᠤᠭᠰᠠᠨ ᠬᠠᠨ ᠬᠦᠦ ᠮᠠᠰᠢ ᠬᠤᠷᠳᠤᠬᠠᠨ ᠰᠢᠭ᠋ ᠭᠦᠩᠵᠦ ᠶ᠋ᠢ ᠣᠯᠬᠤ ᠬᠡᠷᠡᠭᠲᠡᠢ ᠭᠡᠰᠡᠨ ᠪᠣᠳᠣᠯ ᠳ᠋ᠤ᠌ ᠪᠠᠨ ᠬᠥᠲᠥᠯᠦᠭᠳᠡᠨ ᠶᠠᠭᠠᠷᠠᠨ ᠬᠠᠢᠵᠤ ᠡᠬᠢᠯᠡᠯ᠎ᠡ ᠪᠦᠬᠦᠯᠢ ᠣᠢ ᠪᠠᠷ ᠡᠷᠢᠭ᠌ᠰᠡᠨ ᠤ ᠡᠴᠦᠰ ᠲᠦ᠍ ᠨᠠᠮᠤᠭ ᠳᠡᠭᠡᠷ᠎ᠡ ᠢᠷᠡᠯ᠎ᠡ᠃ ᠨᠠᠮᠤᠭ ᠤ᠋ᠨ ᠰᠢᠳᠢᠲᠡᠨ ᠬᠠᠨ ᠬᠦᠦ ᠶ᠋ᠢ ᠬᠠᠷᠠᠯ᠎ᠠ᠃ ᠡᠨᠡ ᠬᠠᠨ ᠬᠦᠦ ᠭᠦᠩᠵᠦ ᠶ᠋ᠢ ᠦᠨᠦᠰᠦᠭᠡᠳ ᠬᠠᠷᠢᠶᠠᠯ ᠢ᠋ ᠨᠢ ᠤᠰᠠᠳᠬᠠᠬᠤ ᠪᠣᠢ ᠭᠡᠵᠦ ᠰᠢᠳᠢᠲᠡᠨ ᠠᠶᠤᠵᠤ ᠪᠠᠢᠯ᠎ᠠ᠃
ᠲᠡᠭᠡᠭᠡᠳ ᠬᠠᠨ ᠬᠦᠦ ᠶ᠋ᠢ ᠬᠦᠷᠲᠡᠯ᠎ᠡ ᠬᠠᠷᠢᠶᠠᠭᠰᠠᠨ ᠶᠤᠮ᠃ ᠴᠢ ᠬᠡᠵᠢᠶ᠎ᠡ ᠴᠦ᠍ ᠳ᠋ᠧᠢᠯᠠᠢᠲ ᠭᠦᠩᠵᠦ ᠶ᠋ᠢ ᠦᠨᠦᠰᠬᠦ ᠶ᠋ᠢ ᠬᠦᠰᠡᠬᠦ ᠦᠭᠡᠢ᠃ ᠬᠠ ᠬᠠ ᠬᠠ᠂᠂᠂᠂
ᠬᠠᠨ ᠬᠦᠦ ᠣᠢ ᠪᠠᠷ ᠶᠠᠪᠤᠵᠤ ᠪᠠᠢᠭᠠᠳ ᠬᠠᠷᠠᠩᠭᠤᠢ ᠳ᠋ᠤ᠌ ᠨᠢᠭᠡᠨ ᠬᠠᠴᠢᠷᠬᠠᠯᠲᠠᠢ ᠬᠥᠮᠦᠨ ᠢ᠋ ᠣᠯᠵᠤ ᠬᠠᠷᠠᠵᠠᠢ᠃ ᠢᠩᠭᠢᠭᠡᠳ ᠳᠥᠭᠥᠨ ᠣᠴᠢᠯ᠎ᠠ᠃
ᠭᠡᠲᠡᠯ᠎ᠡ ᠴᠦᠩᠬᠦᠢᠭᠰᠡᠨ ᠴᠠᠭᠠᠨ ᠴᠢᠷᠠᠢ ᠲᠠᠢ ᠡᠴᠢᠵᠦ ᠲᠤᠢᠯᠳᠠᠭᠰᠠᠨ ᠡᠮᠡᠭᠡᠨ ᠵᠣᠭᠰᠣᠵᠤ ᠪᠠᠢᠯ᠎ᠠ᠃ ᠡᠮᠡᠭᠡᠨ ᠨᠢᠳᠦ ᠪᠡᠨ ᠴᠦ᠍ ᠨᠡᠭᠡᠭᠡᠵᠦ ᠴᠢᠳᠠᠬᠤ ᠦᠭᠡᠢ ᠪᠠᠢᠭᠰᠠᠨ ᠶᠤᠮ᠃
ᠡᠮᠧ ᠠ᠋᠂ ᠪᠢ ᠲᠠᠨ ᠳ᠋ᠤ᠌ ᠲᠤᠰᠠᠯᠠᠬᠤ ᠤᠤ?
ᠠ᠋᠂ ᠠ᠋᠂ ᠦ᠂᠂᠂᠂
ᠴᠠᠭ ᠬᠤᠭᠤᠴᠠᠭ᠎ᠠ ᠥᠩᠭᠡᠷᠡᠬᠦ ᠲᠣᠰᠤᠮ ᠡᠮᠡᠭᠡᠨ ᠤᠯᠠᠮ ᠪᠦᠷ ᠴᠠᠩᠬᠠᠢᠵᠤ ᠰᠤᠯᠠ ᠳᠣᠷᠣᠢ ᠪᠣᠯᠵᠤ ᠪᠠᠢᠯ᠎ᠠ᠃ ᠲᠡᠭᠡᠭᠡᠳ ᠬᠠᠨ ᠬᠦᠦ ᠶᠠᠭᠠᠬᠢᠬᠤ ᠪᠠᠨ ᠮᠡᠳᠡᠬᠦ ᠪᠡᠨ ᠪᠣᠯᠢᠯ᠎ᠠ ᠃
ᠡᠪᠡᠳᠴᠦ ᠰᠢᠨᠠᠯᠤᠭᠰᠠᠨ ᠳ᠋ᠠᠭᠠᠨ ᠨᠢᠯᠪᠤᠰᠤ ᠬᠦᠷᠲᠡᠯ᠎ᠡ ᠤᠨᠠᠭᠠᠬᠤ ᠡᠮᠡᠭᠡᠨ ᠢ᠋ ᠬᠠᠷᠠᠭᠠᠳ ᠶᠠᠭᠠᠬᠢᠵᠤ ᠲᠤᠰᠠᠯᠠᠬᠤ ᠪᠠᠨ ᠴᠤ᠌ ᠮᠡᠳᠡᠬᠦ ᠦᠭᠡᠢ ᠪᠠᠢᠯ᠎ᠠ᠃
ᠬᠠᠨ ᠬᠦᠦ ᠭᠠᠷ ᠢ᠋ ᠨᠢ ᠠᠳᠬᠤᠵᠤ ᠳᠤᠬᠤᠨ ᠳᠡᠭᠡᠷ᠎ᠡ ᠨᠢ ᠢᠯᠢᠯᠭᠡ ᠬᠢᠨ ᠡᠮᠡᠭᠡᠨ ᠢ᠋ ᠴᠢᠩ ᠰᠡᠳᠬᠢᠯ ᠡᠴᠡ ᠪᠡᠨ ᠦᠷᠦ ᠡᠪᠡᠳᠴᠦ ᠡᠬᠢᠯᠡᠯ᠎ᠡ᠃ ᠡᠮᠡᠭᠡᠨ ᠢ᠋ ᠲᠠᠢᠳᠬᠤᠷᠠᠭᠤᠯᠬᠤ ᠶ᠋ᠢᠨ ᠲᠤᠯᠠᠳᠠ ᠭᠠᠷ ᠳᠡᠭᠡᠷ᠎ᠡ ᠨᠢ ᠦᠨᠦᠰᠦᠯ᠎ᠡ᠃ ᠭᠡᠲᠡᠯ᠎ᠡ ᠦᠨᠦᠰᠦᠮᠡᠭᠴᠡ ᠡᠮᠡᠭᠡᠨ ᠦ᠌ ᠪᠡᠶ᠎ᠡ ᠭᠡᠨᠡᠳᠲᠡ ᠰᠠᠢᠵᠢᠷᠠᠵᠤ ᠬᠠᠭᠤᠴᠢᠨ ᠬᠡᠪ ᠲᠡᠭᠡᠨ ᠣᠷᠣᠴᠢᠬᠠᠯ᠎ᠠ᠃ ᠲᠡᠭᠦᠨ ᠢ᠋ ᠬᠠᠷᠠᠬᠤ ᠳ᠋ᠤ᠌ ᠳ᠋ᠧᠢᠯᠠᠢᠲ ᠭᠦᠩᠵᠦ ᠪᠠᠢᠯ᠎ᠠ᠃ ᠬᠠᠷᠢᠶᠠᠯ ᠨᠢ ᠤᠰᠠᠳᠤᠭᠰᠠᠨ ᠢ᠋ ᠮᠡᠳᠡᠭᠰᠡᠨ ᠰᠢᠳᠢᠲᠡᠨ ᠬᠠᠨ ᠬᠦᠦ ᠭᠦᠩᠵᠦ ᠬᠣᠶᠠᠷ ᠤ᠋ᠨ ᠬᠠᠮᠲᠤ ᠪᠠᠢᠭ᠎ᠠ ᠭᠠᠵᠠᠷ ᠤᠷᠤᠭᠤ ᠲᠡᠷᠡ ᠳᠣᠣᠷ᠎ᠠ ᠪᠠᠨ ᠨᠢᠰᠦᠨ ᠣᠴᠢᠵᠠᠢ᠃
ᠭᠦᠩᠵᠦ ᠠ᠋᠂᠂᠂᠂
ᠪᠣᠯᠬᠤ ᠦᠭᠡᠢ᠃ ᠦᠭᠡᠢ᠃ ᠬᠡᠵᠢᠶ᠎ᠡ ᠴᠦ᠍ ᠡᠢᠮᠦ ᠶᠠᠭᠤᠮ᠎ᠠ ᠪᠣᠯᠬᠤ ᠶᠣᠰᠣ ᠦᠭᠡᠢ᠃ ᠭᠦᠩᠵᠦ ᠶ᠋ᠢ ᠦᠨᠦᠰᠦᠭᠦᠯᠬᠦ ᠦᠭᠡᠢ ᠶᠦᠮ ᠭᠡᠵᠦ ᠬᠠᠷᠢᠶᠠᠭᠰᠠᠨ ᠶᠤᠮ ᠰᠠᠨ᠃
ᠠ! ᠥᠷᠦᠪᠴᠢ ᠰᠠᠢᠬᠠᠨ ᠰᠡᠳᠬᠢᠯ ᠦ᠋ᠨ ᠡᠭᠦᠳᠡᠨ ᠡᠴᠡ ᠯᠡ ᠦᠨᠦᠰᠦᠭᠰᠡᠨ᠃ ᠬᠡᠳᠦᠢ ᠬᠦᠨᠳᠦ ᠲᠤᠰᠠᠯᠠᠬᠤ ᠶ᠋ᠢ ᠬᠦᠰᠡᠬᠦ ᠦᠭᠡᠢ ᠪᠠᠢᠭᠰᠠᠨ ᠴᠤ᠌ ᠭᠡᠰᠡᠨ ᠥᠷᠦᠪᠴᠢ ᠰᠠᠢᠬᠠᠨ ᠰᠡᠳᠬᠢᠯ ᠦ᠋ᠨ ᠡᠭᠦᠳᠡᠨ ᠡᠴᠡ ᠬᠥᠮᠦᠨ ᠳ᠋ᠦ᠍ ᠲᠤᠰᠠᠯᠠᠬᠤ ᠬᠥᠮᠦᠨ ᠢ᠋ ᠥᠷᠦᠪᠳᠦᠵᠦ ᠬᠠᠢᠷᠠᠯᠠᠳᠠᠭ᠃ ᠴᠢᠨᠦ ᠬᠤᠪᠢ ᠪᠠᠨ ᠬᠢᠴᠢᠶᠡᠭᠰᠡᠨ ᠰᠡᠳᠬᠢᠯ ᠡᠢᠮᠦ ᠥᠷᠦᠪᠴᠢ ᠰᠠᠢᠬᠠᠨ ᠰᠡᠳᠬᠢᠯ ᠢ᠋ ᠣᠢᠯᠠᠭᠠᠬᠤ ᠦᠭᠡᠢ ᠶᠦᠮ᠃ᠴᠢᠨᠦ ᠡᠨᠡ ᠬᠣᠷᠣᠨ ᠲᠣᠭᠯᠠᠭᠠᠮ ᠢᠩᠭᠢᠭᠡᠳ ᠳᠠᠭᠤᠰᠤᠯ᠎ᠠ᠃ ᠣᠳᠣ ᠳᠠᠬᠢᠵᠤ ᠬᠡᠵᠢᠶ᠎ᠡ ᠴᠦ᠍ ᠬᠥᠮᠦᠨ ᠳ᠋ᠦ᠍ ᠬᠣᠣᠷ ᠤᠴᠠᠷᠠᠭᠤᠯᠬᠤ ᠦᠭᠡᠢ ᠶ᠋ᠢᠨ ᠲᠤᠯᠠᠳᠠ ᠴᠢᠮ᠎ᠠ ᠶ᠋ᠢ ᠶᠠᠭ ᠣᠳᠣ ᠲᠠᠮᠤ ᠤᠷᠤᠭᠤ ᠤᠨᠠᠭᠠᠭᠠᠳ ᠥᠭᠭᠦᠶ᠎ᠡ᠃
ᠦᠭᠡᠢ᠂᠂᠂᠂
ᠢᠩᠭᠢᠭᠡᠳ ᠲᠤᠩ ᠤᠳᠠᠯ ᠦᠭᠡᠢ ᠨᠠᠷᠠ ᠮᠠᠨᠳᠤᠵᠤ ᠳ᠋ᠧᠢᠯᠠᠢᠲ ᠭᠦᠩᠵᠦ ᠰᠡᠷᠭᠦᠯ᠎ᠡ ᠃
ᠭᠦᠩᠵᠦ ᠠᠮᠢᠳᠤᠷᠠᠯ ᠳ᠋ᠠᠭᠠᠨ ᠠᠩᠬ᠎ᠠ ᠤᠳᠠᠭ᠎ᠠ ᠲᠡᠭᠷᠢ ᠳ᠋ᠦ᠍ ᠮᠠᠨᠳᠤᠭᠰᠠᠨ ᠦᠵᠡᠰᠬᠦᠯᠡᠩᠲᠦ ᠨᠠᠷᠠ ᠶ᠋ᠢ ᠬᠠᠷᠠᠵᠤ ᠪᠠᠢᠯ᠎ᠠ᠃
ᠠ⁈ ᠡᠨᠡ ᠲᠡᠭᠡᠭᠡᠳ ᠨᠠᠷᠠ ᠶᠤᠮ ᠤᠤ?
ᠡᠵᠢ ᠠᠪᠤ ᠨᠢ ᠡᠰᠡᠨ ᠮᠡᠨᠳᠦ ᠢᠷᠡᠭᠰᠡᠨ ᠥᠬᠢᠨ ᠢ᠋ᠶ᠋ᠡᠨ ᠬᠠᠷᠠᠭᠠᠳ ᠪᠠᠶᠠᠷ ᠤ᠋ᠨ ᠨᠢᠯᠪᠤᠰᠤ ᠤᠨᠠᠭᠠᠵᠤ ᠥᠬᠢᠨ ᠢ᠋ᠶ᠋ᠡᠨ ᠪᠣᠯᠭᠣᠮᠵᠢᠲᠠᠢ ᠲᠡᠪᠡᠷᠢᠯ᠎ᠡ᠃
ᠥᠬᠢᠨ ᠦ᠌ ᠬᠢᠨᠢ ᠬᠠᠷᠢᠶᠠᠯ ᠢ᠋ ᠤᠰᠠᠳᠬᠠᠵᠤ ᠥᠭᠭᠦᠭᠰᠡᠨ ᠬᠠᠨ ᠬᠦᠦ ᠳ᠋ᠦ᠍᠂ ᠡᠳᠧᠪᠤᠷᠢᠳ᠋ ᠬᠠᠭᠠᠨ ᠪᠠᠶᠠᠷᠯᠠᠵᠤ ᠬᠠᠷᠢᠭᠤ ᠳ᠋ᠤ᠌ ᠨᠢ ᠬᠠᠭᠤᠴᠢᠨ ᠬᠠᠭᠠᠨᠲᠤ ᠤᠯᠤᠰ ᠢ᠋ᠶ᠋ᠠᠨ ᠪᠤᠴᠠᠭᠠᠵᠤ ᠠᠪᠬᠤ ᠳ᠋ᠤ᠌ ᠨᠢ ᠲᠤᠰᠠᠯᠠᠯ᠎ᠠ᠃ ᠤᠳᠠᠯ ᠦᠭᠡᠢ ᠬᠠᠨ ᠬᠦᠦ ᠭᠦᠩᠵᠦ ᠬᠣᠶᠠᠷ ᠪᠡᠶ᠎ᠡ ᠪᠡᠶ᠎ᠡ ᠳ᠋ᠦ᠍ ᠪᠡᠨ ᠳᠤᠷᠠᠯᠠᠵᠤ ᠬᠤᠷᠢᠮ ᠢ᠋ᠶ᠋ᠠᠨ ᠬᠢᠵᠦ ᠡᠳᠦᠷ ᠪᠦᠷᠢ ᠨᠠᠷᠠᠨ ᠤ᠋ ᠠᠯᠲᠠᠨ ᠰᠠᠴᠤᠷᠠᠭ ᠲᠤ᠌ ᠲᠠᠯᠠᠷᠬᠠᠯ ᠢ᠋ᠶ᠋ᠠᠨ ᠢᠯᠡᠷᠬᠡᠢᠯᠡᠨ ᠠᠵᠠ ᠵᠢᠷᠭᠠᠯᠲᠠᠢ ᠠᠮᠢᠳᠤᠷᠠᠭᠰᠠᠨ ᠭᠡᠳᠡᠭ᠃
ᠦᠰᠦᠭ ᠠᠮᠢᠯᠠᠭᠤᠯᠤᠭᠴᠢ᠄ ᠠᠰᠬ᠎ᠠ
ᠦᠰᠦᠭ ᠬᠠᠲᠠᠭᠴᠢ᠄ ᠬᠠᠪᠤᠷᠵᠢᠶ᠎ᠠ
ᠦᠰᠦᠭ ᠬᠢᠨᠠᠭᠴᠢ᠄ ᠢᠷᠡᠭᠡᠳᠦᠢ᠂ ᠬᠠᠲᠠᠴᠢ ᠤᠷᠠᠨ᠎ᠠ᠂ ᠭᠠᠷᠮ᠎ᠠ᠂ ᠪᠠᠶᠠᠨᠰᠡᠷᠡᠩ