ᠳᠠᠯᠠᠢ ᠲᠠᠩᠭᠢᠰ ᠤᠨ ᠢᠷᠣᠭᠠᠷ᠎ ᠲᠤ ᠶᠠᠮᠠᠷ ᠪᠠᠢᠳᠠᠭ ᠢ᠋ ᠲᠠ ᠨᠠᠷ ᠮᠡᠳᠡᠬᠦ ᠦᠦ?  Далай тангисын ёроолд ямар байдгийг та нар мэдэх үү? ᠪᠠᠢᠭᠠᠯᠢ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠳᠠᠯᠠᠢ ᠲᠠᠩᠭᠢᠰ ᠤᠨ ᠢᠷᠣᠭᠠᠷ᠎ ᠲᠤ ᠶᠠᠮᠠᠷ ᠪᠠᠢᠳᠠᠭ ᠢ᠋ ᠲᠠ ᠨᠠᠷ ᠮᠡᠳᠡᠬᠦ ᠦᠦ?  Далай тангисын ёроолд ямар байдгийг та нар мэдэх үү?

ᠳᠠᠯᠠᠢ ᠲᠠᠩᠭᠢᠰ ᠤᠨ ᠢᠷᠣᠭᠠᠷ᠎ ᠲᠤ ᠶᠠᠮᠠᠷ ᠪᠠᠢᠳᠠᠭ ᠢ᠋ ᠲᠠ ᠨᠠᠷ ᠮᠡᠳᠡᠬᠦ ᠦᠦ?  Далай тангисын ёроолд ямар байдгийг та нар мэдэх үү?

ᠠᠩᠭᠢᠯᠠᠯ:ᠪᠠᠢᠭᠠᠯᠢ
2023-07-19

462

ᠳᠠᠯᠠᠢ ᠲᠠᠩᠭᠢᠰ ᠤᠨ ᠢᠷᠣᠭᠠᠷ᠎᠎ ᠲᠤ ᠶᠠᠮᠠᠷ ᠪᠠᠢᠳᠠᠭ ᠢ᠋ ᠲᠠ ᠨᠠᠷ ᠮᠡᠳᠡᠬᠦ ᠦᠦ? 


       ᠳᠠᠯᠠᠢ ᠳᠡᠭᠡᠷ᠎ᠡ ᠬᠡᠳᠦᠢ ᠶᠡᠬᠡ ᠰᠠᠯᠬᠢᠯᠠᠵᠤ᠂ ᠰᠢᠷᠦᠭᠦᠨ ᠲᠣᠭᠰᠢᠨ ᠳᠠᠪᠠᠯᠭᠠᠨ ᠪᠣᠰᠴᠤ  ᠪᠠᠢᠭᠰᠠᠨ ᠴᠤ᠌ ᠢᠷᠣᠭᠠᠷ  ᠲᠤᠨᠢ ᠮᠥᠨ ᠨᠠᠮ ᠳᠥᠯᠭᠡᠨ ᠬᠡᠪ ᠢ᠋ᠶ᠋ᠡᠷ ᠪᠠᠢᠳᠠᠭ᠂ ᠬᠡᠳᠦᠢ ᠶᠡᠬᠡ ᠰᠠᠯᠬᠢ ᠴᠤ᠌ ᠳᠠᠯᠠᠢ ᠶ᠋ᠢᠨ ᠭᠠᠳᠠᠷᠭᠤ᠎ ᠡᠴᠡ ᠳᠣᠷᠣᠭᠰᠢ ᠬᠡᠳᠦᠨ ᠠᠷᠪᠠᠨ ᠮᠧᠲ᠋ᠷ᠎ ᠡᠴᠡ ᠭᠦᠨ ᠨᠥᠯᠥᠭᠡᠯᠡᠵᠦ ᠴᠢᠳᠠᠳᠠᠭ ᠦᠭᠡᠢ ᠶᠦ᠍ᠮ᠃ ᠨᠠᠷᠠᠨ ᠤ᠋ ᠭᠡᠷᠡᠯ ᠴᠦ᠍ ᠳᠠᠯᠠᠢ ᠳ᠋ᠤ᠌ ᠨᠡᠪᠲᠡ ᠲᠣᠰᠴᠤ  ᠳᠡᠢᠯᠳᠡᠭ ᠦᠭᠡᠢ ᠲᠤᠯᠠ ᠳᠠᠯᠠᠢ ᠶ᠋ᠢᠨ  ᠤᠰᠤ ᠭᠦᠨ ᠪᠣᠯᠬᠤ ᠲᠤᠲᠤᠮ ᠬᠠᠷᠠᠩᠭᠤᠢ ᠪᠣᠯᠵᠤ ᠂ ᠲᠠᠪᠤᠨ ᠵᠠᠭᠤᠨ ᠮᠧᠲ᠋ᠷ ᠡᠴᠡ  ᠳᠣᠷᠣᠭᠰᠢ ᠪᠣᠯ ᠫᠠᠳ ᠬᠠᠷᠠᠩᠭᠤᠢ ᠪᠣᠯᠳᠠᠭ᠃ ᠡᠨᠡ ᠬᠦ᠌ ᠬᠠᠷᠠᠩᠭᠤᠢ ᠳᠠᠯᠠᠢ ᠲᠠᠩᠭᠢᠰ ᠤ᠋ᠨ ᠭᠦᠨ ᠳ᠋ᠦ᠍ ᠠᠨᠢᠪᠠᠯᠵᠠᠨ ᠭᠢᠯᠠᠯᠵᠠᠬᠤ ᠣᠳᠣᠨ ᠮᠡᠴᠢᠳ ᠰᠢᠭ ᠮᠠᠰᠢ ᠣᠯᠠᠨ ᠵᠢᠵᠢᠭ ᠭᠡᠷᠡᠯ ᠵᠣᠷᠴᠢᠯᠳᠤᠨ ᠬᠠᠷᠠᠭᠳᠠᠳᠠᠭ᠃ ᠲᠡᠷᠡ ᠪᠣᠯ ᠪᠡᠶ᠎ᠡ ᠳ᠋ᠡᠭᠡᠨ ᠭᠡᠷᠡᠯᠲᠦ ᠡᠷᠬᠡᠲᠡᠨ ᠪᠦᠬᠦᠢ ᠳᠠᠯᠠᠢ ᠶ᠋ᠢᠨ ᠢᠷᠣᠭᠠᠷ ᠤ᠋ᠨ ᠵᠢᠭᠠᠰᠤ ᠱᠤᠩᠪᠠᠵᠤ ᠶᠠᠪᠤᠭ᠎ᠠ ᠠᠵᠢ᠃ 
       ᠡᠢᠮᠦ ᠭᠦᠨ ᠳᠠᠯᠠᠢ ᠶ᠋ᠢᠨ ᠢᠷᠣᠭᠠᠷ ᠲᠤ᠌ ᠶᠠᠮᠠᠷ ᠴᠤ᠌ ᠴᠢᠮᠡᠭᠡ ᠠᠨᠢᠷ ᠪᠠᠢᠬᠤ ᠦᠭᠡᠢ ᠦᠦ? ᠭᠡᠪᠡᠯ ᠲᠡᠢᠮᠦ ᠪᠢᠰᠢ᠂ ᠳᠠᠯᠠᠢ ᠶ᠋ᠢᠨ ᠢᠷᠣᠭᠠᠷ ᠤ᠋ᠨ ᠠᠮᠢᠲᠠᠳ ᠦᠷᠭᠦᠯᠵᠢ ᠰᠢᠪᠡᠨᠡᠯᠳᠦᠨ ᠬᠡᠯᠡᠯᠴᠡᠵᠦ ᠪᠠᠢᠳᠠᠭ ᠶᠤᠮ᠃ᠬᠡᠷᠪᠡ ᠤᠰᠤᠨ ᠳᠣᠲᠣᠷ᠎ᠠ ᠲᠤᠰᠬᠠᠢ ᠴᠢᠩᠨᠠᠭᠤᠷ ᠢ᠋ᠶ᠋ᠠᠷ ᠴᠢᠩᠨᠠᠪᠠᠯ ᠵᠦᠢᠯ ᠵᠦᠢᠯ ᠦ᠋ᠨ ᠳᠠᠭᠤ ᠰᠣᠨᠣᠰᠳᠠᠨ᠎ᠠ᠄ ᠵᠠᠷᠢᠮ ᠨᠢ ᠦᠩᠭᠢᠨᠡᠨ ᠱᠦᠩᠭᠢᠨᠡᠬᠦ ᠵᠥᠭᠡᠢ ᠶ᠋ᠢᠨ ᠳᠠᠭᠤᠨ ᠴᠤ᠌ ᠭᠡᠮᠡᠷ᠂ ᠵᠠᠷᠢᠮ ᠨᠢ ᠵᠢᠷᠵᠢᠭᠢᠨᠡᠨ ᠱᠤᠯᠤᠭᠠᠨᠠᠬᠤ ᠳᠡᠭᠳᠡᠭᠡᠬᠡᠢ ᠶ᠋ᠢᠨ ᠳᠠᠭᠤ ᠴᠤ᠌ ᠭᠡᠮᠡᠷ᠂ ᠵᠠᠷᠢᠮ ᠨᠢ ᠭᠥᠯᠥᠭᠡ ᠨᠣᠬᠠᠢ ᠬᠤᠴᠠᠵᠤ ᠪᠠᠢᠭ᠎ᠠ ᠴᠤ᠌ ᠶᠤᠮ ᠰᠢᠭ᠋᠂ ᠵᠠᠷᠢᠮ ᠨᠢ ᠬᠠᠮᠠᠷ ᠲᠡᠳᠡᠨ ᠬᠤᠷᠬᠢᠷᠠᠵᠤ ᠪᠠᠢᠭ᠎ᠠ ᠴᠤ᠌ ᠮᠡᠲᠦ᠃ ᠳᠠᠯᠠᠢ ᠶ᠋ᠢᠨ ᠢᠷᠣᠭᠠᠷ ᠤ᠋ᠨ ᠠᠮᠢᠲᠠᠳ ᠥᠭᠶᠥᠭᠡ ᠢᠳᠡᠰᠢ ᠢᠳᠡᠬᠦ ᠳ᠋ᠡᠭᠡᠨ ᠨᠢᠭᠡ ᠵᠦᠢᠯ ᠦ᠋ᠨ ᠳᠠᠭᠤᠨ ᠭᠠᠷᠭᠠᠵᠤ᠂ ᠶᠠᠪᠤᠵᠤ ᠰᠠᠭᠤᠬᠤ ᠳ᠋ᠠᠭᠠᠨ ᠣᠨᠳᠣᠣ ᠵᠦᠢᠯ ᠦ᠋ᠨ ᠳᠠᠭᠤᠨ ᠭᠠᠷᠭᠠᠨ᠂ ᠠᠶᠤᠯ ᠲᠦᠭᠰᠢᠭᠦᠷᠢ ᠲᠤᠯᠭᠠᠷᠠᠪᠠᠯ ᠪᠠᠰᠠ ᠨᠢᠭᠡ ᠵᠦᠢᠯ ᠦ᠋ᠨ ᠳᠠᠭᠤᠨ ᠢ᠋ᠶ᠋ᠠᠷ ᠬᠠᠷᠢᠯᠴᠠᠨ ᠰᠡᠷᠡᠮᠵᠢ ᠶ᠋ᠢᠨ ᠳᠣᠬᠢᠶ᠎ᠠ ᠥᠭᠴᠦ ᠴᠢᠳᠠᠳᠠᠭ ᠪᠠᠢᠨ᠎ᠠ᠃ 
       ᠣᠳᠣ ᠨᠢᠭᠡᠨᠲᠡ ᠮᠡᠳᠡᠵᠦ ᠪᠠᠢᠭ᠎ᠠ ᠳᠠᠯᠠᠢ ᠶ᠋ᠢᠨ ᠢᠷᠣᠭᠠᠷ ᠤ᠋ᠨ ᠠᠮᠢᠲᠠᠳ ᠪᠠᠷᠤᠭ ᠭᠤᠷᠪᠠᠨ ᠲᠦᠮᠡᠨ ᠵᠦᠢᠯ ᠪᠣᠢ᠃ ᠲᠡᠳᠡᠭᠡᠷ ᠨᠢ ᠲᠤᠰ ᠲᠤᠰ ᠲᠠᠭᠠᠨ ᠠᠳᠠᠯᠢ ᠪᠤᠰᠤ ᠶ᠋ᠢᠨ ᠬᠥᠳᠡᠯᠭᠡᠭᠡᠨ ᠦ᠌ ᠠᠷᠭ᠎ᠠ ᠮᠠᠶᠢᠭ ᠲᠠᠢ ᠶᠤᠮ᠃ ᠬᠢᠵᠢᠮᠢ ᠪᠣᠯ ᠪᠤᠯᠴᠢᠩ ᠤ᠋ᠨ ᠢ᠋ᠶ᠋ᠠᠨ ᠠᠭᠰᠢᠵᠤ ᠰᠣᠩᠬᠤ ᠪᠠᠷ ᠴᠠᠭ ᠪᠦᠷᠢ ᠳᠦᠷᠪᠡᠭᠡᠨ ᠮᠧᠲ᠋ᠷ ᠶᠠᠪᠤᠳᠠᠭ᠃ ᠭᠡᠲᠡᠯ᠎ᠡ ᠵᠢᠷᠭ᠎ᠠ ᠵᠢᠭᠠᠰᠤ ᠴᠠᠭ ᠲᠤ᠌ ᠬᠡᠳᠦᠨ ᠠᠷᠪᠠᠨ ᠺᠢᠯᠣᠮᠧᠲ᠋ᠷ ᠶᠠᠪᠤᠳᠠᠭ ᠪᠥᠭᠡᠳ ᠪᠤᠰᠤᠳ ᠠᠮᠢᠲᠠᠨ ᠤᠷᠤᠭᠤ ᠳᠠᠭᠠᠷᠢᠬᠤ  ᠬᠤᠷᠳᠤ ᠨᠢ ᠡᠩ ᠦ᠋ᠨ ᠭᠠᠯᠲᠤ  ᠲᠡᠷᠭᠡᠨ ᠡᠴᠡ  ᠴᠦ᠍ ᠲᠦᠷᠭᠡᠨ ᠪᠠᠢᠳᠠᠭ᠃ ᠪᠡᠬᠡ ᠵᠢᠭᠠᠰᠤ ᠬᠢᠭᠡᠳ ᠲᠡᠪᠡᠭ  ᠬᠢᠰᠤᠭ᠎ᠠ ᠪᠣᠯ ᠭᠡᠨᠡᠳᠲᠡ ᠡᠮᠦᠨᠡᠰᠢ ᠤᠰᠤ ᠰᠦᠷᠴᠢᠭᠡᠳ᠂ ᠰᠦᠷᠴᠢᠭᠰᠡᠨ ᠤᠰᠤᠨ ᠤ᠋ ᠭᠡᠳᠡᠷᠭᠦ ᠲᠦᠯᠬᠢᠭᠰᠡᠨ ᠬᠦᠴᠦᠨ ᠳ᠋ᠦ᠍ ᠱᠠᠯᠠᠪᠬᠠᠨ ᠬᠣᠢᠰᠢ ᠤᠬᠤᠷᠢᠳᠠᠭ᠃  ᠡᠭᠦᠨ ᠡᠴᠡ ᠭᠠᠳᠠᠨ᠎ᠠ ᠨᠢᠭᠡ ᠪᠦᠯᠦᠭ ᠬᠢᠰᠤᠭ᠎ᠠ ᠶ᠋ᠢᠨ ᠲᠥᠷᠥᠯ ᠦ᠋ᠨ ᠠᠮᠢᠲᠠᠳ ᠥᠪᠡᠷᠰᠡᠳ ᠢ᠋ᠶ᠋ᠡᠨ ᠬᠥᠳᠡᠯᠬᠦ ᠦᠭᠡᠢ᠃  ᠬᠠᠷᠢᠨ ᠬᠥᠯᠭᠡ ᠣᠩᠭᠣᠴᠠᠨ ᠤ᠋ ᠢᠷᠣᠭᠠᠷ ᠲᠤ᠌ ᠨᠠᠭᠠᠯᠳᠤᠵᠤ᠂ ᠵᠠᠮ ᠤ᠋ᠨ ᠰᠦᠢᠳᠬᠡᠯ ᠲᠤᠰᠢᠶᠠᠬᠤ ᠦᠭᠡᠢ ᠪᠡᠷ ᠬᠣᠯᠠ ᠠᠶᠠᠯᠠᠳᠠᠭ ᠶᠤᠮ᠃ 
       ᠳᠠᠯᠠᠢ ᠶ᠋ᠢᠨ ᠢᠷᠣᠭᠠᠷ ᠲᠤ᠌ ᠠᠭᠤᠯᠠ ᠬᠠᠳᠠ᠂ ᠭᠣᠣ ᠵᠢᠯᠠᠭ᠎ᠠ ᠪᠠᠢᠬᠤ ᠪᠠᠷ ᠪᠠᠷᠠᠬᠤ ᠦᠭᠡᠢ᠂ ᠪᠠᠰᠠ ᠣᠢ ᠰᠢᠭᠤᠢ᠂ ᠡᠪᠡᠰᠦ  ᠪᠡᠯᠴᠢᠭᠡᠷ ᠪᠠᠢᠳᠠᠭ᠃ ᠤᠷᠭᠤᠮᠠᠯ ᠤ᠋ᠨ ᠬᠢᠨᠢ ᠥᠩᠭᠡ ᠴᠦ᠍ ᠣᠯᠠᠨ ᠵᠦᠢᠯ ᠪᠠᠢᠳᠠᠭ᠂ ᠵᠠᠷᠢᠮ ᠨᠢ ᠬᠠᠷᠠᠪᠲᠤᠷ᠂ ᠵᠠᠷᠢᠮ ᠨᠢ ᠬᠦᠷᠡᠩ ᠪᠣᠷᠣ᠂ ᠪᠠᠰᠠ ᠵᠠᠷᠢᠮ ᠨᠢ ᠤᠯᠠᠭᠠᠨ ᠥᠩᠭᠡ ᠲᠡᠢ ᠴᠦ᠍ ᠪᠣᠢ᠃ ᠬᠠᠮᠤᠭ ᠤ᠋ᠨ ᠵᠢᠵᠢᠭ ᠳ᠋ᠠᠩ ᠡᠰ ᠲᠡᠢ ᠳᠠᠯᠠᠢ ᠶ᠋ᠢᠨ ᠵᠠᠮᠠᠭ ᠢ᠋ ᠲᠣᠮᠣᠷᠠᠭᠤᠯᠤᠭᠴᠢ ᠰᠢᠯ ᠦᠭᠡᠢ ᠪᠡᠷ  ᠲᠣᠳᠣ ᠦᠵᠡᠵᠦ ᠴᠢᠳᠠᠳᠠᠭ ᠦᠭᠡᠢ᠃ ᠭᠡᠲᠡᠯ᠎ᠡ ᠬᠠᠮᠤᠭ ᠤ᠋ᠨ ᠶᠡᠬᠡ ᠵᠠᠮᠠᠭ ᠨᠢ ᠬᠣᠶᠠᠷ ᠭᠤᠷᠪᠠᠨ ᠵᠠᠭᠤᠨ ᠮᠧᠲ᠋ᠷ ᠤᠷᠲᠤ ᠪᠠᠢᠳᠠᠭ  ᠪᠥᠭᠡᠳ ᠳᠡᠯᠡᠬᠡᠢ ᠶ᠋ᠢᠨ ᠪᠥᠮᠪᠥᠷᠴᠡᠭ ᠳᠡᠭᠡᠷᠡᠬᠢ ᠬᠠᠮᠤᠭ ᠤᠷᠲᠤ ᠠᠮᠢᠳᠤ ᠪᠣᠳᠠᠰ ᠪᠣᠯᠤᠨ᠎ᠠ᠃ 
       ᠳᠠᠯᠠᠢ ᠶ᠋ᠢᠨ ᠢᠷᠣᠭᠠᠷ ᠲᠤ᠌ ᠨᠡᠭᠦᠷᠡᠰᠦ᠂ ᠲᠡᠮᠦᠷ᠂ ᠴᠢᠯᠠᠭᠤᠨ ᠲᠣᠰᠣ ᠬᠢᠭᠡᠳ ᠪᠠᠢᠭᠠᠯᠢ ᠶ᠋ᠢᠨ ᠰᠢᠲᠠᠭᠴᠢ ᠬᠡᠢ ᠵᠡᠷᠭᠡ ᠡᠷᠦᠳᠡᠰᠦ ᠮᠠᠰᠢ ᠡᠯᠪᠡᠭ ᠪᠠᠢᠳᠠᠭ ᠪᠥᠭᠡᠳ ᠡᠬᠡ ᠬᠠᠭᠤᠷᠠᠢ ᠳ᠋ᠤ᠌ ᠬᠣᠪᠣᠷ ᠣᠯᠳᠠᠳᠠᠭ ᠴᠤᠬᠠᠭ ᠲᠡᠮᠦᠷᠯᠢᠭ ᠦ᠋ᠨ ᠬᠦᠳᠡᠷ ᠴᠦ᠍ ᠪᠠᠢᠳᠠᠭ ᠶᠤᠮ᠃ 
       ᠳᠠᠯᠠᠢ ᠲᠠᠩᠭᠢᠰ ᠤ᠋ᠨ ᠢᠷᠣᠭᠠᠷ ᠪᠣᠯ ᠦᠨᠡᠬᠡᠷ ᠡᠲᠡᠭᠡᠳ ᠬᠠᠴᠢᠨ ᠦᠵᠡᠮᠵᠢ ᠲᠡᠢ᠂ ᠡᠳ᠋ ᠠᠭᠤᠷᠠᠰᠤ ᠡᠯᠪᠡᠭ ᠪᠠᠶᠠᠯᠢᠭ ᠣᠷᠣᠨ ᠪᠣᠯᠬᠤ ᠶᠤᠮ᠃ 


 ※  ᠢᠷᠡᠯᠲᠡ ᠄   
      ᠠᠯᠪᠠᠨ ᠵᠢᠷᠤᠮ ᠤ᠋ᠨ ᠲᠠᠪᠤᠨ ᠵᠢᠯ ᠦ᠋ᠨ ᠳᠦᠷᠢᠮᠲᠦ ᠪᠠᠭ᠎ᠠ ᠰᠤᠷᠭᠠᠭᠤᠯᠢ ᠳ᠋ᠤ᠌ ᠦᠵᠡᠬᠦ 
                ᠬᠡᠯᠡ ᠪᠢᠴᠢᠭ       ᠳᠣᠯᠣᠳᠤᠭᠠᠷ ᠳᠡᠪᠲᠡᠷ   ※  
          ᠥᠪᠥᠷ ᠮᠣᠩᠭᠣᠯ ᠤ᠋ᠨ ᠰᠤᠷᠭᠠᠨ ᠬᠥᠮᠦᠵᠢᠯ ᠦ᠋ᠨ ᠬᠡᠪᠯᠡᠯ ᠦ᠋ᠨ ᠬᠣᠷᠢᠶ᠎ᠠ ᠨᠠᠢᠷᠠᠭᠤᠯᠤᠨ ᠬᠡᠪᠯᠡᠭᠦᠯᠪᠡ
          ᠥᠪᠥᠷ ᠮᠣᠩᠭᠣᠯ ᠤ᠋ᠨ ᠰᠢᠨᠬᠤᠸᠠ ᠨᠣᠮ ᠤ᠋ᠨ ᠳᠡᠯᠭᠡᠭᠦᠷ ᠲᠠᠷᠬᠠᠭᠠᠪᠠ 
          ᠥᠪᠥᠷ ᠮᠣᠩᠭᠣᠯ ᠤ᠋ᠨ ᠰᠤᠷᠭᠠᠨ ᠬᠥᠮᠦᠵᠢᠯ ᠦ᠋ᠨ ᠬᠡᠪᠯᠡᠬᠦ ᠦᠢᠯᠡᠳᠪᠦᠷᠢ ᠬᠡᠪᠯᠡᠪᠡ  
           1991 ᠣᠨ ᠤ᠋ 3 ᠰᠠᠷ᠎ᠠ ᠳ᠋ᠤ᠌  ᠠᠩᠬᠠᠳᠤᠭᠠᠷ ᠬᠡᠪ ᠢ᠋ ᠬᠢᠪᠡ  
           1993 ᠣᠨ ᠤ᠋ 4 ᠰᠠᠷ᠎ᠠ ᠳ᠋ᠤ᠌  ᠭᠤᠷᠪᠠᠳᠤᠭᠠᠷ ᠤᠳᠠᠭ᠎ᠠ ᠬᠡᠪᠯᠡᠪᠡ  
                      ᠦᠨ᠎ᠡ᠄   1.40   ᠲᠥᠭᠥᠷᠢᠭ           

          ᠦᠰᠦᠭ ᠠᠮᠢᠯᠠᠭᠤᠯᠤᠭᠴᠢ᠄ ᠪᠦᠷᠢᠨᠴᠡᠴᠡᠭ 
              ᠬᠢᠨᠠᠭᠴᠢ᠄ ᠳ ·ᠣᠶᠤᠨᠴᠡᠴᠡᠭ       
                             2023.7.16