ᠪᠣᠭᠣᠳᠠᠭ - ᠪ ᠂ ᠪᠠᠭᠠᠰᠤᠳᠤ Боодог - Б ᠂ Багасод ᠬᠣᠱᠣᠩ ᠱᠣᠭ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠪᠣᠭᠣᠳᠠᠭ - ᠪ ᠂ ᠪᠠᠭᠠᠰᠤᠳᠤ Боодог - Б ᠂ Багасод

ᠪᠣᠭᠣᠳᠠᠭ - ᠪ ᠂ ᠪᠠᠭᠠᠰᠤᠳᠤ Боодог - Б ᠂ Багасод

ᠠᠩᠭᠢᠯᠠᠯ:ᠬᠣᠱᠣᠩ ᠱᠣᠭ
2023-07-19

277

ᠪᠣᠭᠣᠳᠠᠭ


                                   ( ᠬᠣᠱᠣᠩ ᠥᠭᠦᠯᠡᠯᠭᠡ) 
       ᠤᠲᠠᠰᠤ ᠳᠤᠤᠭᠠᠷᠪᠠ᠂ ᠲᠣᠯᠣᠭᠠᠢ ᠲᠠᠲᠠᠬᠤ ᠦᠭᠡᠢ ᠠᠵᠢᠯ ᠲᠠᠢ ᠪᠠᠢᠬᠤ ᠳ᠋ᠤ᠌᠂ ᠤᠲᠠᠰᠤ ᠳᠠᠬᠢᠨ ᠳᠠᠬᠢᠨ ᠳᠤᠤᠭᠠᠷᠬᠤ ᠲᠤᠩ ᠶᠠᠷᠰᠢᠭᠲᠠᠢ᠃ ᠠᠪᠬᠤ ᠦᠭᠡᠢ ᠪᠠᠢᠶ᠎ᠠ ᠭᠡᠲᠡᠯ᠎ᠡ ᠠᠯᠪᠠ ᠠᠵᠢᠯ ᠡᠰᠡ ᠪᠣᠯᠪᠠᠴᠤ ᠠᠮᠢᠨ ᠬᠤᠪᠢ ᠶ᠋ᠢᠨ ᠴᠢᠬᠤᠯᠠ ᠵᠦᠢᠯ ᠶᠠᠷᠢᠬᠤ ᠭᠡᠵᠦ ᠠᠪᠠᠭᠠᠢ ᠬᠡᠦᠬᠡᠳ ᠨᠢ ᠴᠦ᠍ ᠶᠦᠮ ᠦᠦ  ᠠᠬ᠎ᠠ ᠳᠡᠭᠦᠦ ᠨᠠᠷ ᠨᠢ ᠤᠲᠠᠰᠤᠳᠠᠵᠤ ᠪᠠᠢᠪᠠᠯ ᠶᠠᠭᠠᠬᠢᠬᠤ ᠪᠣᠢ᠂ ᠨᠢᠭᠡ᠂ ᠬᠣᠶᠠᠷ᠂ ᠭᠤᠷᠪᠠ ᠳᠠᠬᠢᠨ ᠤᠲᠠᠰᠤᠳᠠᠬᠤ ᠳ᠋ᠤᠨᠢ ᠠᠪᠬᠤ ᠦᠭᠡᠢ ᠪᠠᠢᠵᠤ ᠳᠡᠪᠴᠢᠭᠰᠡᠨ ᠪᠣᠯᠪᠠᠴᠤ ᠳᠥᠷᠪᠡ ᠲᠠᠪᠤᠳᠠᠬᠢ ᠤᠳᠠᠭ᠎ᠠ ᠳ᠋ᠤ᠌ ᠪᠦᠷ ᠣᠢᠷ᠎ᠠ ᠣᠢᠷᠠᠬᠠᠨ ᠤᠲᠠᠰᠤᠳᠠᠬᠤ ᠳ᠋ᠤᠨᠢ ᠸᠠᠩᠲᠠᠨ ᠠᠷᠭ᠎ᠠ ᠪᠤᠶᠤ ᠤᠲᠠᠰᠤ ᠪᠠᠨ ᠠᠪᠴᠤ ᠴᠢᠩᠨᠠᠪᠠᠯ ᠲᠠᠨᠢᠯ ᠳᠠᠭᠤ᠄ 
      — ᠪᠠᠢᠨ᠎ᠠ ᠤᠤ? ᠭᠡᠵᠦ ᠶᠡᠬᠡ ᠯᠡ ᠠᠶᠠᠲᠠᠢ ᠥᠩᠭᠡᠲᠡᠢ ᠰᠣᠨᠣᠰᠳᠠᠬᠤ ᠳ᠋ᠤᠨᠢ᠄
      — ᠪᠠᠢᠨ᠎ᠠ ᠭᠡᠵᠦ ᠸᠠᠩᠲᠠᠨ ᠢ᠋ ᠬᠠᠷᠢᠭᠤ ᠳᠤᠤᠭᠠᠷᠪᠠᠯ᠂
      — ᠨᠤᠲᠤᠭ ᠤ᠋ᠨ ᠬᠠᠨᠠᠭᠠᠷ ᠠ᠋᠂ ᠶᠠᠭᠤ ᠪᠣᠳᠣᠵᠤ ᠪᠠᠢᠨ᠎ᠠ᠂ ᠥᠨᠥᠳᠥᠷ ᠲᠠᠪᠤᠳᠠᠬᠢ ᠡᠳᠦᠷ᠃
      — ᠶᠠᠭᠤ ᠪᠣᠳᠣᠬᠤ ᠪᠣᠢ᠂ ᠮᠠᠭᠤ ᠡᠪᠦᠭᠡᠨ ᠴᠢᠨᠢ ᠲᠤᠩ ᠴᠤ᠌ ᠵᠠᠪ ᠠᠯᠠᠭ᠎ᠠ ᠳᠠ᠂ ᠤᠭ ᠨᠢ ᠴᠦ᠍ ᠴᠢᠨᠦ ᠰᠠᠨᠠᠭ᠎ᠠ ᠶ᠋ᠢ ᠣᠢᠯᠠᠭᠠᠵᠤ ᠯᠠ ᠪᠠᠢᠨ᠎ᠠ᠂ ᠣᠳᠣ ᠴᠤ᠌ ᠬᠤᠯᠠᠭᠠᠷ ᠰᠢᠷ᠎ᠠ ᠮᠥᠨ ᠰᠠᠢᠬᠠᠨ ᠪᠣᠯᠤᠭᠰᠠᠨ ᠪᠠᠢᠭ᠎ᠠ ᠳᠠ᠁
      — ᠰᠠᠢᠬᠠᠨ ᠪᠣᠯᠤᠭᠰᠠᠨ ᠢ᠋ ᠨᠢ ᠮᠡᠳᠡᠭᠰᠡᠭᠡᠷ ᠪᠠᠢᠭᠠᠳ ᠴᠢᠮ᠎ᠠ ᠳ᠋ᠤ᠌ ᠠᠯᠪᠠᠨ ᠳᠤᠰᠤᠯᠭᠠᠨ ᠳ᠋ᠤ᠌ ᠪᠥᠭᠡᠬᠦ ᠵᠢᠷᠦᠬᠡ ᠮᠥᠨ ᠪᠠᠢᠬᠤ ᠶᠤᠮ ᠤᠤ?
      — ᠵᠢᠷᠦᠬᠡ ᠭᠠᠷᠭᠠᠬᠤ ᠦᠭᠡᠢ ᠭᠡᠳ ᠶᠠᠭᠠᠬᠢᠬᠤ ᠶᠤᠮ ᠪᠣᠢ᠂ ᠴᠠᠭ ᠬᠤᠭᠤᠴᠠᠭ᠎ᠠ ᠪᠣᠯᠤᠭ᠎ᠠ ᠦᠭᠡᠢ᠂ ᠬᠠᠤᠯᠢ ᠳᠦᠷᠢᠮ ᠪᠣᠯ ᠬᠠᠤᠯᠢ ᠳᠦᠷᠢᠮ ᠰᠢᠦ ᠳᠡ!
      — ᠵᠠ ᠵᠠ᠂ ᠠᠯᠤᠰᠬᠠᠨ ᠭᠠᠷᠤᠭᠠᠳ ᠲᠠᠭᠤᠴᠢᠬᠠᠬᠤ ᠳ᠋ᠤ᠌ ᠬᠡᠨ ᠮᠡᠳᠡᠳᠡᠭ ᠶᠦ᠍ᠮ ᠪᠣᠢ?
      — ᠮᠠᠷᠭᠠᠰᠢ ᠬᠠᠭᠠᠰ ᠠᠵᠢᠯ ᠲᠠᠢ ᠡᠳᠦᠷ᠂ ᠲᠡᠭᠦᠨ ᠢ᠋ ᠶᠠᠭᠠᠬᠢᠵᠤ ᠠᠷᠭᠠᠯᠠᠬᠤ ᠶᠤᠮ ᠪᠣᠢ? ᠳᠠᠷᠤᠭ᠎ᠠ ᠶ᠋ᠢᠨ ᠳᠠᠪᠠᠭ᠎ᠠ ᠶ᠋ᠢ ᠪᠢ ᠯᠡ ᠶᠠᠭᠠᠬᠢᠭᠰᠠᠨ ᠴᠤ᠌ ᠠᠷᠭᠠᠯᠠᠬᠤ ᠦᠭᠡᠢ᠂ ᠡᠯᠳᠡᠪ ᠠᠷᠭ᠎ᠠ ᠰᠠᠮᠪᠠᠭ᠎ᠠ ᠳᠤᠷᠠᠳᠤᠨ ᠴᠢᠯᠥᠭᠡ ᠠᠪᠤᠭᠰᠠᠭᠠᠷ ᠪᠠᠢᠭᠠᠳ ᠳᠠᠷᠤᠭ᠎ᠠ ᠶ᠋ᠢᠨ ᠢ᠋ᠶ᠋ᠡᠷ ᠨᠢᠭᠤᠷ ᠢ᠋ ᠪᠢ ᠪᠦᠷ ᠬᠠᠷᠠᠬᠤ ᠡᠷᠬᠡ ᠦᠭᠡᠢ ᠪᠣᠯᠤᠭᠰᠠᠨ ᠬᠥᠮᠦᠨ ᠰᠢᠦ ᠳᠡ᠁
      — ᠳᠠᠷᠤᠭ᠎ᠠ ᠠ᠋ᠴᠠ ᠴᠢᠨᠢ ᠴᠢᠯᠥᠭᠡ ᠠᠪᠬᠤ ᠶ᠋ᠢ ᠪᠢ ᠠᠷᠭᠠᠯᠠᠶ᠎ᠠ᠃ ᠨᠢᠭᠡ ᠨᠤᠲᠤᠭ ᠤᠰᠤᠨ ᠤ᠋᠂ ᠮᠥᠨ ᠴᠦ᠍ ᠨᠢᠭᠡ ᠰᠤᠷᠭᠠᠭᠤᠯᠢ ᠶ᠋ᠢᠨ᠂ ᠨᠢᠭᠡ ᠲᠣᠭᠣᠭᠠᠨ ᠤ᠋ ᠬᠣᠶᠠᠷ ᠤ᠋ᠨ ᠬᠡᠷᠡᠭ ᠶᠠᠭᠤ ᠪᠢᠯᠡ᠃ ᠲᠡᠭᠡᠭᠡᠳ ᠦᠳᠡ ᠳ᠋ᠦ᠍ ᠬᠣᠢᠰᠢ ᠭᠠᠷᠤᠭᠠᠳ ᠵᠢᠯᠢᠢᠭᠡᠳ ᠥᠭᠬᠦᠶ᠎ᠡ᠃
      — ᠴᠢᠯᠥᠭᠡ ᠭᠠᠷᠭᠠᠬᠤ᠂ ᠵᠢᠯᠢᠢᠭᠡᠳ ᠥᠭᠬᠦ ᠬᠣᠶᠠᠷ ᠴᠤ᠌ ᠶᠠᠭᠠᠬᠢᠬᠤ ᠪᠣᠢ ᠪᠣᠯᠳᠠᠭ ᠯᠠ ᠪᠠᠢᠵᠤ᠂ ᠮᠢᠨᠦ ᠮᠠᠭᠤ < 67 > ᠬᠥᠳᠡᠯᠬᠦ ᠦᠭᠡᠢ ᠪᠣᠯᠤᠭᠰᠠᠭᠠᠷ ᠤᠳᠠᠭᠰᠠᠨ ᠰᠢᠦ ᠳᠡ᠃ ᠲᠡᠭᠡᠭᠡᠬᠦ ᠪᠡᠷ ᠤᠨᠤᠭ᠎ᠠ ᠶᠠᠭᠠᠬᠢᠬᠤ ᠪᠣᠢ?
      — ᠤᠨᠤᠭ᠎ᠠ ᠤᠤ?
      — ᠲᠡᠢᠮᠦ!
      — ᠵᠠ ᠪᠠᠰᠠ ᠶᠠᠭᠠᠬᠢᠵᠤ ᠠᠷᠭᠠᠯᠠᠬᠤ ᠨᠢ ᠪᠣᠢ?
      — ᠳᠠᠷᠤᠭ᠎ᠠ ᠶ᠋ᠢᠨ  ᠴᠢᠨᠢ ᠣᠷᠣᠯᠠᠭᠴᠢ ᠶ᠋ᠢᠨ ᠬᠣᠶᠠᠷ ᠳᠤᠭᠤᠢᠲᠤ ᠶ᠋ᠢ ᠭᠣᠶᠣᠴᠢᠬᠠᠳᠠᠭ ᠪᠠᠢᠭ᠎ᠠ᠁
      — ᠲᠡᠷᠡ ᠴᠢᠨᠢ  ᠰᠠᠶᠢᠬᠠᠨ ᠠᠪᠤᠭᠰᠠᠨ ᠠ᠋᠂ ᠬᠥᠮᠦᠨ ᠳ᠋ᠦ᠍ ᠥᠭᠬᠦ ᠨᠢ ᠪᠠᠢᠲᠤᠭᠠᠢ ᠬᠡᠦᠬᠡᠨ ᠬᠡᠦᠬᠡᠳ ᠢ᠋ᠶ᠋ᠡᠷ ᠭᠠᠷ ᠬᠦᠷᠬᠦ ᠳ᠋ᠦ᠍ᠨᠢ ᠬᠥᠮᠥᠰᠬᠡ ᠵᠠᠩᠭᠢᠳᠳᠠᠭ ᠶᠤᠮ ᠪᠠᠢᠬᠤ ᠴᠢᠨᠢ ᠪᠢᠯᠡ᠃
      — ᠲᠡᠷᠡ ᠶᠠᠭᠠᠬᠢᠬᠤ ᠪᠣᠢ᠂ ᠴᠠᠭᠠᠳᠤᠬᠢ ᠴᠢᠨᠢ ᠨᠢᠭᠡ ᠳ᠋ᠦ᠍ ᠬᠤᠯᠠᠭᠠᠷ ᠰᠢᠷ᠎ᠠ ᠬᠥᠭᠡᠭᠡᠴᠡᠯᠳᠦᠬᠦ ᠳ᠋ᠡᠭᠡᠨ ᠳᠤᠷᠠᠲᠠᠢ᠃ ᠬᠣᠶᠠᠷ ᠲᠤ᠌ ᠭᠡᠪᠡᠯ ᠪᠢ ᠭᠤᠶᠤᠵᠤ ᠪᠠᠢᠭ᠎ᠠ᠂ ᠭᠤᠷᠪᠠ ᠳ᠋ᠤ᠌ ᠭᠡᠪᠡᠯ ᠴᠢᠮ᠎ᠠ ᠶ᠋ᠢ ᠪᠠᠷᠢᠬᠤ ᠶᠤᠮ ᠭᠡᠬᠦ ᠳ᠋ᠦ᠍《 ᠶᠠᠸᠠ》( ᠽᠸᠬᠤ᠋ ᠶ᠋ᠢᠨ ᠮᠠᠰᠢᠨ) ᠪᠠᠢᠲᠤᠭᠠᠢ《 ᠮᠧᠷᠰᠸᠤᠸᠸᠰ》( ᠪᠸᠨ ᡂᠢ) ᠪᠠᠢᠭᠰᠠᠨ ᠴᠤ᠌ ᠥᠭᠬᠦᠨ᠎ᠠ ᠰᠢᠦ ᠳᠡ᠃ ᠸᠠᠩᠲᠠᠨ ᠢᠨᠢᠶᠡᠮᠰᠦᠭᠯᠡᠭᠡᠳ᠄
      — ᠴᠢ ᠨᠡᠭᠡᠷᠡᠨ ᠬᠠᠴᠢᠨ ᠮᠠᠭᠤ ᠵᠠᠯᠢ ᠲᠠᠢ ᠨᠣᠪᠰᠢ ᠳᠠ ᠭᠡᠲᠡᠯ᠎ᠡ᠂
      — ᠶᠠᠭᠠᠬᠢᠵᠤ ᠪᠠᠢᠨ᠎ᠠ ᠭᠡᠵᠦ ᠴᠠᠭᠠᠳᠤ ᠶᠠᠷᠢᠭᠴᠢ ᠨᠢ ᠬᠠᠷᠢᠭᠤ ᠠᠰᠠᠭᠤᠬᠤ ᠳ᠋ᠤ᠌᠃
      — ᠶᠠᠭᠠᠬᠢᠬᠤ ᠪᠣᠢ ᠳᠠ᠂ ᠴᠢ ᠶᠡᠷᠦ ᠨᠢ ᠠᠶᠠᠭᠦᠢ ᠪᠣᠯ ᠦᠬᠦᠯ ᠢ᠋ ᠴᠦ᠍ ᠠᠷᠭᠠᠯᠠᠬᠤ ᠳ᠋ᠠᠭ ᠰᠢᠦ᠂
      — ᠬᠡᠷᠡᠭᠲᠡᠢ ᠪᠣᠯ ᠦᠬᠦᠯ ᠢ᠋ ᠡᠰᠡ ᠪᠣᠯᠪᠠᠴᠤ ᠬᠡᠦᠬᠡᠨ ᠦ᠌ ᠵᠢᠷᠦᠬᠡ ᠶ᠋ᠢ ᠨᠢᠭᠡ ᠤᠳᠠᠭ᠎ᠠ ᠬᠤᠯᠠᠭᠠᠢᠯᠠᠵᠤ ᠳᠥᠩᠭᠡᠨ᠎ᠡ᠃
      — ᠮᠠᠭᠠᠳ ᠦᠭᠡᠢ᠁
      — ᠨᠡᠭᠡᠷᠡᠨ ᠰᠢᠦ᠂ ᠵᠠ ᠢᠩᠭᠢᠭᠡᠳ ᠪᠢ ᠳᠠᠷᠤᠭ᠎ᠠ ᠨᠠᠷ ᠲᠠᠢ ᠴᠢᠨᠢ ᠶᠠᠷᠢᠬᠤ ᠤᠤ?
      — ᠵᠠ ᠪᠠᠢᠵᠠ᠂ ᠠ ᠲᠡᠢᠮᠦ᠂ ᠫᠤᠤ ᠪᠠᠢᠬᠤ ᠦᠭᠡᠢ ᠶᠠᠭᠠᠬᠢᠬᠤ ᠪᠢᠯᠡ?
      — ᠲᠡᠷᠡ ᠠᠮᠠᠷᠬᠠᠨ᠂ ᠲᠠᠨ ᠤ᠋ ᠨᠥᠭᠥᠭᠡᠳᠡᠬᠢ ᠬᠡᠯᠲᠡᠰ ᠦ᠋ᠨ ᠳᠠᠷᠤᠭ᠎ᠠ ᠬᠡᠨ ᠪᠢᠯᠡ?
      — ᠳᠣᠩᠷᠣᠪ ᠤᠤ?
      — ᠪᠢᠰᠢ ᠠ᠋! 
       ᠨᠠᠸᠠᠩ ᠤᠤ? 
       ᠠ ᠲᠡᠢᠮᠦ᠂ ᠰᠢᠷ᠎ᠠ ᠨᠠᠸᠠᠩ ᠤ᠋ᠨ ᠫᠤᠤ ᠶ᠋ᠢ ᠠᠪᠤᠨ᠎ᠠ᠃
      — ᠲᠡᠷᠡ ᠴᠦ᠍ ᠶᠡᠬᠡ ᠬᠠᠷᠠᠮᠴᠢ  ᠰᠢᠦ ᠳᠡ᠂ ᠦᠭᠡᠢ ᠬᠠᠷᠠᠮᠴᠢ ᠭᠡᠵᠦ ᠮᠡᠳᠡᠭᠡᠵᠢ ᠶ᠋ᠢᠨ ᠬᠡᠷᠡᠭ᠃ ᠫᠤᠤ ᠮᠡᠲᠦ  ᠣᠰᠣᠯ ᠲᠠᠢ ᠵᠡᠪᠰᠡᠭ ᠢ᠋ ᠬᠡᠨ ᠮᠠᠨᠢ ᠶᠠᠭᠤ ᠭᠡᠵᠦ ᠪᠣᠳᠣᠵᠤ ᠬᠥᠮᠦᠨ ᠳ᠋ᠦ᠍ ᠥᠭᠬᠦ ᠶᠦᠮ ᠪᠣᠢ? ᠭᠠᠢ ᠭᠡᠳᠡᠭ ᠭᠠᠢ ᠰᠢᠦ ᠳᠡ᠃
      — ᠨᠠᠸᠠᠩ ᠢ᠋ ᠪᠢ ᠠᠷᠭᠠᠯᠠᠨ᠎ᠠ ᠴᠢ ᠪᠢᠲᠡᠭᠡᠢ ᠵᠣᠪᠠ!
      — ᠨᠠᠸᠠᠩ ᠥᠴᠥᠭᠡᠳᠦᠷᠬᠡᠨ ᠪᠠᠢᠬ᠎ᠠ ᠂ ᠰᠤᠮᠤ ᠦᠭᠡᠢ ᠭᠡᠳ ᠶᠠᠪᠤᠭᠰᠠᠨ ᠰᠢᠦ ᠳᠡ᠃
      — ᠰᠤᠮᠤ ᠶᠠᠭᠠᠬᠢᠬᠤ ᠪᠣᠢ᠂ ᠲᠠᠨ ᠤ᠋ ᠳᠠᠷᠤᠭ᠎ᠠ ᠶ᠋ᠢᠨ ᠨᠠᠷᠢᠨ ᠪᠢᠴᠢᠭ ᠦ᠋ᠨ ᠳᠠᠷᠤᠭ᠎ᠠ ᠭᠡᠵᠦ ᠬᠤᠯᠠᠭᠠᠷ ᠰᠢᠷ᠎ᠠ ᠭᠡᠬᠦ ᠪᠡᠷ ᠯᠠ ᠠᠷᠠᠭᠠᠨ ᠤ᠋ ᠰᠢᠭᠦᠰᠦ  ᠠᠷᠠᠭᠠᠨ ᠳ᠋ᠠᠭᠠᠨ ᠠᠰᠬᠠᠷᠠᠵᠤ ᠪᠠᠢᠳᠠᠭ ᠨᠢᠭᠡ ᠬᠦᠮᠦᠨ ᠪᠤᠢ ᠰᠢᠦ ᠳᠠ᠃ ᠲᠡᠷᠡ ᠴᠢᠨᠢ ᠫᠣᠣᠳᠠᠵᠤ ᠴᠢᠳᠠᠳᠠᠭ ᠦᠭᠡᠢ ᠪᠣᠯᠪᠠᠴᠤ ᠰᠤᠮᠤ  ᠬᠥᠮᠦᠨ ᠳ᠋ᠦ᠍ ᠦᠭᠭᠦᠭᠡᠳ  ᠵᠢᠯ ᠳ᠋ᠦ᠍ ᠬᠤᠯᠠᠭᠠᠷ ᠰᠢᠷ᠎ᠠ ᠶ᠋ᠢᠨ ᠬᠡᠰᠢᠭ ᠲᠠᠰᠤᠷᠠᠳᠠᠭ ᠦᠭᠡᠢ ᠬᠥᠮᠦᠨ ᠰᠢᠦ ᠳᠡ ᠃
       — ᠦᠭᠡᠢ ᠴᠢ ᠮᠠᠨ ᠤ᠋ ᠬᠢᠨ ᠦ᠌ ᠬᠡᠨ ᠳ᠋ᠦ᠍ ᠶᠠᠭᠤ ᠪᠠᠢᠳᠠᠭ ᠢ᠋ ᠮᠥᠨ ᠰᠠᠢᠨ ᠮᠡᠳᠡᠵᠦ ᠪᠠᠢᠨ᠎ᠠ ᠃ ᠠᠶᠠᠭᠦᠢ ᠪᠣᠯ ᠬᠡᠨ ᠦ᠌ ᠬᠡᠲᠡᠪᠴᠢᠨ ᠳ᠋ᠦ᠍ ᠬᠡᠳᠦᠨ ᠶᠠᠭᠤᠮ᠎ᠠ ᠪᠠᠢᠭ᠎ᠠ ᠶ᠋ᠢ ᠴᠦ᠍ ᠮᠡᠳᠡᠬᠦ ᠨᠢ ᠪᠠᠢᠨ᠎ᠠ ᠰᠢᠦ ᠃
       — ᠪᠠᠷᠳᠠᠮᠨᠠᠬᠤ ᠨᠢ ᠴᠦ᠍ ᠪᠢᠰᠢ ᠂ ᠮᠡᠳᠡᠨ᠎ᠡ ᠳᠠ ᠮᠡᠳᠡᠨ᠎ᠡ ᠃ ᠴᠢ ᠨᠠᠮ᠎ᠠ ᠶ᠋ᠢ ᠪᠧᠨ᠋ᠽᠢᠨ ( ᠴᠢᠶᠣᠤ ) ᠶᠠᠭᠠᠬᠢᠵᠤ ᠠᠷᠭᠠᠯᠠᠨ᠎ᠠ ᠭᠡᠵᠦ ᠪᠣᠳᠣᠵᠤ ᠪᠠᠢᠨ᠎ᠠ ᠂ ᠲᠠᠨ ᠤ᠋ ᠠᠵᠤ ᠠᠬᠤᠢ ᠶ᠋ᠢᠨ ᠬᠥᠮᠦᠨ ᠡᠴᠡ ᠠᠷᠭᠠᠯᠠᠨ᠎ᠠ ᠰᠢᠦ ᠳᠡ ᠃
       — ᠦᠭᠡᠢ ᠡᠨᠡ ᠴᠢᠨᠢ ᠶᠠᠭᠤ ᠪᠣᠯᠵᠤ ᠪᠠᠢᠨ᠎ᠠ ᠂ ᠨᠢᠭᠡ ᠮᠡᠳᠡᠬᠦᠶ᠎ᠡ ᠮᠠᠨ ᠤ᠋ ᠬᠢᠨ ᠴᠢᠨᠢ ᠤᠯᠤᠰ ᠤ᠋ᠨ ᠠᠯᠪᠠᠨ ᠪᠠᠢᠭᠤᠯᠭ᠎ᠠ ᠪᠠᠰᠢ ᠴᠢᠨᠦ ᠬᠦᠰᠡᠭᠰᠡᠨ ᠪᠦᠬᠦᠨ ᠢ᠋ ᠨᠡᠢᠯᠡᠭᠦᠯᠳᠡᠭ ᠭᠠᠵᠠᠷ ᠪᠣᠯᠴᠢᠬᠠᠵᠤ ᠪᠠᠢᠨ᠎ᠠ ᠤᠤ ?
        ᠠᠷᠭ᠎ᠠ ᠶ᠋ᠢ ᠨᠢ ᠣᠯᠪᠠᠯ ᠡᠨᠡ ᠪᠠᠢᠲᠤᠭᠠᠢ ᠶᠠᠭᠤᠮ᠎ᠠ ᠶ᠋ᠢ ᠠᠷᠭᠠᠯᠠᠵᠤ ᠪᠣᠯᠳᠠᠭ ᠶᠤᠮ ᠂ ᠬᠠᠮᠫᠠᠨ ① ᠴᠢᠨᠢ ᠬᠡᠷᠡᠭᠲᠡᠢ ᠴᠠᠭ ᠲᠤ᠌ ᠡᠭᠦᠨ ᠡᠴᠡ ᠴᠠᠭᠠᠳᠤᠬᠢ ᠶ᠋ᠢ ᠠᠷᠭᠠᠯᠠᠨ᠎ᠠ ᠃ ᠴᠢ ᠡᠭᠦᠨ ᠳ᠋ᠦ᠍ ᠭᠠᠢᠬᠠᠬᠤ ᠨᠢ ᠶᠠᠭᠤ ᠪᠣᠢ ᠃ ᠵᠦᠭᠡᠷ ᠯᠡ ᠶᠠᠪᠤᠬᠤ ᠳ᠋ᠤ᠌ ᠪᠡᠯᠡᠳᠬᠡᠵᠦ ᠪᠠᠢ ᠃ ᠪᠦᠬᠦ ᠶᠠᠭᠤᠮ᠎ᠠ ᠪᠡᠯᠡᠨ ᠪᠣᠯᠬᠤ ᠪᠠᠷ ᠬᠣᠶᠠᠷ ᠴᠠᠭ ᠲᠤ᠌ ᠪᠢ ᠴᠢᠮ᠎ᠠ ᠤᠷᠤᠭᠤ ᠤᠲᠠᠰᠤᠳᠠᠨ᠎ᠠ ᠂ ᠭᠤᠷᠪᠠᠨ ᠴᠠᠭ ᠲᠤ᠌ ᠭᠠᠷᠤᠨ᠎ᠠ ᠂ ᠵᠠ ᠢᠩᠭᠢᠵᠦ ᠲᠣᠬᠢᠷᠠᠬᠤ ᠤᠤ ?
        ᠵᠠ ᠪᠠᠢᠵᠠ ᠪᠠᠢᠵᠠ ᠂ ᠪᠦᠬᠦ ᠶᠠᠭᠤᠮ᠎ᠠ ᠪᠦᠷᠢᠳᠦᠭᠡᠳ ᠶᠠᠪᠤᠯ᠎ᠠ ᠭᠡᠵᠦ ᠪᠣᠳᠣᠶ᠎ᠠ ᠂ ᠢᠩᠭᠢᠭᠡᠳ ᠶᠠᠪᠤᠬᠤ ᠳ᠋ᠤ᠌ ᠴᠢᠨᠦ ᠣᠷᠣᠭᠤᠯᠬᠤ ᠬᠤᠪᠢ ᠶᠠᠭᠤ ᠪᠠᠢᠨ᠎ᠠ ᠃ ᠴᠢ ᠶᠠᠭᠠᠬᠢᠬᠤ ᠳ᠋ᠠᠭᠠᠨ  ᠶᠠᠸᠠ 》 ᠪᠠᠷᠢᠬᠤ ᠦᠭᠡᠢ ᠂ ᠫᠤᠤ ᠫᠤᠤᠳᠠᠵᠤ ᠴᠢᠳᠠᠬᠤ ᠦᠭᠡᠢ ᠂ ᠬᠤᠯᠠᠭᠠᠢ ᠰᠢᠷ᠎ᠠ ᠶ᠋ᠢ ᠪᠣᠭᠣᠵᠤ ᠴᠢᠳᠠᠬᠤ ᠦᠭᠡᠢ ᠂ ᠨᠠᠢᠵᠠ  ᠨᠢ  ᠬᠠᠮᠤᠭ ᠠᠵᠢᠯ᠎᠎ ᠢᠶᠠᠨ ᠠᠯᠳᠠᠭᠠᠳ ᠭᠠᠭᠴᠠ ᠡᠳᠦᠷ  ᠭᠡᠷ ᠣᠷᠣᠨ ᠤ ᠬᠢᠨ ᠲᠠᠢ ᠎ᠪᠠᠨ ᠠᠶᠠᠲᠠᠢ ᠠᠮᠠᠷᠠᠭᠰᠠᠨ  ᠴᠤ᠌ ᠶᠠᠭᠤᠮ᠎ᠠ ᠪᠠᠢᠬᠤ ᠦᠭᠡᠢ᠂ ᠭᠡᠴᠡᠭᠦᠳᠡᠬᠦ ᠶᠤᠮ ᠪᠢᠰᠢ ᠤᠤ?  
        ᠪᠢ ᠴᠢᠮ᠎ᠠ ᠶ᠋ᠢ ᠭᠣᠮᠣᠳᠠᠭᠠᠬᠤ ᠦᠭᠡᠢ ᠂ ᠨᠠᠢᠵᠠ ᠨᠢ ᠢᠩᠭᠢᠭᠡᠳ ᠶᠠᠪᠤᠬᠤ ᠳ᠋ᠤ᠌ ᠢᠳᠡᠬᠦ ᠡᠴᠡ ᠥᠭᠡᠷ᠎ᠡ ᠡᠭᠦᠷᠭᠡ ᠦᠭᠡᠢ ᠶᠠᠭᠤᠮ᠎ᠠ ᠪᠢᠰᠢ ᠪᠠᠢᠭ᠎ᠠ ᠪᠣᠯᠪᠠᠴᠤ ᠡᠨᠡ ᠪᠦᠬᠦ ᠠᠵᠢᠯ ᠢ᠋ ᠠᠮᠵᠢᠭᠠᠵᠤ ᠶᠠᠪᠤᠬᠤ ᠪᠣᠯᠤᠯᠴᠠᠭ᠎ᠠ ᠨᠥᠬᠥᠴᠡᠯ ᠪᠦᠷᠢᠳᠦᠭᠦᠯᠵᠦ ᠪᠠᠢᠭ᠎ᠠ ᠶ᠋ᠢ ᠴᠢ ᠪᠣᠳᠣ ᠯᠠ ᠳᠠ ᠂ ᠨᠥᠬᠥᠷ ᠦ᠋ᠨ ᠲᠤᠰᠠ ᠶ᠋ᠢ ᠪᠣᠳᠣᠭᠠᠳ ᠴᠢ ᠮᠢᠨᠦ ᠴᠣᠷ ᠤ᠋ᠨ ᠭᠠᠭᠴᠠ ᠭᠤᠶᠤᠯᠲᠠ ᠶ᠋ᠢ ᠨᠢᠭᠡ  ᠤᠳᠠᠭ᠎ᠠ ᠭᠦᠢᠴᠡᠭᠡᠵᠦ ᠦᠵᠡ ᠯᠡ ᠳᠡ ᠃
         ᠶᠠᠳᠠᠬᠤ ᠳ᠋ᠠᠭᠠᠨ ᠴᠠᠭ ᠬᠤᠭᠤᠴᠠᠭ᠎ᠠ ᠨᠢ ᠪᠣᠯᠤᠭ᠎ᠠ ᠦᠭᠡᠢ ᠪᠠᠢᠳᠠᠭ᠁
        ᠲᠡᠷᠡ ᠶᠠᠭᠠᠬᠢᠬᠤ ᠪᠣᠢ ᠃ ᠢᠩᠭᠢᠵᠦ ᠶᠠᠪᠤᠭ᠎ᠠ ᠨᠢ ᠶᠠᠮᠠᠷ ᠶᠡᠷᠦ ᠳ᠋ᠡᠭᠡᠨ ᠪᠢᠳᠡ ᠬᠣᠶᠠᠷᠬᠠᠨ ᠤᠤ ? ᠲᠡᠭᠡᠵᠦ ᠴᠦ᠍ ᠶᠠᠷᠢᠬᠤ ᠦᠭᠡᠢ ᠰᠢᠦ ᠃ ᠡᠨᠡ ᠬᠣᠲᠠ ᠶ᠋ᠢᠨ ᠴᠢᠨᠢ ᠪᠦᠬᠦ ᠬᠣᠶᠠᠷ ᠭᠤᠷᠪᠠᠨ ᠳᠤᠭᠤᠢᠳᠠᠨ ᠂ ᠬᠤᠪᠢ ᠶ᠋ᠢᠨ ᠮᠠᠰᠢᠨᠳᠠᠨ ᠨᠤᠭᠤᠳ ᠤ᠋ᠨ ᠶᠡᠬᠡᠩᠬᠢ ᠨᠢ ᠡᠰᠡ ᠪᠣᠯᠪᠠᠴᠤ ᠳᠠᠩ ᠬᠠᠭᠠᠰ ᠨᠢ ᠪᠠᠷᠤᠭ ᠢᠩᠭᠢᠳᠡᠭ ᠭᠡᠬᠦ ᠳ᠋ᠦ᠍ ᠳᠡᠭᠡᠰᠳᠡᠬᠦ ( ᠬᠢᠷᠢ ᠡᠴᠡ ᠬᠡᠲᠦᠷᠡᠭᠦ ) ᠦᠭᠡᠢ ᠪᠠᠢᠬ᠎ᠠ ᠰᠢᠦ᠃
       — ᠵᠠ ᠡᠨᠡ ᠡᠢᠮᠦ ᠪᠠᠢᠵᠤ ᠂ ᠭᠠᠢ ᠪᠣᠯᠤᠭᠠᠳ ᠢᠩᠭᠢᠵᠦ ᠶᠠᠪᠤᠲᠠᠯ᠎ᠠ ᠬᠢᠨᠠᠯᠲᠠ ᠰᠢᠯᠭᠠᠯᠲᠠ ᠶ᠋ᠢᠨ ᠤᠯᠤᠰ ᠲᠠᠭᠠᠷᠠᠯᠳᠤᠵᠤ ᠣᠷᠬᠢᠪᠠᠯ ᠶᠠᠭᠠᠬᠢᠬᠤ ᠪᠣᠢ ? 
       — ᠲᠡᠢᠮᠦ ᠂ ᠵᠠᠶᠠᠭ᠎ᠠ ᠨᠢ ᠵᠠᠪᠠᠭ ᠲᠤ ᠣᠷᠣᠭᠰᠠᠨ ᠶᠠᠭᠤᠮ᠎ᠠ ᠠᠷᠠᠢ ᠴᠤ᠌ ᠪᠣᠯᠬᠤ ᠦᠭᠡᠢ ᠪᠣᠢ ᠃ ᠪᠣᠯᠤᠯ᠎ᠠ ᠴᠤ᠌ ᠭᠡᠰᠡᠨ ᠲᠡᠷᠡ ᠵᠡᠷᠭᠡ ᠶ᠋ᠢᠨ ᠶᠠᠭᠤᠮ᠎ᠠ ᠶ᠋ᠢ ᠠᠷᠭᠠᠯᠠᠬᠤ ᠤᠬᠠᠭᠠᠨ ᠬᠠᠨᠠᠭᠠᠷ ᠨᠢ ᠣᠯᠬᠤ ᠪᠣᠢ ᠃ ᠵᠠ ᠢᠩᠭᠢᠭᠡᠳ ᠴᠢ ᠵᠦᠭᠡᠷ ᠯᠡ ᠶᠠᠪᠤᠨ᠎ᠠ ᠭᠡᠵᠦ ᠪᠣᠳᠣᠭᠠᠳ ᠨᠠᠭᠠᠳᠤ ᠠᠵᠢᠯ ᠢ᠋ᠶ᠋ᠠᠨ ᠪᠤᠰᠢᠭᠤᠬᠠᠨ ᠨᠢᠭᠡ ᠳᠠᠢᠰᠢ ᠨᠢ ᠪᠣᠯᠭᠠᠬᠤ ᠶ᠋ᠢ ᠪᠣᠳᠣ! ᠪᠢ ᠪᠦᠬᠦ ᠶᠠᠭᠤᠮ᠎ᠠ ᠶ᠋ᠢ ᠪᠦᠷᠢᠳᠦᠭᠦᠯᠦᠭᠡᠳ ᠭᠤᠷᠪᠠᠨ ᠴᠠᠭ ᠲᠤ᠌ ᠶᠡᠷᠦ ᠳ᠋ᠡᠭᠡᠨ ᠯᠡ ᠶᠠᠪᠤᠬᠤ ᠳ᠋ᠤ᠌ ᠪᠡᠯᠡᠨ  ᠭᠡᠳᠡᠭ ᠢ ᠤᠲᠠᠰᠤᠳᠠᠵᠤ ᠬᠡᠯᠡᠶ᠎ᠡ ᠃ ᠶᠠᠩ ᠢᠩᠭᠢᠵᠦ ᠲᠣᠬᠢᠷᠠᠬᠤ ᠤᠤ ? 
       — ᠬᠠᠷᠢᠨ ᠠ᠋ ᠃ ᠬᠡᠴᠡᠭᠦᠦ ᠯᠡ ᠪᠠᠢᠨ᠎ᠠ ᠃ ᠲᠤᠩ ᠬᠡᠴᠡᠭᠦᠦ ᠪᠠᠢᠨ᠎ᠠ ᠃ ᠲᠠᠢᠯᠤᠨ ᠲᠣᠭᠠᠴᠠᠭ᠎ᠠ ᠳᠠᠭᠤᠰᠬᠠᠬᠤ ᠂ ᠴᠢᠬᠤᠯᠠ ᠮᠡᠳᠡᠭᠡ ᠭᠠᠷᠭᠠᠬᠤ ᠂ ᠠᠵᠢᠯᠴᠢᠳ ᠤ᠋ᠨ ᠴᠠᠯᠢᠩ ᠣᠯᠭᠣᠬᠤ ᠳ᠋ᠤ᠌ ᠪᠡᠯᠡᠳᠬᠡᠬᠦ ᠂ ᠭᠡᠲᠡᠯ᠎ᠡ ᠁ 
       — ᠵᠠ ᠵᠠ ᠭᠠᠭᠴᠠ ᠤᠳᠠᠭ᠎ᠠ ᠶ᠋ᠢᠨ ᠶᠠᠭᠤᠮᠠᠨ ᠳ᠋ᠤ᠌ ᠪᠢᠲᠡᠭᠡᠢ ᠨᠢᠭᠡ ᠶᠡᠬᠡ ᠲᠤᠨᠢᠷᠬᠠᠭᠠᠳ ᠪᠠᠢᠭ᠎ᠠ ᠭᠡᠳ ᠴᠠᠭᠠᠳᠤ ᠶᠠᠷᠢᠭᠴᠢ ᠨᠢ ᠤᠲᠠᠰᠤ ᠪᠠᠨ ᠲᠠᠰᠤᠯᠵᠠᠢ᠃  

— — — — 
① ᠲᠣᠲᠣᠨᠤ ᠨᠠᠢᠵᠠ ᠨᠣᠭᠣᠳКОМПОНИ ᠭᠡᠰᠡᠨ ᠣᠷᠣᠰ ᠬᠡᠯᠡ᠎ᠡᠴᠡ ᠭᠠᠷᠤᠯ ᠲᠠᠢ ᠦᠭᠡ

       ᠸᠠᠩᠳᠠᠨ ᠤᠲᠠᠰᠤ ᠪᠠᠨ ᠳᠠᠯᠪᠢᠭᠠᠳ ᠨᠠᠭᠠᠨ᠎ᠠ ᠴᠠᠭᠠᠨ᠎ᠠ ᠨᠢ ᠡᠯᠳᠡᠪ ᠶᠠᠭᠤᠮ᠎ᠠ ᠪᠣᠳᠣᠭᠰᠠᠨ ᠦᠭᠡᠢ  ᠠᠵᠢᠯ᠎ ᠢᠶᠠᠨ ᠦᠷᠭᠦᠯᠵᠢᠯᠡᠭᠦᠯᠪᠡ᠃
       ᠡᠢᠨ ᠬᠦ᠌ ᠰᠠᠭᠤᠭᠰᠠᠭᠠᠷ ᠸᠠᠩᠲᠠᠨ ᠡᠳᠦᠷ ᠦ᠋ᠨ ᠢ᠋ᠶ᠋ᠡᠨ ᠠᠮᠠᠷᠠᠯᠲᠠ ᠪᠠᠷ ᠬᠠᠷᠢᠵᠤ ᠤᠮᠳᠠᠭ᠎ᠠ ᠤᠤᠭᠤᠬᠤ ᠪᠠᠨ ᠴᠤ᠌ ᠮᠠᠷᠲᠠᠵᠠᠢ ᠃ ᠨᠢᠭᠡ  ᠮᠡᠳᠡᠭᠰᠡᠨ ᠴᠢᠨᠢ ᠤᠲᠠᠰᠤ ᠳᠤᠤᠭᠠᠷᠪᠠ ᠂ ᠬᠠᠷᠢᠯᠴᠠᠭᠤᠷ ᠢ᠋ ᠠᠪᠤᠭᠰᠠᠨ ᠦᠭᠡᠢ ᠂ ᠬᠣᠶᠠᠷ ᠭᠤᠷᠪᠠ ᠳᠥᠷᠪᠡᠳᠡᠬᠢ ᠤᠳᠠᠭ᠎ᠠ ᠳᠤᠤᠭᠠᠷᠤᠭᠰᠠᠨ ᠳ᠋ᠤ᠌ ᠴᠤ᠌ ᠠᠪᠤᠭᠰᠠᠨ ᠦᠭᠡᠢ ᠃ ᠲᠣᠭᠠᠯᠠᠭᠰᠠᠭᠠᠷ ᠳᠣᠯᠣᠭᠠᠲᠠᠬᠢ  ᠤᠳᠠᠭ᠎ᠠ ᠳᠤᠤᠭᠠᠷᠬᠤ ᠪᠠᠷ ᠠᠪᠤᠭᠰᠠᠨ ᠳ᠋ᠤ᠌ ᠥᠨᠥ ᠭᠠᠢᠬᠠᠯ ᠡᠢ ᠄ 
       — ᠭᠦᠶᠢ ᠂ ᠴᠢ  ᠶᠠᠭᠠᠬᠢᠴᠢᠬᠠᠬᠤ ᠨᠢ ᠡᠨᠡ ᠪᠣᠢ ? ᠠᠯᠢᠪ ᠬᠥᠳᠡᠯᠦᠶ᠎ᠡ ᠃ ᠪᠦᠬᠦ ᠶᠠᠭᠤᠮ᠎ᠠ ᠪᠡᠯᠡᠨ ᠂ ᠲᠡᠳᠡᠨ ᠦ᠌ ᠬᠢ ᠪᠡᠷ ᠣᠷᠣᠭᠠᠳ 《  ᠶᠠᠸᠠ 》 ᠶ᠋ᠢ ᠨᠢ ᠤᠨᠤᠭᠠᠳ ᠂ ᠲᠡᠳᠡᠨ ᠦ᠌ ᠳ᠋ᠦ᠍ ᠣᠴᠢᠵᠤ ᠫᠤᠤ ᠶ᠋ᠢ ᠨᠢ ᠠᠪᠤᠭᠠᠳ ᠂ ᠲᠡᠭᠡᠭᠡᠳ ᠲᠡᠳᠡᠨ ᠦ᠌ ᠳ᠋ᠦ᠍ ᠣᠴᠢᠭᠠᠳ ᠲᠡᠷᠡ ᠲᠡᠷᠡ ᠶᠠᠭᠤᠮ᠎ᠠ ᠶ᠋ᠢ ᠠᠪᠤᠭᠠᠳ ᠂   ᠮᠠᠨ ᠦ᠌ ᠳ᠋ᠦ᠍ ᠬᠦᠷᠦᠭᠡᠳ ᠢᠷ᠎ᠡ!  ᠶᠠᠭ ᠭᠤᠷᠪᠠᠨ  ᠴᠠᠭ ᠲᠤ ᠭᠡᠵᠡᠢ᠃
       — ᠪᠠᠯᠪᠠᠷ ᠮᠢᠨᠢ ᠡ᠂  ᠮᠢᠨᠦ ᠠᠵᠢᠯ ᠨᠢᠭᠡ ᠯᠠ ᠪᠢᠰᠢ ᠳᠠ᠂ ᠮᠠᠷᠭᠠᠰᠢ ᠪᠣᠯᠪᠠᠯ  ᠶᠠᠭᠠᠬᠢᠭ᠍ᠰᠠᠨ ᠪᠤᠢ ?
       — ᠮᠠᠷᠭᠠᠰᠢ  ᠪᠣᠯᠴᠢᠬᠠᠪᠠᠯ ᠪᠢᠳᠠ ᠬᠣᠶᠠᠷ ᠲᠤ ᠬᠡᠨ ᠴᠤ᠌  ᠶᠠᠭᠤ᠎ ᠪᠠᠨ ᠴᠤ᠌ ᠥᠭᠬᠦ ᠦᠭᠡᠢ ᠰᠢᠦ ᠳᠠ ᠃
       — ᠪᠢ ᠶᠠᠳᠠᠬᠤ ᠳ᠋ᠠᠭᠠᠨ  ᠭᠡᠷ ᠣᠷᠣᠨ ᠢᠶᠠᠷ ᠢᠶᠠᠨ ᠤᠷᠤᠮᠠᠷ ᠁
       — ᠵᠠ ᠵᠠ  ᠪᠢ ᠡᠨᠳᠡ᠎ ᠡᠴᠡ ᠬᠡᠦᠬᠡᠳ ᠭᠦᠶᠦᠯᠭᠡᠭᠡᠳ ᠬᠡᠯᠡᠭᠦᠯᠴᠢᠭᠡᠶ᠎ᠡ᠃
       — ᠡᠩ ᠤᠨ ᠬᠣᠭᠣᠴᠠᠭ᠎ᠠ ᠪᠣᠯᠣᠭ᠎ᠠ ᠦᠭᠡᠢ᠂ ᠬᠣᠯᠠᠭᠠᠷ ᠰᠢᠷ᠎ᠠ᠎ ᠶ᠋ᠢᠨ  ᠦᠰᠦ ᠨᠣᠣᠰᠣ᠌ ᠴᠤ᠌ ᠬᠦᠢᠴᠡᠭᠡ ᠦᠭᠡᠢ᠃ ᠬᠦᠢᠴᠡᠭᠰᠡᠨ ᠴᠤ᠌  ᠪᠠᠢᠯ᠎ᠠ ᠭᠡᠰᠡᠨ  ᠬᠠᠦᠯᠢ ᠳᠦᠷᠢᠮ ᠪᠠᠢᠬᠤ᠎ ᠳ᠋ᠦ᠍ ᠁
       — ᠵᠠ ᠶᠠᠷᠰᠢᠭ᠋ ᠂ ᠪᠢ ᠠᠷᠪᠠᠭᠠᠳ  ᠬᠤᠨᠤᠭ ᠤᠨ ᠡᠮᠦᠨ᠎ᠡ ᠥᠨᠥᠬᠢ  ᠬᠡᠨ ᠢ ᠭᠣᠶᠣᠵᠤ ᠠᠪᠴᠤ ᠶᠠᠪᠤᠭᠠᠳ ᠭᠤᠷᠪᠠ᠎ ᠶ᠋ᠢ ᠪᠣᠭᠣᠭᠠᠳ ᠢᠷᠡᠬᠦ᠎ ᠳ᠋ᠦ᠍  ᠰᠠᠢᠬᠠᠨ ᠯᠠ ᠪᠣᠯᠴᠢᠬᠠᠭᠰᠠᠨ ᠪᠠᠢᠭ᠍ᠰᠠᠨ ᠰᠢᠦ ᠳᠠ᠂ ᠬᠠᠷᠢᠨ ᠲᠡᠭᠡᠬᠦ᠎ ᠳ᠋ᠦ᠍ ᠪᠢ ᠴᠢᠮ᠎ᠠ᠎ ᠳ᠋ᠦ᠍  ᠶᠠᠭᠤᠮ᠎ᠠ ᠠᠮᠰᠠᠭᠤᠯᠵᠤ ᠴᠢᠳᠠᠬᠤ ᠦᠭᠡᠢ᠂ ᠴᠢ ᠲᠡᠭᠦᠨ᠎ ᠳ᠋ᠦ᠍᠎ ᠭᠤᠮᠤᠳᠠᠭᠠᠳ  ᠪᠠᠢᠭ᠎ᠠ ᠶᠤᠮ ᠤᠤ ᠳᠠ?
       — ᠵᠠ ᠵᠠ  ᠡᠯᠳᠡᠪ ᠶᠠᠭᠤᠮ᠎ᠠ ᠪᠢᠲᠡᠭᠡᠢ ᠳᠣᠩᠭᠣᠰ᠂  ᠴᠢᠨᠦ  ᠬᠡᠯᠡᠭᠰᠡᠨ ᠢᠶᠡᠷ ᠪᠣᠯᠣᠶ᠎ᠠ ᠳᠠ ᠭᠡᠳ ᠸᠠᠩᠳᠠᠨ ᠬᠠᠷᠢᠯᠴᠠᠭᠤᠷ᠎ ᠢᠶᠡᠨ ᠲᠠᠯᠪᠢᠵᠠᠢ᠃
      ᠸᠠᠩᠳᠠᠨ  ᠪᠠᠯᠪᠠᠷ ᠬᠣᠶᠠᠷ ᠲᠣᠪᠯᠠᠭᠰᠠᠨ ᠴᠠᠭ ᠲᠠᠭᠠᠨ ᠶᠠᠪᠤᠵᠠᠢ᠃ ᠲᠡᠷᠡ ᠡᠳᠦᠷ ᠲᠡᠭᠡᠨ ᠬᠦᠷᠬᠦ ᠭᠠᠵᠠᠷ᠎ ᠢᠶᠡᠨ ᠬᠦᠷᠴᠡᠢ᠃ ᠮᠠᠷᠭᠠᠰᠢ ᠥᠷᠯᠦᠭᠡᠭᠦᠷ ᠳᠠᠷᠪᠠᠭ᠎ᠠ ᠭᠠᠷᠬᠤ ᠦᠶ᠎ᠡ᠎ ᠪᠡᠷ ᠡᠬᠢᠯᠡᠭᠡᠳ ᠯᠠ ᠨᠢᠭᠡ᠎ ᠶ᠋ᠢ ᠫᠣᠣᠳᠠᠵᠠᠢ᠃
       — ᠵᠠ  ᠮᠦᠨ ᠰᠠᠢᠬᠠᠨ ᠠᠮᠢᠲᠠᠨ ᠡ ᠂ ᠠᠢ ᠳᠠ  ᠴᠢᠮ᠎ᠠ ᠰᠢᠭ᠋ ᠢᠩᠬᠢᠵᠦ ᠬᠣᠯᠬᠢ ᠲᠠᠷᠢᠬᠢ ᠬᠣᠶᠠᠷ ᠤᠨ ᠵᠠᠪᠰᠠᠷ ᠢᠶᠠᠷ ᠨᠠᠮ ᠫᠣᠣᠳᠠᠳᠠᠭ ᠪᠣᠯ ᠮᠦᠨ ᠰᠠᠢᠬᠠᠨ ᠠ᠁  ᠭᠡᠵᠦ ᠪᠠᠯᠪᠠᠷ ᠢ ᠦᠭᠦᠯᠡᠲᠡᠯ᠎ᠡ᠂
       — ᠵᠠ ᠵᠠ ᠣᠯᠠᠨ ᠲᠠᠪᠤᠨ ᠦᠭᠡ ᠪᠡᠷ ᠶᠠᠭᠠᠬᠢᠬᠤ ᠪᠣᠢ ᠂ ᠤᠯᠤᠰ ᠠᠮᠢᠲᠠᠨ ᠢᠷᠡᠬᠦ ᠡᠴᠡ ᠡᠮᠦᠨ᠎ᠡ ᠡᠭᠦᠨ ᠢ᠋ ᠪᠡᠨ ᠨᠢᠭᠡ ᠵᠢᠯᠠᠭᠠᠨ ᠳ᠋ᠤ᠌  ᠪᠣᠷᠣᠯᠠᠭᠤᠯᠵᠤ  ᠬᠣᠷᠣᠬᠠᠢ᠎ ᠪᠠᠨ ᠳᠠᠷᠤᠭᠠᠳ ᠪᠤᠰᠢᠭᠤᠬᠠᠨ ᠪᠤᠴᠠᠶ᠎ᠠ ᠭᠡᠵᠦ ᠸᠠᠩᠲᠠᠨ ᠢ᠋ ᠥᠭᠦᠯᠡᠲᠡᠯ᠎ᠡ ᠂ 
       — ᠶᠠᠭᠤ ᠭᠡᠰᠡᠨ ᠦᠭᠡ ᠪᠣᠢ᠂ ᠮᠠᠰᠢᠨ ᠫᠤᠤ᠂ ᠰᠤᠮᠤ ᠪᠸᠨᠽᠢᠨ᠂ ᠴᠢᠯᠥᠭᠡ ᠦᠭᠭᠦᠭᠰᠡᠨ  ᠲᠡᠷᠡ ᠣᠯᠠᠨ ᠬᠥᠮᠦᠨ ᠦ᠌ ᠠᠮᠠ ᠶ᠋ᠢ ᠶᠠᠭᠠᠬᠢᠵᠤ ᠬᠠᠭᠠᠬᠤ ᠪᠣᠢ᠃ ᠴᠠᠭᠠᠨ᠎ᠠ ᠴᠢᠨᠢ ᠪᠠᠰᠠ ᠬᠥᠮᠦᠨ ᠦ᠌ ᠥᠪᠡᠷ ᠦ᠋ᠨ ᠣᠯᠠᠨ ᠬᠥᠮᠦᠨ ᠪᠢᠳᠡ ᠬᠣᠶᠠᠷ ᠤ᠋ᠨ ᠶᠠᠪᠤᠭᠰᠠᠨ ᠢ᠋ ᠮᠡᠳᠡᠭᠰᠡᠨ᠂ ᠲᠡᠳᠡᠨ ᠳ᠋ᠦ᠍ ᠠᠮᠰᠠᠭᠤᠯᠬᠤ ᠦᠭᠡᠢ ᠶᠠᠭᠠᠬᠢᠵᠤ ᠪᠣᠯᠬᠤ ᠪᠣᠢ᠃ ᠨᠢᠭᠡᠨᠲᠡ ᠶᠠᠪᠤᠭᠰᠠᠨ ᠤ᠋ ᠶᠡᠬᠡ ᠪᠠᠭ᠎ᠠ ᠣᠯᠠᠨ ᠴᠥᠭᠡᠨ ᠦ᠌  ᠢᠯᠭᠠᠭ᠎ᠠ ᠶᠠᠭᠤ ᠪᠣᠢ! ᠪᠠᠰᠠ ᠬᠡᠳᠦ ᠶ᠋ᠢ᠁ ᠭᠡᠵᠦ ᠪᠠᠯᠪᠠᠷ ᠢ᠋ ᠬᠡᠯᠡᠬᠦ ᠳ᠋ᠦ᠍ᠨᠢ᠂
       —《 ᠨᠡᠭᠡᠷᠡᠨ ᠴᠦ᠍ ᠲᠡᠢᠮᠦ ᠳᠠ》 ᠭᠡᠵᠦ ᠸᠠᠩᠲᠠᠨ ᠪᠣᠳᠣᠵᠠᠢ ᠃ ᠲᠡᠭᠡᠲᠡᠯ᠎ᠡ ᠴᠦ᠍ ᠠᠩᠨᠠᠭᠤᠷ ᠡᠬᠢᠯᠡᠭᠡ ᠦᠭᠡᠢ ᠣᠩᠭᠣᠨᠳᠠᠭᠤᠬᠠᠨ ᠪᠠᠢᠭᠰᠠᠨ ᠴᠠᠭ᠃ ᠲᠠᠷᠪᠠᠭ᠎ᠠ ᠴᠤ᠌ ᠰᠢᠨ᠎ᠡ ᠰᠣᠨᠢᠨ ᠥᠩᠭᠡᠲᠡᠢ《 ᠶᠠᠸᠠ》 ᠶ᠋ᠢᠨ ᠬᠤᠷᠳᠤ ᠪᠠᠷ  ᠡᠢᠰᠢ  ᠪᠡᠨ ᠴᠦ᠍ ᠳᠠᠪᠬᠢᠨ᠂ ᠲᠡᠢᠰᠢ ᠪᠡᠨ ᠴᠦ᠍ ᠳᠠᠪᠬᠢᠨ ᠫᠤᠤᠳᠠᠵᠤ ᠪᠠᠢᠵᠤ᠂ ᠪᠠᠯᠪᠠᠷ ᠴᠤ᠌ ᠭᠦᠶᠦᠭᠡᠳ ᠯᠡ ᠲᠡᠭᠦᠭᠡᠳ ᠯᠡ ᠪᠠᠢᠵᠠᠢ᠃ ᠪᠠᠭ᠎ᠠ ᠦᠳᠡ ᠪᠣᠯᠬᠤ ᠳ᠋ᠤ᠌ ᠨᠢᠭᠡ ᠮᠡᠳᠡᠬᠦ ᠳ᠋ᠦ᠍ ᠬᠣᠷᠢ ᠰᠢᠬᠠᠮ ᠲᠠᠷᠪᠠᠭ᠎ᠠ ᠤᠨᠠᠭᠠᠵᠤ ᠠᠴᠢᠬᠤ ᠭᠠᠨᠵᠤᠭᠠᠯᠠᠬᠤ ᠭᠠᠵᠠᠷ ᠦᠭᠡᠢ ᠪᠣᠯᠳᠠᠭ ᠪᠠᠢᠨ᠎ᠠ᠃ ᠠᠷᠠᠢ ᠭᠡᠵᠦ ᠨᠢᠭᠡ ᠵᠢᠯᠠᠭᠠᠨ ᠳ᠋ᠤ᠌ ᠣᠷᠣᠵᠤ ᠨᠢᠭᠡ ᠶ᠋ᠢ ᠬᠣᠶᠠᠷ ᠭᠤᠷᠪᠠ ᠶ᠋ᠢ ᠪᠣᠭᠣᠵᠤ ᠡᠭᠦᠨ ᠢ᠋ ᠳᠠᠷᠤᠭ᠎ᠠ ᠳ᠋ᠤ᠌᠂ ᠡᠭᠦᠨ ᠢ᠋ ᠣᠷᠣᠯᠠᠭᠴᠢ ᠳ᠋ᠤ᠌᠂ ᠡᠭᠦᠨ ᠢ᠋ ᠲᠡᠭᠦᠨ ᠳ᠋ᠦ᠍ ᠲᠡᠭᠦᠨ ᠢ᠋ ᠡᠭᠦᠨ ᠳ᠋ᠦ᠍ ᠭᠡᠳ ᠯᠡ ᠭᠠᠯ ᠤᠯᠠᠯᠵᠠᠭᠤᠯᠤᠨ ᠤᠲᠤᠭ᠎ᠠ ᠭᠡᠳᠡᠭ ᠢ᠋ ᠤᠭᠤᠭᠢᠭᠤᠯᠵᠤ ᠪᠠᠢᠲᠠᠯ᠎ᠠ ᠮᠠᠰᠢᠨ ᠤ᠋ ᠳᠠᠭᠤ ᠰᠣᠨᠣᠰᠳᠠᠵᠠᠢ᠃ ᠪᠠᠯᠪᠠᠷ᠄
       — ᠮᠠᠰᠢᠨ ᠳᠤᠤᠭᠠᠷᠤᠯ᠎ᠠ ᠭᠡᠳ ᠰᠠᠨᠳᠤᠷᠴᠠᠢ᠃
       — ᠶᠠᠭᠤ ᠮᠠᠰᠢᠨ ᠳᠤᠤᠭᠠᠷᠤᠯ᠎ᠠ ᠭᠡᠵᠦ᠂ ᠸᠤ᠌ᠲ ① ᠪᠣᠯᠪᠠᠯ ᠢᠩᠭᠢᠭᠡᠳ ᠂ ᠪᠣᠭᠣᠳᠠᠭ ᠪᠣᠯᠪᠠᠯ ᠬᠢᠭᠡᠳ ᠢᠳᠡᠴᠡᠭᠡᠳᠡᠭ ᠬᠡᠷᠡᠭ᠂ ᠪᠢ ᠠᠷᠭᠠᠯᠠᠨ᠎ᠠ ᠭᠡᠰᠡᠨ ᠴᠢᠨᠢ ᠶᠠᠭᠠᠬᠢᠯ᠎ᠠ ᠭᠡᠵᠦ ᠸᠠᠩᠲᠠᠨ ᠥᠭᠦᠯᠡᠬᠦ ᠳ᠋ᠦ᠍᠂
  — ᠪᠢ ᠶᠠᠭᠠᠬᠢᠵᠤ ᠠᠷᠭᠠᠯᠠᠬᠤ ᠶᠤᠮ ᠪᠣᠢ᠃ ᠪᠣᠯᠭᠠᠭᠰᠠᠨ ᠢ᠋ ᠪᠡᠨ ᠰᠢᠭᠤᠳᠠᠢᠯᠠᠭᠠᠳ᠂ ᠪᠣᠯᠤᠭ᠎ᠠ ᠦᠭᠡᠢ ᠶ᠋ᠢ ᠨᠢ ᠬᠠᠶᠠᠭᠠᠳ ᠵᠢᠭᠤᠲᠠᠬᠤ ᠯᠠ ᠠᠷᠭ᠎ᠠ ᠪᠠᠢᠨ᠎ᠠ ᠭᠡᠵᠦ ᠪᠠᠯᠪᠠᠷ ᠥᠭᠦᠯᠡᠵᠡᠢ᠃ ᠲᠡᠷᠡ ᠬᠣᠶᠠᠷ ᠠᠮᠵᠢᠵᠤ ᠪᠣᠷᠣᠯᠠᠭᠤᠯᠤᠭᠰᠠᠨ ᠬᠡᠳᠦ ᠶ᠋ᠢ ᠪᠡᠨ ᠠᠪᠤᠭᠠᠳ ᠪᠤᠰᠤᠳ ᠢ᠋ ᠨᠢ ᠡᠢᠰᠢ ᠲᠠᠢᠰᠢ ᠨᠢ ᠡᠪᠡᠰᠦ ᠨᠣᠭᠣᠭ᠎ᠠ ᠨᠦᠬᠡ ᠭᠣᠣ ᠤᠷᠤᠭᠤ ᠬᠠᠶᠠᠯᠠᠭᠠᠳ ᠵᠢᠭᠤᠲᠠᠲᠠᠯ᠎ᠠ ᠰᠠᠬᠤᠯᠢᠭ ᠡᠪᠡᠰᠦᠨ ᠳᠤᠮᠳᠠᠭᠤᠷ ᠵᠢᠷᠢᠢᠭᠰᠡᠨ ᠰᠢᠨᠡᠬᠡᠨ ᠮᠥᠷ ᠢ᠋ᠶ᠋ᠡᠷ  ᠮᠠᠰᠢᠨ ᠴᠦ᠍  ᠳᠠᠭᠠᠨ ᠡᠯᠳᠡᠵᠡᠢ᠃
       — ᠵᠢᠭᠤᠲᠠᠬᠤ ᠶ᠋ᠢ ᠴᠢ ᠮᠡᠳᠡ᠂ ᠵᠢᠭᠤᠷᠠᠬᠤ ᠶ᠋ᠢ ᠪᠢ ᠮᠡᠳᠡᠶ᠎ᠡ  ᠭᠡᠵᠦ ᠪᠠᠯᠪᠠᠷ ᠬᠡᠯᠡᠪᠡ᠃ 
       ᠴᠣ ᠰᠢᠨ᠎ᠡ ᠬᠣᠶᠠᠷ ᠳᠤᠭᠤᠢᠲᠤ ᠶ᠋ᠢᠨ ᠴᠢᠳᠠᠯ ᠮᠡᠳᠡᠨ ᠸᠠᠩᠲᠠᠨ ᠴᠤ᠌ ᠵᠢᠷᠢᠯᠭᠡᠵᠦ᠂ ᠪᠠᠯᠪᠠᠷ ᠴᠤ᠌ ᠵᠢᠭᠤᠷᠠᠵᠤ ᠭᠡᠨ᠎ᠡ᠃ ᠨᠠᠬᠢᠰ ᠬᠥᠪᠡᠭᠡ ᠲᠤᠷᠤᠯᠵᠢᠨ ᠥᠩᠭᠡᠷᠡᠵᠦ ᠭᠣᠣ ᠵᠢᠯᠠᠭ᠎ᠠ ᠣᠭᠲᠣᠯᠤᠨ ᠬᠠᠷᠠᠢᠯᠠᠭᠰᠠᠭᠠᠷ ᠶᠠᠪᠤᠲᠠᠯ᠎ᠠ ᠭᠠᠵᠠᠷ ᠲᠩᠷᠢ ᠨᠡᠢᠯᠡᠬᠦ ᠮᠡᠲᠦ ᠭᠠᠢᠬᠠᠯᠲᠠᠢ ᠬᠠᠴᠢᠨ ᠪᠣᠯᠤᠭᠠᠳ ᠢᠷᠡᠵᠦ ᠭᠡᠨ᠎ᠡ᠃ ᠲᠡᠭᠡᠵᠦ ᠶᠠᠪᠤᠭᠰᠠᠨ ᠴᠢᠨᠢ ᠨᠢᠭᠡ ᠮᠡᠳᠡᠬᠦ ᠳ᠋ᠦ᠍ ᠯᠡ᠁ 
       ᠨᠢᠭᠡᠳᠡᠬᠢ ᠡᠳᠦᠷ ᠸᠠᠩᠲᠠᠨ ᠠᠵᠢᠯ ᠳ᠋ᠠᠭᠠᠨ ᠢᠷᠡᠭᠰᠡᠨ ᠦᠭᠡᠢ᠂ ᠤᠳᠠᠭᠰᠠᠨ ᠦᠭᠡᠢ ᠪᠠᠯᠪᠠᠷ ᠴᠤ᠌ ᠠᠵᠢᠯ ᠳ᠋ᠠᠭᠠᠨ ᠢᠷᠡᠭᠡ ᠦᠭᠡᠢ ᠨᠢ ᠮᠡᠳᠡᠭᠳᠡᠪᠡ᠃ ᠲᠡᠭᠡᠲᠡᠯ᠎ᠡ ᠲᠡᠷᠡ ᠬᠣᠶᠠᠷ ᠭᠡᠷ ᠣᠷᠣᠨ ᠤ᠋ ᠬᠢᠨ ᠴᠦ᠍ ᠭᠦᠶᠦᠯᠳᠦᠨ ᠢᠷᠡᠪᠡ᠃ ᠴᠢᠯᠥᠭᠡ ᠂ ᠤᠨᠤᠭ᠎ᠠ᠂ ᠫᠤᠤ ᠰᠤᠮᠤ᠂ ᠪᠸᠨᠽᠢᠨ ᠲᠣᠰᠣ ᠥᠭᠭᠦᠭᠰᠡᠨ ᠬᠥᠮᠦᠰ ᠴᠥᠮ ᠰᠠᠨᠳᠤᠷᠤᠨ ᠡᠢᠰᠢ ᠲᠠᠢᠰᠢ ᠤᠲᠠᠰᠤᠳᠠᠨ ᠳᠠᠪᠬᠢᠯᠳᠤᠨ ᠰᠤᠷᠠᠭᠯᠠᠪᠠ᠃ ᠭᠡᠪᠡᠴᠦ ᠲᠡᠳᠡ ᠨᠢᠭᠡ ᠯᠡ ᠭᠠᠵᠠᠷ ᠤᠷᠤᠭᠤ ᠵᠢᠷᠦᠬᠡᠯᠡᠵᠦ ᠤᠲᠠᠰᠤᠳᠠᠵᠤ ᠴᠢᠳᠠᠬᠤ ᠦᠭᠡᠢ ᠴᠢ ᠶᠠᠷᠢ ᠂ ᠪᠢ ᠶᠠᠷᠢ ᠭᠡᠵᠦ ᠨᠢᠭᠡ ᠨᠢᠭᠡ ᠤᠷᠤᠭᠤ ᠪᠠᠨ ᠲᠦᠯᠬᠢᠯᠴᠡᠵᠦ ᠪᠠᠢᠲᠠᠯ᠎ᠠ ᠳᠠᠷᠤᠭ᠎ᠠ ᠶ᠋ᠢᠨ ᠥᠷᠥᠭᠡᠨ ᠦ᠌ ᠤᠲᠠᠰᠤ ᠳᠤᠤᠭᠠᠷᠪᠠ᠃ 
       ᠳᠠᠷᠤᠭ᠎ᠠ ᠵᠢᠭᠠᠬᠠᠨ ᠬᠣᠯᠬᠢᠭᠰᠠᠨ ᠢ᠋ᠶ᠋ᠠᠨ ᠤᠲᠠᠰᠤ ᠪᠠᠨ ᠠᠪᠴᠤ᠄
      — ᠪᠠᠢ᠊ ᠁  ᠊ᠨ᠎ᠠ  ‍ᠤᠤ? ᠬᠠᠮᠢ᠊ ᠁ ᠊ᠬ᠋᠎ᠠ ᠠ᠋ᠴᠠ  ᠶᠡᠷᠢ᠊ ᠁ ᠭᠡᠲᠡᠯ᠎ᠡ  
      — ᠪᠠᠢᠨ᠎ᠠ᠂ ᠭᠡᠮᠲᠦᠯ ᠪᠡᠷᠲᠡᠯ ᠦ᠋ᠨ ᠲᠠᠰᠤᠭ ᠠ᠋ᠴᠠ ᠶᠠᠷᠢᠵᠤ ᠪᠠᠢᠨ᠎ᠠ᠃ ᠲᠠᠨ ᠤ᠋ ᠠᠵᠢᠯᠲᠠᠨ ᠸᠠᠩᠲᠠᠨ ᠪᠠᠰᠠ ᠪᠠᠯᠪᠠᠷ ᠭᠡᠳᠡᠭ ᠬᠥᠮᠦᠨ ᠲᠡᠢ ᠬᠣᠶᠠᠭᠤᠯᠠ ᠮᠠᠨ ᠤ᠋ ᠳ᠋ᠤ᠌ ᠬᠦᠷᠭᠡᠭᠳᠡᠨ ᠢᠷᠡᠭᠰᠡᠨ᠁
      — ᠪᠠᠰᠠ  ᠲᠡᠭᠡ᠊ ᠁  ᠊ᠭᠡᠳ ᠪᠡᠶᠡᠰ ᠦ᠋ᠳ ᠨᠢ ᠁
      — ᠪᠡᠶᠡᠰ ᠦ᠋ᠳ ᠨᠢ ᠶᠠᠭᠠᠬᠢᠬᠤ ᠪᠣᠢ᠂ ᠪᠣᠭᠣᠯᠭᠠᠴᠢᠠᠬᠠᠰᠠᠨ ᠲᠠᠷᠪᠠᠭ᠎ᠠ ᠰᠢᠭ᠋ ᠬᠡᠪᠲᠡᠵᠦ ᠪᠠᠢᠨ᠎ᠠ᠂ ᠶᠥᠭᠡᠭᠡᠨ ᠳ᠋ᠡᠭᠡᠨ( ᠱᠠᠷᠬᠢᠷᠠᠨ ᠡᠪᠡᠳᠴᠦ) ᠭᠠᠢᠭᠤᠢ ᠪᠣᠯᠪᠠ ᠤᠤ! ᠬᠠᠷᠢᠨ ᠤᠨᠤᠭ᠎ᠠ᠂ ᠫᠤᠤ ᠡᠨᠡ ᠲᠡᠷᠡ ᠨᠢ ᠪᠦᠲᠦᠨ ᠦᠯᠡᠳᠡᠭᠰᠡᠨ ᠶᠠᠭᠤᠮ᠎ᠠ ᠠᠯᠠᠭ᠎ᠠ ᠳᠠ᠃
      — ᠵᠠ᠁ ᠠ! ᠭᠡᠳ ᠳᠠᠷᠤᠭ᠎ᠠ ᠳᠠᠭᠤ ᠦᠭᠡᠢ ᠪᠣᠯᠪᠠ᠃    

— — — — 
①  < ᠡᠨᠡ > ᠭᠡᠰᠡᠨ ᠣᠷᠣᠰ ᠦᠭᠡ᠃



《 ᠱᠣᠭ ᠬᠣᠱᠣᠩ ᠵᠣᠬᠢᠶᠠᠯ ᠤᠨ ᠳᠡᠭᠡᠵᠢ 》 ᠡᠴᠡ ᠬᠠᠭᠤᠯᠪᠠ᠃

    ᠲᠩᠷᠢ ᠡᠵᠢ ᠬᠠᠭᠤᠯᠪᠠ    
    ᠬᠢᠨᠠᠭ᠍ᠴᠢ :  ᠭᠠᠸᠠ
             2023᠂7᠂18  ᠤ᠋ ᠡᠳᠦᠷ