ᠰᠢᠪᠠᠭᠤᠲᠤ ᠠᠷᠠᠯ( ᠬᠡᠯᠡ ᠪᠢᠴᠢᠭ – ᠳᠣᠯᠣᠳᠤᠭᠠᠷ ᠳᠡᠪᠲᠡᠷ) Шувуут арал( Хэл бичиг – Долдугар дэвтэр) ᠨᠠᠢᠷᠠᠭᠤᠯᠤᠯ ᠥᠭᠦᠯᠡᠯᠭᠡ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠰᠢᠪᠠᠭᠤᠲᠤ ᠠᠷᠠᠯ( ᠬᠡᠯᠡ ᠪᠢᠴᠢᠭ – ᠳᠣᠯᠣᠳᠤᠭᠠᠷ ᠳᠡᠪᠲᠡᠷ) Шувуут арал( Хэл бичиг – Долдугар дэвтэр)

ᠰᠢᠪᠠᠭᠤᠲᠤ ᠠᠷᠠᠯ( ᠬᠡᠯᠡ ᠪᠢᠴᠢᠭ – ᠳᠣᠯᠣᠳᠤᠭᠠᠷ ᠳᠡᠪᠲᠡᠷ) Шувуут арал( Хэл бичиг – Долдугар дэвтэр)

2023-07-18

628

ᠰᠢᠪᠠᠭᠤᠲᠤ ᠠᠷᠠᠯ( ᠬᠡᠯᠡ ᠪᠢᠴᠢᠭ – ᠳᠣᠯᠣᠳᠤᠭᠠᠷ ᠳᠡᠪᠲᠡᠷ)


       ᠬᠥᠬᠡᠨᠠᠭᠤᠷ ᠪᠣᠯ ᠮᠠᠨ ᠤ᠋ ᠤᠯᠤᠰ ᠤ᠋ᠨ ᠡᠬᠡ ᠬᠠᠭᠤᠷᠠᠢ ᠳ᠋ᠠᠬᠢ ᠬᠠᠮᠤᠭ ᠤ᠋ᠨ ᠲᠣᠮᠣ ᠨᠠᠭᠤᠷ ᠭᠡᠳᠡᠭ ᠢ᠋ ᠲᠠ ᠨᠠᠷ ᠰᠣᠨᠣᠰᠤᠭᠰᠠᠨ ᠪᠢᠵᠡ ᠠ᠋᠃ ᠡᠨᠡ ᠨᠠᠭᠤᠷ ᠲᠤ᠌ ᠨᠢᠭᠡᠨ ᠪᠠᠭᠠᠬᠠᠨ ᠠᠷᠠᠯ ᠪᠣᠢ᠂ ᠠᠷᠠᠯ ᠳᠡᠭᠡᠷ᠎ᠡ ᠨᠢ ᠲᠣᠭ᠎ᠠ ᠲᠣᠮᠰᠢ ᠦᠭᠡᠢ ᠣᠯᠠᠨ ᠰᠢᠪᠠᠭᠤ ᠴᠤᠭᠯᠠᠷᠠᠳᠠᠭ ᠲᠤᠯᠠ ᠲᠡᠭᠦᠨ ᠢ᠋ ᠰᠢᠪᠠᠭᠤᠲᠤ ᠠᠷᠠᠯ ᠭᠡᠳᠡᠭ ᠶᠦ᠍ᠮ᠃ 
       ᠮᠢᠨᠦ ᠭᠡᠷ ᠪᠣᠯ ᠳᠡᠭᠡᠳᠦ ᠮᠣᠩᠭᠣᠯ ᠨᠤᠲᠤᠭ— ᠬᠥᠬᠡᠨᠠᠭᠤᠷ ᠮᠣᠵᠢ ᠳ᠋ᠤ᠌ ᠪᠠᠢᠳᠠᠭ ᠲᠤᠯᠠ ᠪᠢ ᠬᠠᠷᠠᠬᠠᠨ ᠪᠠᠭ᠎ᠠ ᠠ᠋ᠴᠠ ᠠᠪᠤ ᠪᠠᠨ ᠳᠠᠭᠠᠵᠤ ᠬᠥᠬᠡᠨᠠᠭᠤᠷ ᠤ᠋ᠨ ᠬᠥᠪᠡᠭᠡ ᠪᠡᠷ ᠦᠷᠭᠦᠯᠵᠢ ᠶᠠᠪᠤᠵᠤ᠂ ᠰᠢᠪᠠᠭᠤᠲᠤ ᠠᠷᠠᠯ ᠳ᠋ᠤ᠌ ᠬᠡᠳᠦᠨᠲᠡ ᠣᠴᠢᠭᠰᠠᠨ ᠶᠤᠮ᠃ 
       ᠨᠠᠮ᠎ᠠ ᠶ᠋ᠢ ᠠᠩᠬ᠎ᠠ ᠰᠢᠪᠠᠭᠤᠲᠤ ᠠᠷᠠᠯ ᠳ᠋ᠤ᠌ ᠣᠴᠢᠬᠤ ᠳ᠋ᠤ᠌ ᠳᠥᠷᠪᠡᠳᠦᠭᠡᠷ ᠰᠠᠷ᠎ᠠ ᠶ᠋ᠢᠨ ᠡᠬᠢ ᠪᠠᠢᠭᠰᠠᠨ ᠪᠢᠯᠡ᠃ ᠬᠥᠬᠡᠨᠠᠭᠤᠷ ᠳᠠᠯᠠᠢ ᠲᠠᠩᠭᠢᠰ ᠮᠡᠲᠦ ᠨᠡᠯᠦᠢᠨ ᠴᠡᠩᠬᠡᠷᠯᠡᠵᠦ᠂ ᠬᠥᠪᠡᠭᠡ ᠬᠢᠵᠠᠭᠠᠷ ᠨᠢ ᠬᠥᠬᠡ ᠣᠭᠲᠠᠷᠭᠤᠢ ᠲᠠᠢ ᠵᠠᠯᠭᠠᠯᠳᠤᠨ ᠤᠨᠢᠶᠠᠷᠲᠤᠨ᠎ᠠ᠃ ᠪᠢᠳᠡᠨ ᠦ᠌ ᠣᠩᠭᠣᠴᠠ ᠰᠢᠪᠠᠭᠤᠲᠤ ᠠᠷᠠᠯ ᠳ᠋ᠤ᠌ ᠣᠢᠷᠠᠳᠬᠤ ᠲᠤᠲᠤᠮ ᠭᠠᠩᠭᠠᠷ— ᠬᠤᠩᠭᠠᠷ᠂ ᠭᠢᠳ— ᠭᠠᠳ ᠬᠢᠨ ᠣᠯᠠᠨ ᠰᠢᠪᠠᠭᠤ ᠱᠤᠤᠭᠢᠨ ᠱᠠᠭᠰᠢᠯᠳᠤᠬᠤ ᠰᠣᠨᠣᠰᠳᠠᠨ᠎ᠠ᠃ ᠡᠨᠡ ᠬᠦ᠌ ᠲᠦᠭ ᠲᠦᠮᠡᠨ ᠰᠢᠪᠠᠭᠤᠳ ᠤ᠋ᠨ ᠪᠦᠳᠦᠭᠦᠨ ᠨᠠᠷᠢᠨ ᠳᠠᠭᠤᠨ ᠤ᠋ ᠨᠠᠢᠷᠠᠯ ᠬᠥᠭᠵᠢᠮ ᠨᠢ ᠬᠥᠮᠦᠰ ᠲᠦ᠍ ᠠᠯᠤᠰ ᠤ᠋ᠨ ᠵᠣᠴᠢᠳ ᠢ᠋ ᠪᠠᠶᠠᠷᠯᠠᠨ ᠤᠭᠲᠤᠵᠤ ᠪᠠᠢᠭ᠎ᠠ ᠶᠤᠮ ᠰᠢᠭ᠋ ᠰᠠᠨᠠᠭᠳᠠᠭᠤᠯᠳᠠᠭ ᠶᠤᠮ᠃ 
       ᠭᠠᠳᠠᠭᠠᠳᠤ ᠳᠣᠲᠣᠭᠠᠳᠤ ᠳ᠋ᠤ᠌ ᠠᠯᠳᠠᠷᠰᠢᠵᠤ᠂ ᠬᠥᠮᠦᠰ ᠦ᠋ᠨ ᠬᠦᠰᠡᠯ ᠢ᠋ ᠲᠠᠲᠠᠭᠰᠠᠨ ᠡᠨᠡ ᠰᠢᠪᠠᠭᠤᠲᠤ ᠠᠷᠠᠯ ᠦᠨᠡᠬᠡᠷ ᠨᠡᠷ᠎ᠡ ᠨᠢᠳᠡᠷ ᠲᠡᠭᠡᠨ ᠲᠣᠬᠢᠷᠠᠭᠰᠠᠨ ᠶᠤᠮ ᠪᠠᠢᠨ᠎ᠠ᠃ ᠵᠦᠢᠯ ᠪᠦᠷᠢ ᠶ᠋ᠢᠨ ᠰᠢᠪᠠᠭᠤ ᠠᠭᠠᠷ ᠲᠤ᠌ ᠨᠢᠰᠦᠨ ᠨᠠᠷᠠ ᠶ᠋ᠢ ᠬᠠᠯᠬᠠᠯᠠᠨ᠂ ᠤᠰᠤᠨ ᠳ᠋ᠤ᠌ ᠱᠤᠩᠪᠠᠨ ᠨᠠᠭᠤᠷ ᠢ᠋ ᠪᠦᠷᠬᠦᠨ᠎ᠡ᠃ 
       ᠲᠣᠮᠣ᠂ ᠵᠢᠵᠢᠭ᠂ ᠰᠢᠷ᠎ᠠ᠂ ᠬᠠᠷ᠎ᠠ᠂ ᠠᠯᠠᠭ᠂ ᠡᠷᠢᠶᠡᠨ ᠶᠠᠩᠵᠤ ᠶᠠᠩᠵᠤ ᠶ᠋ᠢᠨ ᠰᠢᠪᠠᠭᠤ ᠵᠠᠷᠢᠮ ᠨᠢ ᠮᠣᠳᠣᠨ ᠤ᠋ ᠮᠥᠴᠢᠷ ᠳᠡᠭᠡᠷ᠎ᠡ ᠳᠣᠩᠭᠣᠳᠴᠤ᠂ ᠵᠠᠷᠢᠮ ᠨᠢ ᠨᠢᠰᠴᠦ᠂ ᠵᠠᠷᠢᠮ ᠨᠢ ᠪᠠᠭᠤᠵᠤ᠂ ᠵᠠᠷᠢᠮ ᠨᠢ ᠵᠢᠭᠦᠷ ᠢ᠋ᠶ᠋ᠡᠷ ᠰᠠᠪᠠᠴᠢᠵᠤ᠂ ᠵᠠᠷᠢᠮ ᠨᠢ ᠥᠳᠥ ᠰᠥᠳᠥ ᠪᠡᠨ ᠵᠠᠰᠠᠵᠤ᠂ ᠵᠠᠷᠢᠮ ᠨᠢ ᠲᠡᠭᠡᠵᠦ᠂ ᠵᠠᠷᠢᠮ ᠨᠢ ᠭᠦᠶᠦᠵᠦ ᠪᠠᠢᠨ᠎ᠠ᠃ ᠨᠢᠳᠦ ᠮᠢᠨᠢ ᠡᠷᠢᠶᠡᠯᠵᠢᠵᠦ ᠬᠠᠷᠠᠵᠤ ᠵᠠᠪᠳᠤᠬᠤ ᠪᠠᠨ ᠪᠣᠯᠢᠪᠠ᠃ ᠡᠭᠦᠨ ᠢ᠋ ᠨᠢ ᠠᠵᠢᠭᠯᠠᠲᠠᠯ᠎ᠠ ᠲᠡᠭᠦᠨ ᠢ᠋ ᠨᠢ ᠠᠯᠳᠠᠵᠤ ᠣᠷᠬᠢᠭᠠᠳ ᠂ ᠡᠨᠡ ᠨᠢᠭᠡ ᠵᠢ ᠨᠢ ᠰᠠᠢᠲᠤᠷ ᠬᠠᠷᠠᠵᠤ ᠠᠮᠵᠢᠯ ᠦᠭᠡᠢ ᠪᠡᠷ ᠪᠠᠰᠠ ᠨᠢᠭᠡ ᠨᠢᠰᠴᠦ ᠢᠷᠡᠭᠡᠳ ᠪᠠᠭᠤᠨ᠎ᠠ᠂ ᠶᠣᠰᠣᠲᠠᠢ ᠯᠠ ᠰᠢᠪᠠᠭᠤᠳ ᠤ᠋ᠨ ᠶᠢᠷᠲᠢᠨᠴᠦ ᠶᠦ᠍ᠮ! 
       ᠡᠳᠡᠭᠡᠷ ᠰᠢᠪᠠᠭᠤᠳ ᠭᠤᠷᠪᠠᠳᠤᠭᠠᠷ ᠰᠠᠷ᠎ᠠ ᠶ᠋ᠢᠨ ᠰᠡᠭᠦᠯᠴᠢ ᠳᠥᠷᠪᠡᠳᠦᠭᠡᠷ ᠰᠠᠷ᠎ᠠ ᠶ᠋ᠢᠨ ᠡᠬᠢ ᠪᠡᠷ ᠡᠮᠦᠨ᠎ᠡ ᠣᠷᠣᠨ ᠤ᠋ ᠳᠤᠯᠠᠭᠠᠨ ᠪᠦᠯᠢᠶᠡᠨ ᠡᠪᠦᠯᠵᠢᠶᠡᠨ ᠡᠴᠡ ᠪᠡᠨ ᠰᠠᠯᠵᠤ ᠡᠨᠳᠡ ᠴᠤᠭᠯᠠᠷᠠᠳᠠᠭ ᠭᠡᠨ᠎ᠡ᠃ ᠡᠨᠡ ᠦᠶ᠎ᠡ ᠶ᠋ᠢᠨ ᠰᠢᠪᠠᠭᠤᠲᠤ ᠠᠷᠠᠯ ᠨᠢ ᠬᠥᠭᠵᠢᠶᠡᠨ ᠨᠠᠷᠭᠢᠶᠠᠨ ᠢ᠋ᠶ᠋ᠠᠷ ᠪᠢᠯᠬᠠᠵᠤ ᠪᠠᠢᠯ᠎ᠠ᠃ ᠬᠠᠪᠤᠷᠵᠢᠶᠠᠨ ᠳ᠋ᠠᠭᠠᠨ  ᠰᠠᠶᠢᠬᠠᠨ ᠪᠠᠭᠤᠭᠰᠠᠨ ᠰᠢᠪᠠᠭᠤ ᠨᠤᠭᠤᠳ ᠡᠳᠦᠷᠵᠢᠨ ᠡᠪᠡᠰᠦᠨ ᠦ᠌ ᠦᠨᠳᠦᠰᠦ᠂ ᠥᠳᠥ ᠰᠥᠳᠥ ᠴᠤᠭᠯᠠᠭᠤᠯᠤᠨ ᠡᠭᠦᠷ ᠪᠠᠷᠢᠵᠤ ᠣᠷᠣᠨ ᠰᠠᠭᠤᠴᠠ ᠪᠠᠨ ᠳᠢᠭᠯᠡᠭᠦᠯᠦᠨ ᠶᠠᠭᠠᠷᠠᠨ᠎ᠠ᠃ ᠬᠡᠳᠦᠬᠡᠨ ᠡᠳᠦᠷ ᠦ᠋ᠨ ᠳᠣᠲᠣᠷ᠎ᠠ ᠭᠠᠵᠠᠷ ᠰᠠᠢ ᠦᠭᠡᠢ ᠰᠢᠨ᠎ᠡ ᠡᠭᠦᠷ ᠦ᠋ᠳ ᠢᠷᠠᠢᠵᠤ ᠴᠤ᠌ ᠰᠢᠨ᠎ᠡ《ᠰᠢᠪᠠᠭᠤᠨ ᠬᠣᠲᠠ》 ᠨᠤᠭᠤᠳ ᠠᠷᠠᠯ ᠢ᠋ ᠪᠦᠷᠬᠦᠪᠡ᠃ ᠬᠠᠮᠤᠭ ᠤ᠋ᠨ ᠢᠭᠴᠢ ᠲᠥᠪᠯᠡᠷᠡᠭᠰᠡᠨ ᠬᠡᠰᠡᠭ ᠲᠡᠭᠡᠨ ᠳᠥᠷᠪᠡᠯᠵᠢᠨ ᠮᠧᠲ᠋ᠷ ᠪᠦᠷᠢ ᠳ᠋ᠦ᠍ ᠳᠥᠷᠪᠡ ᠲᠠᠪᠤᠨ ᠡᠭᠦᠷ ᠪᠠᠷᠢᠭᠰᠠᠨ ᠪᠠᠢᠯ᠎ᠠ᠃ 
       ᠨᠢᠭᠡᠨ ᠡᠳᠦᠷ ᠪᠢ ᠨᠠᠭᠤᠷ ᠤ᠋ᠨ ᠬᠥᠪᠡᠭᠡᠨ ᠳᠡᠭᠡᠷ᠎ᠡ ᠬᠠᠷᠠᠵᠤ ᠵᠣᠭᠰᠣᠬᠤ ᠳ᠋ᠤ᠌ ᠮᠠᠬᠢᠷ ᠬᠣᠰᠢᠭᠤ ᠲᠠᠢ ᠨᠢᠭᠡᠨ ᠰᠢᠪᠠᠭᠤ ᠪᠦᠳᠦᠭᠦᠨ ᠵᠢᠭᠠᠰᠤ ᠪᠠᠷᠢᠴᠢᠬᠠᠭᠠᠳ ᠭᠠᠭᠴᠠᠭᠠᠷ ᠢ᠋ᠶ᠋ᠠᠨ ᠲᠡᠳᠡᠨ ᠶᠠᠳᠠᠵᠤ ᠪᠠᠢᠯ᠎ᠠ᠃ ᠡᠨᠡ ᠦᠶ᠎ᠡ ᠳ᠋ᠦ᠍ ᠪᠤᠰᠤᠳ ᠰᠢᠪᠠᠭᠤᠳ ᠬᠦᠷᠦᠯᠴᠡᠨ ᠣᠴᠢᠵᠤ ᠵᠠᠷᠢᠮ ᠨᠢ ᠵᠢᠭᠠᠰᠤᠨ ᠤ᠋ ᠲᠣᠯᠣᠭᠠᠢ ᠠ᠋ᠴᠠ ᠵᠠᠭᠤᠵᠤ᠂ ᠵᠠᠷᠢᠮ ᠨᠢ ᠰᠡᠭᠦᠯᠳᠡᠵᠦ᠂ ᠪᠦᠭᠦᠳᠡᠭᠡᠷ ᠬᠠᠮᠵᠢᠯᠴᠠᠨ ᠴᠢᠷᠮᠠᠢᠭᠰᠠᠭᠠᠷ ᠲᠡᠷᠡ ᠲᠣᠮᠣᠬᠠᠨ ᠵᠢᠭᠠᠰᠤ ᠶ᠋ᠢ ᠲᠠᠲᠠᠵᠤ ᠭᠠᠷᠭᠠᠪᠠ᠃ ᠡᠨᠡ ᠰᠢᠪᠠᠭᠤ ᠶ᠋ᠢ ᠬᠠᠷ᠎ᠠ ᠭᠠᠯᠠᠭᠤ ᠭᠡᠳᠡᠭ ᠶᠦ᠍ᠮ ᠭᠡᠵᠦ ᠠᠪᠤ ᠨᠠᠳᠠ ᠳ᠋ᠤ᠌ ᠬᠡᠯᠡᠵᠦ ᠥᠭᠪᠡ᠃ ᠡᠨᠡ ᠲᠥᠷᠥᠯ ᠦ᠋ᠨ ᠰᠢᠪᠠᠭᠤᠳ ᠪᠦᠯᠬᠦᠮᠳᠡᠯ ᠲᠡᠢ ᠪᠥᠭᠡᠳ ᠠᠵᠢᠯ ᠬᠥᠳᠡᠯᠮᠦᠷᠢ ᠳ᠋ᠦ᠍ ᠬᠠᠮᠵᠢᠯᠴᠠᠳᠠᠭ ᠵᠠᠩᠰᠢᠯ ᠲᠠᠢ ᠭᠡᠨ᠎ᠡ᠃ 
       ᠵᠢᠷᠭᠤᠳᠤᠭᠠᠷ ᠰᠠᠷ᠎ᠠ ᠶ᠋ᠢᠨ ᠦᠶ᠎ᠡ ᠪᠡᠷ ᠰᠢᠪᠠᠭᠤᠲᠤ ᠠᠷᠠᠯ ᠳ᠋ᠤ᠌ ᠣᠴᠢᠪᠠᠯ ᠠᠷᠠᠯ ᠳᠦᠭᠦᠷᠡᠩ ᠴᠠᠭᠠᠨ᠂ ᠴᠠᠢᠪᠤᠷ᠂ ᠴᠡᠩᠬᠡᠷ᠂ ᠶᠠᠭᠠᠨ᠂ ᠲᠣᠮᠣ ᠵᠢᠵᠢᠭ ᠥᠨᠳᠡᠭᠡ ᠨᠦ᠍ᠭᠦᠳ ᠥᠩᠭᠡ ᠢᠯᠭᠠᠷᠠᠨ ᠬᠠᠷᠠᠭᠳᠠᠨ᠎ᠠ᠃ 
       ᠵᠢᠭᠠᠰᠤᠴᠢ ᠴᠠᠬᠤᠯᠠᠢ ᠡᠷᠳᠡᠮ ᠴᠢᠳᠠᠯ ᠢ᠋ᠶ᠋ᠠᠨ ᠭᠠᠢᠬᠠᠭᠤᠯᠵᠤ ᠪᠠᠢᠭ᠎ᠠ ᠶᠤᠮ ᠰᠢᠭ᠋᠂ ᠦᠶ᠎ᠡ ᠦᠶ᠎ᠡ ᠵᠢᠭᠦᠷ ᠢ᠋ᠶ᠋ᠡᠷ ᠳᠡᠯᠭᠡᠨ ᠠᠭᠠᠷ ᠲᠤ᠌ ᠬᠠᠯᠢᠨ ᠳᠡᠭᠦᠯᠢᠵᠦ᠂ ᠵᠢᠭᠠᠰᠤ ᠰᠢᠭᠦᠷᠡᠬᠦᠯᠡᠷ  ᠢᠶᠡᠨ ᠬᠠᠷᠪᠤᠭᠰᠠᠨ ᠰᠤᠮᠤ ᠮᠡᠲᠦ ᠬᠤᠷᠳᠤᠨ ᠪᠠᠭᠤᠵᠤ ᠢᠷᠡᠨ᠎ᠡ᠃ ᠴᠠᠬᠤᠯᠠᠢ ᠰᠢᠪᠠᠭᠤᠨ ᠤ᠋ ᠡᠭᠦᠷ ᠲᠦ᠍ ᠣᠴᠢᠵᠤ ᠦᠵᠡᠪᠡᠯ ᠨᠡᠩ ᠴᠦ᠍ ᠰᠣᠨᠢᠷᠬᠠᠯᠲᠠᠢ ᠰᠢᠦ᠃ ᠲᠡᠳᠡ ᠥᠨᠳᠡᠭᠡ ᠵᠤᠯᠵᠠᠭ᠎ᠠ ᠪᠠᠨ ᠨᠡᠢᠲᠡ ᠶ᠋ᠢᠨ ᠬᠦᠴᠦᠨ ᠢ᠋ᠶ᠋ᠡᠷ ᠬᠠᠮᠠᠭᠠᠯᠠᠳᠠᠭ ᠵᠠᠩᠰᠢᠯ ᠲᠠᠢ ᠶᠤᠮ᠃ ᠬᠥᠮᠦᠨ ᠡᠭᠦᠷ ᠲᠦ᠋ᠨᠢ ᠣᠢᠷᠠᠳᠪᠠᠯ ᠨᠢᠭᠡ ᠪᠦᠯᠦᠭ ᠲᠣᠮᠣ ᠴᠠᠬᠤᠯᠠᠢ ᠪᠡᠶ᠎ᠡ ᠪᠡᠶᠡᠰ  ᠢᠶᠡᠨ ᠢᠪᠡᠯᠴᠡᠨ ᠳᠠᠪᠬᠤᠷ ᠳᠠᠪᠬᠤᠷ《ᠬᠡᠷᠡᠮ 》ᠪᠣᠯᠵᠤ《ᠬᠡᠦᠬᠡᠳ》 ᠦ᠋ᠳ  ᠢᠶᠡᠨ ᠳᠤᠮᠳᠠ ᠪᠠᠨ ᠬᠤᠮᠢᠵᠤ ᠬᠠᠮᠠᠭᠠᠯᠠᠨ᠎ᠠ᠃ ᠨᠥᠭᠥᠭᠡ ᠨᠢᠭᠡ ᠪᠦᠯᠦᠭ ᠨᠢ ᠳᠡᠭᠡᠭᠦᠷ ᠴᠢᠨᠢ ᠡᠯᠢᠨ ᠬᠠᠯᠢᠵᠤ ᠥᠨᠳᠥᠷ ᠳᠠᠭᠤᠨ ᠢ᠋ᠶ᠋ᠠᠷ ᠴᠠᠷᠬᠢᠷᠠᠨ ᠴᠢᠷᠠᠯᠠᠨ ᠬᠠᠷᠢᠶᠠᠬᠤ ᠪᠠ ᠪᠠᠢᠨ ᠳᠠᠬᠢᠨ ᠱᠤᠩᠭᠤᠨ ᠢᠷᠡᠵᠦ ᠰᠢᠭᠠᠬᠤ ᠪᠤᠶᠤ ᠲᠣᠯᠣᠭᠠᠢ ᠳᠡᠭᠡᠷ᠎ᠡ ᠴᠢᠨᠢ ᠪᠠᠭᠠᠨ᠎ᠠ᠃ ᠡᠨᠡ ᠮᠡᠲᠦ ᠪᠡᠷ ᠲᠡᠮᠡᠴᠡᠵᠦ᠂ ᠬᠡᠵᠢᠶ᠎ᠡ《ᠳᠠᠢᠰᠤᠨ 》 ᠢ᠋ᠶ᠋ᠠᠨ ᠢᠯᠠᠵᠤ ᠬᠥᠭᠡᠭᠡᠵᠦ ᠶᠠᠪᠤᠭᠤᠯᠪᠠᠯ ᠰᠠᠨᠠᠭ᠎ᠠ ᠠᠮᠠᠷᠠᠳᠠᠭ ᠪᠠᠢᠨ᠎ᠠ᠃ 
       ᠪᠢ ᠰᠢᠪᠠᠭᠤᠲᠤ ᠠᠷᠠᠯ ᠳ᠋ᠤ᠌ ᠣᠴᠢᠬᠤ ᠪᠦᠷᠢ ᠰᠢᠪᠠᠭᠤ ᠨᠤᠭᠤᠳ ᠤ᠋ᠨ ᠣᠯᠠᠨ ᠰᠣᠨᠢᠨ ᠭᠠᠢᠬᠠᠮᠰᠢᠭᠲᠤ ᠪᠠᠢᠳᠠᠯ ᠢ᠋ ᠪᠠᠬᠠᠷᠬᠠᠭᠠᠳ ᠰᠠᠯᠬᠤ ᠳᠤᠷ᠎ᠠ ᠦᠭᠡᠢ ᠪᠣᠯᠳᠠᠭ ᠶᠤᠮ᠃ ᠡᠨᠡ ᠵᠢᠭᠠᠬᠠᠨ ᠠᠷᠠᠯ ᠳᠡᠭᠡᠷ᠎ᠡ ᠶᠠᠭᠠᠬᠢᠭᠠᠳ ᠡᠢᠮᠦ ᠣᠯᠠᠨ ᠰᠢᠪᠠᠭᠤ ᠴᠤᠭᠯᠠᠷᠠᠳᠠᠭ ᠢ᠋ ᠪᠢ ᠶᠡᠬᠡ ᠭᠠᠢᠬᠠᠳᠠᠭ ᠪᠢᠯᠡ᠃ ᠡᠭᠦᠨ ᠦ᠌ ᠲᠤᠬᠠᠢ ᠵᠢᠭᠠᠰᠤᠴᠢᠨ ᠡᠪᠦᠭᠡ ᠨᠠᠳᠠ ᠳ᠋ᠤ᠌ ᠲᠣᠳᠣᠷᠬᠠᠢ ᠰᠠᠢᠬᠠᠨ ᠶᠠᠷᠢᠵᠤ ᠥᠭᠴᠡᠢ᠄  
      《 ᠬᠥᠬᠡᠨᠠᠭᠤᠷ ᠪᠣᠯ ᠳᠠᠯᠠᠢ ᠶ᠋ᠢᠨ ᠲᠦᠪᠰᠢᠨ ᠡᠴᠡ ᠳᠡᠭᠡᠭᠰᠢ ᠭᠤᠷᠪᠠᠨ ᠮᠢᠩᠭ᠎ᠠ ᠬᠣᠶᠠᠷ ᠵᠠᠭᠤᠨ ᠮᠧᠲ᠋ᠷ ᠥᠨᠳᠥᠷ ᠲᠦ᠍ ᠪᠣᠢ᠂ ᠲᠠᠯᠠᠪᠠᠢ ᠨᠢ ᠳᠥᠷᠪᠡᠨ ᠮᠢᠩᠭ᠎ᠠ ᠳᠥᠷᠪᠡᠨ ᠵᠠᠭᠤᠨ ᠬᠣᠷᠢᠨ ᠳᠣᠯᠣᠭᠠᠨ ᠳᠥᠷᠪᠡᠯᠵᠢᠨ ᠺᠢᠯᠣᠮᠧᠲ᠋ᠷ ᠠᠭᠤᠳᠠᠮ ᠪᠠᠢᠳᠠᠭ᠃ ᠡᠨᠳᠡ ᠠᠭᠤᠷ ᠠᠮᠢᠰᠬᠤᠯ ᠰᠡᠷᠢᠭᠦᠨ᠂ ᠨᠠᠮ ᠰᠡᠯᠡᠭᠦᠨ᠂ ᠠᠭᠤᠳᠠᠮ ᠰᠠᠷᠠᠭᠤᠯ᠂ ᠵᠢᠭᠠᠰᠤ ᠵᠢᠷᠠᠭᠠᠬᠠᠢ ᠡᠯᠪᠡᠭ ᠳᠡᠯᠪᠡᠭ᠂ ᠨᠠᠭᠤᠷ ᠤ᠋ᠨ ᠣᠷᠴᠢᠨ ᠳ᠋ᠤ᠌ ᠡᠪᠡᠰᠦ ᠤᠷᠭᠤᠮᠠᠯ ᠢᠭᠴᠢ ᠰᠠᠬᠤᠯᠠᠭ᠂ ᠳᠡᠭᠳᠡᠭᠡᠬᠡᠢ ᠶ᠋ᠢᠨ ᠦᠰᠦᠨ ᠪᠣᠢᠵᠢᠬᠤ ᠳ᠋ᠤ᠌ ᠮᠠᠰᠢ ᠲᠣᠬᠢᠷᠠᠮᠵᠢᠲᠠᠢ ᠪᠠᠢᠳᠠᠭ ᠶᠤᠮ᠃ ᠡᠢᠮᠦ ᠡᠴᠡ ᠰᠢᠪᠠᠭᠤᠳ ᠦᠶ᠎ᠡ ᠶ᠋ᠢᠨ ᠦᠶ᠎ᠡ ᠳ᠋ᠡᠭᠡᠨ ᠡᠨᠳᠡ ᠵᠤᠰᠠᠵᠤ ᠦᠷ᠎ᠡ ᠵᠤᠯᠵᠠᠭ᠎ᠠ ᠪᠠᠨ ᠪᠣᠢᠵᠢᠭᠤᠯᠳᠠᠭ ᠶᠤᠮ 》ᠭᠡᠯ᠎ᠡ᠃       ᠡᠳᠡᠭᠡᠷ ᠰᠢᠪᠠᠭᠤᠳ ᠬᠥᠬᠡᠨᠠᠭᠤᠷ ᠲᠤ᠌ ᠦᠶ᠎ᠡ ᠶ᠋ᠢᠨ ᠦᠶ᠎ᠡ ᠮᠢᠩᠭ᠎ᠠ ᠲᠦᠮᠡᠨ ᠵᠢᠯ ᠨᠡᠭᠦᠳᠡᠯᠯᠡᠨ ᠠᠮᠢᠳᠤᠷᠠᠭᠰᠠᠭᠠᠷ ᠪᠠᠢᠭ᠎ᠠ ᠶᠤᠮ ᠭᠡᠨ᠎ᠡ᠃ 
       ᠪᠢ ᠰᠢᠪᠠᠭᠤᠲᠤ ᠠᠷᠠᠯ ᠠ᠋ᠴᠠ ᠪᠤᠴᠠᠬᠤ ᠪᠦᠷᠢ ᠡᠨᠳᠡ ᠡᠴᠡ ᠰᠠᠯᠵᠤ ᠶᠠᠳᠠᠨ ᠠᠷᠠᠯ ᠤ᠋ᠨ ᠪᠠᠷ᠎ᠠ ᠶ᠋ᠢ ᠲᠠᠰᠤᠷᠠᠲᠠᠯ᠎ᠠ ᠡᠷᠭᠢᠨ ᠡᠷᠭᠢᠨ ᠬᠠᠷᠠᠵᠤ᠂ ᠳᠠᠬᠢᠭᠠᠳ ᠬᠡᠵᠢᠶ᠎ᠡ ᠨᠢᠭᠡ ᠢᠷᠡᠬᠦ ᠪᠢᠯᠡ ᠭᠡᠵᠦ ᠪᠣᠳᠣᠭᠠᠳ ᠪᠠᠢᠳᠠᠭ ᠪᠢᠯᠡ᠃  


  ※ᠢᠷᠡᠯᠲᠡ ᠄   
         ᠠᠯᠪᠠᠨ ᠵᠢᠷᠤᠮ ᠤ᠋ᠨ ᠲᠠᠪᠤᠨ ᠵᠢᠯ ᠦ᠋ᠨ ᠳᠦᠷᠢᠮᠲᠦ ᠪᠠᠭ᠎ᠠ ᠰᠤᠷᠭᠠᠭᠤᠯᠢ ᠳ᠋ᠤ᠌ ᠦᠵᠡᠬᠦ  
                       ᠬᠡᠯᠡ ᠪᠢᠴᠢᠭ     ᠳᠣᠯᠣᠳᠤᠭᠠᠷ ᠳᠡᠪᠲᠡᠷ  
              ᠥᠪᠥᠷ ᠮᠣᠩᠭᠣᠯ ᠤ᠋ᠨ ᠰᠤᠷᠭᠠᠨ ᠬᠥᠮᠦᠵᠢᠯ ᠦ᠋ᠨ ᠬᠡᠪᠯᠡᠯ ᠦ᠋ᠨ ᠬᠣᠷᠢᠶ᠎ᠠ ᠨᠠᠢᠷᠠᠭᠤᠯᠤᠨ ᠬᠡᠪᠯᠡᠭᠦᠯᠪᠡ
              ᠥᠪᠥᠷ ᠮᠣᠩᠭᠣᠯ ᠤ᠋ᠨ ᠰᠢᠨᠬᠤᠸᠠ ᠨᠣᠮ ᠤ᠋ᠨ ᠳᠡᠯᠭᠡᠭᠦᠷ ᠲᠠᠷᠬᠠᠭᠠᠪᠠ 
              ᠥᠪᠥᠷ ᠮᠣᠩᠭᠣᠯ ᠤ᠋ᠨ  ᠰᠤᠷᠭᠠᠨ ᠬᠥᠮᠦᠵᠢᠯ ᠦ᠋ᠨ ᠬᠡᠪᠯᠡᠬᠦ ᠦᠢᠯᠡᠳᠪᠦᠷᠢ ᠬᠡᠪᠯᠡᠪᠡ  
               1991 ᠣᠨ ᠤ᠋ 3 ᠰᠠᠷ᠎ᠠ ᠳ᠋ᠤ᠌  ᠠᠩᠬᠠᠳᠤᠭᠠᠷ ᠬᠡᠪ ᠢ᠋ ᠬᠢᠪᠡ  
               1993 ᠣᠨ ᠤ᠋ 4 ᠰᠠᠷ᠎ᠠ ᠳ᠋ᠤ᠌  ᠭᠤᠷᠪᠠᠳᠤᠭᠠᠷ ᠤᠳᠠᠭ᠎ᠠ  ᠬᠡᠪᠯᠡᠪᠡ᠃ 

     ᠦᠰᠦᠭ ᠠᠮᠢᠯᠠᠭᠤᠯᠤᠭᠴᠢ᠄   ᠨᠠᠷᠠᠨᠰᠤᠶᠤᠯ   
           ᠬᠢᠨᠠᠭᠴᠢ᠄ ᠣᠳᠣᠨᠬᠤᠸᠠᠷ         
                                 2023.7.13