ᠪᠢᠴᠢᠬᠠᠨ 《ᠠᠵᠢᠯᠴᠢᠳ》( ᠬᠡᠯᠡ ᠪᠢᠴᠢᠭ – ᠳᠣᠯᠣᠳᠤᠭᠠᠷ ᠳᠡᠪᠲᠡᠷ)Бяцхан ажилчид ( Хэл бичиг – Долдугар дэвтэр)
ᠪᠢᠴᠢᠬᠠᠨ 《 ᠠᠵᠢᠯᠴᠢᠳ 》
ᠠᠮᠠᠷᠠᠯᠲᠠ ᠶ᠋ᠢᠨ ᠡᠳᠦᠷ ᠪᠠᠢᠯ᠎ᠠ᠃ ᠪᠢ ᠡᠷᠡᠭᠦᠯ ᠠᠭᠠᠷ ᠲᠤ᠌ ᠵᠤᠭᠠᠯᠠᠬᠤ ᠪᠠᠷ ᠣᠢ ᠶ᠋ᠢᠨ ᠵᠥᠷᠢᠭ ᠢ᠋ ᠳᠠᠭᠠᠨ ᠠᠯᠬᠤᠵᠤ ᠶᠠᠪᠤᠪᠠ᠃ ᠮᠠᠨ ᠤ᠋ ᠵᠤᠰᠠᠯᠠᠩ ᠤ᠋ᠨ ᠬᠠᠮᠤᠭ ᠤ᠋ᠨ ᠵᠠᠬ᠎ᠠ ᠶ᠋ᠢᠨ ᠪᠠᠢᠰᠢᠩ ᠤ᠋ᠨ ᠬᠠᠶᠠᠭᠠᠨ ᠠ᠋ᠴᠠ ᠵᠠᠯᠭᠠᠭᠠᠳ ᠯᠠ ᠪᠦᠷ ᠣᠢ᠃ ᠡᠨᠳᠡ ᠵᠢᠮᠢᠰ ᠰᠠᠮᠤᠷ ᠬᠡᠵᠢᠶᠡᠨᠡᠢ ᠡᠯᠪᠡᠭ ᠤᠷᠭᠤᠳᠠᠭ ᠭᠠᠵᠠᠷ ᠯᠠ ᠳᠠ᠃ ᠡᠨᠡ ᠵᠢᠯ ᠴᠦ᠍ ᠭᠡᠰᠡᠨ ᠪᠠᠢᠭᠠᠯᠢ ᠡᠬᠡ ᠬᠡᠰᠢᠭ ᠢ᠋ᠶ᠋ᠡᠨ ᠬᠠᠷᠠᠮ ᠦᠭᠡᠢ ᠥᠭᠭᠦᠭᠡᠵᠢ ᠳᠡᠯᠭᠡᠵᠡᠢ᠃ ᠥᠨᠳᠥᠷ ᠭᠣᠭᠣᠯᠢᠭ᠋ ᠬᠣᠱ᠌ᠢ ᠨᠤᠭᠤᠳ ᠤ᠋ᠨ ᠰᠠᠯᠠᠭ᠎ᠠ ᠮᠥᠴᠢᠷ ᠪᠦᠬᠦᠨ ᠳ᠋ᠦ᠍ ᠪᠣᠯᠴᠠ ᠨᠢ ᠭᠦᠢᠴᠡᠭᠰᠡᠨ ᠪᠣᠷᠭᠣᠴᠠᠢ ᠨᠤᠭᠤᠳ ᠪᠠᠭᠰᠠᠢᠨ ᠪᠥᠩᠵᠢᠭᠢᠨᠡᠨᠡ᠃ ᠭᠡᠪᠡᠴᠦ ᠪᠢ ᠲᠦᠩᠰᠢᠭᠦᠷ ᠮᠣᠳᠣ ᠠᠪᠴᠤ ᠭᠠᠷᠤᠭ᠎ᠠ ᠦᠭᠡᠢ ᠳ᠋ᠡᠭᠡᠨ ᠬᠠᠷᠠᠮᠰᠠᠨ ᠳᠡᠮᠡᠢ ᠯᠡ ᠬᠣᠷᠣᠬᠠᠢᠰᠠᠨ ᠶᠠᠪᠤᠯ᠎ᠠ᠃ ᠭᠡᠨᠡᠳᠲᠡ ᠬᠠᠵᠠᠭᠤᠬᠠᠨ ᠳ᠋ᠤ᠌ ᠨᠢᠭᠡ ᠬᠡᠦᠬᠡᠳ᠄
《 ᠪᠦᠯᠲᠡᠭᠡᠢ᠂ ᠪᠦᠯᠲᠡᠭᠡᠢ᠂ ᠮᠠᠢ ᠦᠵᠦᠮ》 ᠭᠡᠬᠦ ᠨᠢ ᠳᠤᠭᠤᠯᠳᠠᠪᠠ᠃ ᠰᠠᠮᠤᠷ ᠲᠡᠭᠦᠵᠦ ᠶᠠᠪᠤᠭ᠎ᠠ ᠬᠡᠦᠬᠡᠳ ᠪᠠᠢᠬᠤ ᠨᠢ ᠠ᠋᠂ ᠮᠣᠳᠣᠨ ᠤ᠋ ᠮᠥᠴᠢᠷ ᠬᠤᠭᠤᠯᠵᠤ ᠭᠡᠮᠲᠦᠭᠡᠵᠦ ᠪᠠᠢᠬᠤ ᠪᠣᠢ᠃ ᠦᠭᠡᠢ ᠳ᠋ᠡᠭᠡᠨ ᠯᠡ ᠥᠪᠡᠷ ᠢ᠋ᠶ᠋ᠡᠨ ᠤᠨᠠᠵᠤ ᠪᠠᠷᠳᠠᠪᠠᠯ ᠶᠠᠭᠠᠬᠢᠨ᠎ᠠ᠃ ᠶᠠᠭᠤ ᠴᠤ᠌ ᠭᠡᠰᠡᠨ ᠰᠢᠯᠭᠠᠵᠤ ᠦᠵᠡᠶ᠎ᠡ ᠭᠡᠵᠦ ᠪᠣᠳᠣᠭᠠᠳ ᠰᠡᠮᠬᠡᠨ ᠭᠡᠲᠡᠭᠰᠡᠭᠡᠷ ᠳᠥᠭᠥᠵᠦ ᠣᠴᠢᠪᠠ᠃
ᠠᠷᠪᠠ ᠣᠷᠴᠢᠮ ᠨᠠᠰᠤᠨ ᠤ᠋ ᠬᠥᠭᠡᠷᠦᠬᠦᠨ ᠪᠣᠷᠣ ᠬᠦᠦ᠂ ᠲᠣᠮᠣ ᠬᠣᠱ᠌ᠢ ᠶ᠋ᠢᠨ ᠰᠡᠭᠦᠳᠡᠷ ᠲᠦ᠍ ᠨᠤᠮᠤ ᠰᠤᠮᠤ ᠤᠷᠠᠯᠠᠵᠤ ᠪᠠᠢᠭ᠎ᠠ ᠪᠣᠯᠤᠯᠲᠠᠢ ᠪᠤᠷᠭᠠᠰᠤ ᠵᠣᠷᠭᠣᠨ ᠬᠡᠪᠯᠡᠭᠦᠬᠡᠨ ᠨᠢ ᠠᠷᠭ᠎ᠠ ᠦᠭᠡᠢ ᠰᠠᠭᠤᠵᠤ ᠪᠠᠢᠪᠠ᠃ ᠨᠣᠭᠣᠭᠠᠨ ᠮᠣᠳᠣᠨ ᠤ᠋ ᠮᠥᠴᠢᠷ ᠬᠠᠢᠷ᠎ᠠ ᠭᠠᠮ ᠦᠭᠡᠢ ᠬᠤᠭᠤᠯᠵᠤ ᠰᠦᠢᠳᠬᠡᠳᠡᠭ ᠬᠡᠦᠬᠡᠳ ᠡᠨᠡ ᠶᠠᠭᠠᠬᠢᠪᠠᠴᠤ ᠪᠢᠰᠢ ᠠ᠋᠃ ᠪᠤᠷᠤᠭᠤ ᠬᠡᠷᠡᠭ ᠬᠢᠭᠰᠡᠨ ᠬᠡᠦᠬᠡᠳ ᠬᠠᠷᠠᠭᠤᠳᠠ ᠯᠠ ᠠᠨᠳᠠᠰᠢ ᠦᠭᠡᠢ ᠪᠠᠢᠳᠠᠭ᠃ ᠳᠡᠷᠭᠡᠳᠡ ᠪᠡᠨ ᠬᠤᠪᠢᠩ ᠳᠦᠭᠦᠷᠡᠩ ᠴᠥᠮᠥᠭᠰᠡᠨ ᠰᠠᠮᠤᠷ ᠲᠠᠯᠪᠢᠵᠠᠢ᠃ ᠭᠠᠭᠴᠠ ᠶ᠋ᠢᠨ ᠲᠡᠳᠦᠢ ᠶᠠᠰᠤ ᠪᠢᠲᠡᠭᠡᠢ ᠬᠡᠯᠡ᠂ ᠦᠵᠡᠶ᠎ᠡ ᠭᠡᠬᠦ ᠳ᠋ᠦ᠍ ᠬᠠᠯᠢᠰᠤ ᠴᠤ᠌ ᠦᠭᠡᠢ ᠪᠣᠯᠲᠠᠯ᠎ᠠ ᠮᠥᠯᠴᠢᠢᠲᠡᠯᠡ ᠴᠡᠪᠡᠷᠯᠡᠭᠰᠡᠨ ᠴᠡᠪᠡᠷ ᠴᠠᠭᠠᠨ ᠰᠠᠮᠤᠷ ᠢ᠋ ᠬᠠᠷᠠᠭᠠᠳ ᠬᠣᠷᠣᠬᠠᠢ ᠬᠦᠷᠦᠮᠡᠷ᠃
《 ᠫᠥᠬᠥ᠂ ᠶᠠᠭᠠᠬᠢᠵᠤ ᠡᠢᠮᠦ ᠶᠡᠬᠡ ᠰᠠᠮᠤᠷ ᠴᠥᠮᠥᠭᠡ ᠪᠣᠢ?》 ᠭᠡᠵᠦ ᠪᠢ ᠭᠠᠢᠬᠠᠭᠰᠠᠨ ᠢ᠋ᠶ᠋ᠠᠨ ᠨᠢᠭᠤᠯ ᠦᠭᠡᠢ ᠠᠰᠠᠭᠤᠵᠤ ᠣᠷᠬᠢᠪᠠ᠃ ᠬᠦᠦ ᠨᠠᠳᠠ ᠤᠷᠤᠭᠤ ᠬᠠᠷᠠᠨ ᠢᠨᠢᠶᠡᠮᠰᠦᠭᠯᠡᠵᠦ ᠨᠢᠭᠡ ᠶᠠᠭᠤᠮ᠎ᠠ ᠬᠡᠯᠡᠬᠦ ᠶ᠋ᠢᠨ ᠵᠠᠭᠤᠷ᠎ᠠ ᠭᠡᠨᠡᠳᠲᠡ ᠮᠢᠨᠦ ᠳᠤᠬᠤᠨ ᠳᠡᠭᠡᠷ᠎ᠡ ᠵᠠᠩᠭᠢᠳᠤᠭᠰᠠᠨ ᠨᠢᠳᠤᠷᠭ᠎ᠠ ᠶ᠋ᠢᠨ ᠴᠢᠨᠡᠭᠡ ᠲᠣᠮᠣ ᠪᠣᠷᠭᠣᠴᠠᠢ ᠳᠡᠰ ᠬᠢᠲᠡᠯ᠎ᠡ ᠤᠨᠠᠬᠤ ᠨᠢ ᠲᠡᠷᠡ᠃ ᠡᠪᠡᠳᠦᠭᠰᠡᠨ ᠭᠡᠵᠦ ᠵᠢᠭᠲᠡᠢᠬᠡᠨ᠃ ᠠ ᠮᠣᠳᠣᠨ ᠳᠡᠭᠡᠷ᠎ᠡ ᠪᠠᠰᠠ ᠨᠢᠭᠡ ᠨᠢ ᠠᠪᠠᠷᠢᠵᠤ ᠭᠠᠷᠴᠢᠬᠠᠭᠠᠳ ᠨᠠᠮ᠎ᠠ ᠶ᠋ᠢ ᠪᠣᠷᠭᠣᠴᠠᠢ ᠪᠠᠷ ᠵᠣᠷᠢᠭᠤᠳᠠ ᠰᠢᠳᠡᠭᠰᠡᠨ ᠪᠠᠢᠬᠤ ᠨᠢ᠃ ᠠᠬᠠᠮᠠᠳ ᠬᠥᠮᠦᠨ ᠢ᠋ ᠳᠠᠭᠠᠵᠢᠩᠨᠠᠭᠰᠠᠨ ᠴᠢᠮ᠎ᠠ ᠶ᠋ᠢ ᠳ᠋ᠠ ᠭᠡᠵᠦ ᠪᠣᠳᠣᠨ ᠳᠡᠭᠡᠭᠰᠢ ᠪᠡᠨ ᠬᠠᠷᠠᠪᠠᠯ ᠶᠠᠭᠤ ᠴᠤ᠌ ᠬᠠᠷᠠᠭᠳᠠᠭᠰᠠᠨ ᠦᠭᠡᠢ᠃ ᠠᠭᠤᠷ ᠴᠤ᠌ ᠬᠦᠷᠬᠦ ᠰᠢᠭ᠃ ᠭᠡᠨᠡᠳᠲᠡ ᠨᠢᠳᠦᠨ ᠪᠤᠯᠤᠩ ᠳ᠋ᠤ᠌ ᠨᠢᠭᠡ ᠶᠠᠭᠤᠮ᠎ᠠ ᠵᠢᠷᠪᠢᠰᠬᠢᠨ ᠥᠷᠲᠥᠭᠡᠳ ᠣᠷᠬᠢᠯ᠎ᠠ᠃ ᠬᠠᠷᠠᠪᠠᠯ ᠨᠢᠭᠡ ᠬᠡᠷᠡᠮᠦ ᠳᠡᠭᠦᠯᠢᠵᠦ ᠪᠠᠢᠬᠤ ᠠᠵᠢ᠃ ᠪᠢ ᠨᠠᠷᠠᠨ ᠰᠥᠭᠡᠷᠭᠦ ᠰᠠᠷᠠᠪᠴᠢᠯᠠᠨ ᠪᠠᠢᠵᠤ ᠪᠦᠷ ᠰᠠᠢᠨ ᠯᠠᠪᠯᠠᠨ ᠠᠵᠢᠭᠯᠠᠪᠠ ᠁ ᠪᠠᠢᠵᠠ ᠭᠦ᠋! ᠨᠢᠳᠦᠨ ᠳ᠋ᠡᠭᠡᠨ ᠴᠦ᠍ ᠪᠠᠷᠤᠭ ᠢᠲᠡᠭᠡᠮᠡᠷ ᠦᠭᠡᠢ ᠶᠠᠭᠤᠮ᠎ᠠ ᠣᠯᠵᠤ ᠬᠠᠷᠠᠯ᠎ᠠ᠃ ᠡᠨᠡ ᠴᠢᠨᠢ ᠶᠠᠭᠤ ᠪᠣᠢ ᠲᠠ ᠮᠢᠨᠢ᠂ ᠶᠠᠮᠠᠷ ᠣᠯᠠᠨ ᠬᠡᠷᠡᠮᠦ ᠪᠣᠢ? ᠠᠷᠪᠠ᠂ ᠬᠣᠷᠢ᠂ ᠪᠠᠷᠤᠭ ᠭᠤᠴᠢ ᠴᠤ᠌ ᠬᠦᠷᠬᠦ ᠪᠠᠢᠬᠤ ᠠ᠋᠃ ᠲᠡᠢᠮᠦ ᠣᠯᠠᠨ ᠬᠡᠷᠡᠮᠦ ᠮᠥᠴᠢᠷ ᠳᠠᠮᠵᠢᠨ ᠳᠡᠭᠦᠯᠢᠵᠦ ᠪᠠᠢᠭ᠎ᠠ ᠬᠠᠷᠠᠭᠳᠠᠨ᠎ᠠ᠃ ᠬᠡᠷᠡᠮᠦ ᠬᠠᠷᠠᠭᠰᠠᠨ ᠬᠡᠦᠬᠡᠳ ᠬᠡᠵᠢᠶ᠎ᠡ ᠯᠡ ᠵᠦᠭᠡᠷ ᠲᠣᠮᠣᠭᠠᠲᠠᠢ ᠰᠠᠭᠤᠵᠤ ᠪᠠᠢᠯ᠎ᠠ ᠳᠠ᠃ ᠡᠨᠡ ᠬᠥᠮᠦᠨ ᠲᠡᠷᠡ ᠰᠣᠨᠢᠨ ᠦᠵᠡᠪᠦᠷᠢ ᠶ᠋ᠢ ᠯᠠᠪ ᠬᠠᠷᠠᠭᠠᠳᠤᠢ ᠪᠣᠯᠵᠤ ᠲᠠᠭᠠᠷᠠᠪᠠ ᠠ ᠳᠠ ᠭᠡᠵᠦ ᠪᠣᠳᠣᠨ᠄
《 ᠲᠡᠷᠡ ᠬᠠᠷᠠᠭᠠᠴᠢ! ᠲᠣᠯᠣᠭᠠᠢ ᠳᠡᠭᠡᠷ᠎ᠡ ᠴᠢᠨᠢ᠁》 ᠭᠡᠵᠦ ᠳᠡᠭᠡᠭᠰᠢ ᠪᠡᠨ ᠵᠢᠭᠠᠪᠠᠯ ᠬᠦᠦ ᠣᠭᠲᠣ ᠲᠣᠭᠣᠭᠰᠠᠨ ᠶᠠᠩᠵᠤ ᠦᠭᠡᠢ ᠨᠢᠳᠦ ᠪᠡᠨ ᠣᠨᠢᠢᠯᠭᠠᠨ ᠲᠡᠷᠡ ᠵᠦᠭ ᠬᠠᠷᠠᠭᠰᠠᠨ ᠢ᠋ᠶ᠋ᠠᠨ ᠬᠠᠷᠢᠨ᠄
《 ᠠᠬ᠎ᠠ ᠠ᠋᠂ ᠠᠬ᠎ᠠ ᠠ᠋᠂ ᠲᠠ ᠵᠢᠭᠠᠬᠠᠨ ᠬᠣᠯᠠᠳᠤᠭᠠᠷᠠᠢ᠂ ᠮᠢᠨᠦ ᠬᠡᠷᠡᠮᠦ ᠨᠦ᠍ᠭᠦᠳ ᠦ᠋ᠨ ᠠᠵᠢᠯ ᠤ᠋ᠨ ᠴᠠᠭ ᠡᠬᠢᠯᠡᠴᠢᠬᠡᠯ᠎ᠡ》 ᠭᠡᠪᠡ᠃
《 ᠠᠵᠢᠯ ᠤ᠋ᠨ ᠴᠠᠭ ᠠ!》
《 ᠲᠡᠢᠮᠦ ᠠ᠋᠂ ᠰᠠᠶᠢ ᠡᠳᠡ ᠮᠠᠨᠢ ᠲᠠᠪᠤᠨ ᠮᠢᠨᠦ᠋ᠲ ᠠᠮᠠᠷᠠᠭᠰᠠᠨ ᠶᠤᠮ ᠯᠠ ᠳᠠ》 ᠭᠡᠵᠦ ᠪᠠᠢᠨ᠎ᠠ᠃ ᠪᠢ ᠪᠦᠷ ᠭᠠᠢᠬᠠᠵᠤ ᠣᠷᠬᠢᠯ᠎ᠠ᠃ ᠭᠡᠲᠡᠯ᠎ᠡ ᠮᠣᠳᠣᠨ ᠳᠡᠭᠡᠷ᠎ᠡᠡᠴᠡ ᠪᠣᠷᠭᠣᠴᠠᠢ ᠨᠤᠭᠤᠳ ᠡᠨᠳᠡ ᠲᠡᠨᠳᠡ ᠦᠭᠡᠢ ᠫᠣᠳ ᠫᠣᠳ ᠬᠢᠨ ᠵᠠᠢ ᠵᠠᠪᠰᠠᠷ ᠦᠭᠡᠢ ᠤᠨᠠᠵᠤ ᠭᠠᠷᠤᠯ᠎ᠠ ᠰᠢᠦ᠃ ᠪᠠᠷᠤᠭ ᠯᠠ ᠪᠣᠷᠭᠣᠴᠠᠢ ᠶ᠋ᠢᠨ ᠪᠣᠷᠣᠭᠠᠨ ᠣᠷᠣᠵᠤ ᠪᠠᠢᠨ᠎ᠠ ᠤᠤ ᠳᠠ ᠭᠡᠮᠡᠷ᠃ ᠬᠡᠳᠦᠨ ᠮᠢᠨᠦ᠋ᠲ ᠦ᠋ᠨ ᠳᠠᠷᠠᠭ᠎ᠠ ᠥᠨᠥ ᠬᠡᠷᠡᠮᠦ ᠨᠦ᠍ᠭᠦᠳ ᠮᠤᠳᠤᠨ ᠠ᠋ᠴᠠ ᠪᠠᠨ ᠱᠠᠯᠠᠮᠠᠭᠠᠢᠯᠠᠨ ᠪᠠᠭᠤᠵᠠᠭᠠᠵᠤ ᠤᠨᠠᠭᠠᠭᠰᠠᠨ ᠪᠣᠷᠭᠣᠴᠠᠢ ᠨᠤᠭᠤᠳ ᠢ᠋ᠶ᠋ᠠᠨ ᠬᠦᠦ ᠶ᠋ᠢᠨ ᠬᠠᠵᠠᠭᠤᠬᠠᠨ ᠳ᠋ᠤ᠌ ᠣᠪᠣᠭᠠᠯᠠᠨ ᠭᠦᠶᠦᠯᠳᠦᠨ᠎ᠡ᠃ ᠲᠡᠭᠡᠭᠰᠡᠨ ᠢ᠋ᠶ᠋ᠡᠨ ᠥᠨᠥᠬᠢ ᠣᠪᠣᠭᠠᠯᠠᠭᠰᠠᠨ ᠣᠯᠵᠠ ᠪᠠᠨ ᠲᠣᠭᠣᠷᠢᠨ ᠬᠣᠢᠲᠤ ᠬᠣᠶᠠᠷ ᠬᠥᠯ ᠳᠡᠭᠡᠷ᠎ᠡ ᠪᠡᠨ ᠬᠡᠪᠯᠡᠭᠦᠬᠡᠨ ᠨᠢ ᠠᠷᠭ᠎ᠠ ᠦᠭᠡᠢ ᠴᠣᠮᠴᠣᠢᠨ ᠰᠠᠭᠤᠵᠠᠭᠠᠭᠠᠳ ᠨᠢᠭᠡ ᠨᠢᠭᠡ ᠪᠣᠷᠭᠣᠴᠠᠢ ᠲᠡᠪᠡᠷᠢᠨ ᠴᠥᠮᠥᠵᠦ ᠭᠠᠷᠤᠯ᠎ᠠ᠃ ᠡᠨᠡ ᠶᠡᠷᠦ ᠨᠢ ᠶᠠᠮᠠᠷ ᠤᠴᠢᠷ ᠲᠠᠢ ᠰᠣᠨᠢᠨ《 ᠠᠵᠢᠯᠴᠢᠳ》 ᠪᠠᠢᠳᠠᠭ ᠪᠠᠢᠨ᠎ᠠ᠃ ᠲᠡᠳᠡᠨ ᠦ᠌ ᠰᠠᠮᠤᠷ ᠴᠥᠮᠥᠵᠦ ᠪᠠᠢᠭ᠎ᠠ ᠶ᠋ᠢ ᠬᠠᠷᠠᠬᠤ ᠳ᠋ᠤ᠌ ᠬᠡᠴᠢᠨᠡᠨ ᠰᠤᠷᠮᠠᠭ ᠪᠠᠰᠠ ᠱᠠᠯᠠᠮᠠᠭ ᠶᠤᠮ ᠪᠣᠢ ᠭᠡᠵᠦ ᠥᠪᠡᠷ ᠦ᠋ᠨ ᠡᠷᠬᠡ ᠦᠭᠡᠢ ᠳᠠᠭᠤ ᠠᠯᠳᠠᠮᠠᠷ᠃ ᠣᠯᠠᠨ ᠪᠢᠴᠢᠬᠠᠨ ᠠᠮᠢᠳᠤ ᠬᠡᠦᠬᠡᠯᠳᠡᠢ ᠨᠦ᠍ᠭᠦᠳ ᠰᠢᠭ ᠶᠠᠮᠠᠷ ᠬᠥᠭᠡᠷᠦᠬᠦᠨ ᠭᠥᠷᠳᠡᠮᠡᠷ ᠪᠠᠢᠭᠰᠠᠨ ᠪᠢᠯᠡ᠃ ᠬᠦᠦ ᠲᠡᠳᠡᠨ ᠦ᠌ ᠬᠠᠵᠠᠭᠤ ᠳ᠋ᠤ᠌ ᠨᠢᠭᠡ ᠬᠣᠭᠣᠰᠣᠨ ᠬᠤᠪᠢᠩ ᠠᠪᠠᠴᠢᠵᠤ ᠲᠠᠯᠪᠢᠭᠠᠳ᠄
《 ᠪᠦᠯᠲᠡᠭᠡᠢ᠂ ᠪᠦᠯᠲᠡᠭᠡᠢ ᠠᠩᠬᠠᠷ! ᠡᠨᠳᠡ ᠡᠨᠳᠡ》 ᠭᠡᠪᠡ᠃
ᠬᠦᠦ ᠶ᠋ᠢᠨ ᠪᠢᠴᠢᠬᠠᠨ《 ᠠᠵᠢᠯᠴᠢᠳ》 ᠬᠤᠪᠢᠩ ᠢ᠋ ᠶᠠᠭᠠᠬᠢᠵᠤ ᠡᠢᠬᠦ ᠶ᠋ᠢᠨ ᠵᠠᠭᠤᠷ᠎ᠠ ᠴᠥᠮᠥᠭᠰᠡᠨ ᠰᠠᠮᠤᠷ ᠢ᠋ᠶ᠋ᠠᠷ ᠳᠦᠭᠦᠷᠭᠡᠵᠦ ᠣᠷᠬᠢᠪᠠ᠃ ᠬᠦᠦ᠄
《 ᠪᠦᠯᠲᠡᠭᠡᠢ᠂ ᠮᠠᠢ᠁ ᠪᠦᠯᠲᠡᠭᠡᠢ᠂ ᠮᠠᠢ᠁ ᠦᠵᠦᠮ》 ᠭᠡᠬᠦ ᠳ᠋ᠦ᠍ ᠠᠵᠢᠯ ᠢ᠋ᠶ᠋ᠠᠨ ᠬᠠᠮᠤᠭ ᠤ᠋ᠨ ᠲᠦᠷᠦᠭᠦᠨ ᠳ᠋ᠦ᠍ ᠳᠠᠭᠤᠰᠬᠠᠭᠰᠠᠨ ᠨᠢᠭᠡ ᠬᠡᠷᠡᠮᠦ ᠭᠣᠳ ᠬᠢᠨ ᠭᠦᠶᠦᠵᠦ ᠢᠷᠡᠭᠡᠳ ᠪᠢᠴᠢᠬᠠᠨ ᠡᠵᠡᠨ ᠦ᠌ ᠪᠡᠨ ᠭᠠᠷ ᠠᠴᠠ ᠨᠢᠭᠡ ᠦᠵᠦᠮ ᠵᠠᠭᠤᠭᠠᠳ ᠭᠦᠶᠦᠵᠦ ᠣᠳᠤᠯ᠎ᠠ᠃ ᠪᠤᠰᠤᠳ ᠨᠢ ᠴᠦ᠍ ᠮᠥᠨ ᠥᠪᠡᠷ ᠥᠪᠡᠷ ᠦ᠋ᠨ ᠬᠤᠪᠢ ᠶ᠋ᠢ ᠠᠪᠤᠨ ᠪᠤᠪᠠᠷ ᠪᠤᠪᠠᠷ ᠮᠡᠷᠡᠵᠦ ᠭᠠᠷᠪᠠ᠃ ᠦᠵᠦᠮ ᠢᠳᠡᠵᠦ ᠪᠠᠢᠭ᠎ᠠ ᠶ᠋ᠢ ᠨᠢ ᠬᠦᠷᠲᠡᠯ᠎ᠡ ᠬᠠᠷᠠᠭᠠᠳ ᠯᠠ ᠪᠠᠢᠮᠠᠷ ᠬᠥᠭᠡᠷᠦᠬᠦᠨ᠃ ᠬᠠᠷᠠᠭᠰᠠᠨ ᠬᠥᠮᠦᠨ ᠬᠦᠷᠲᠡᠨ ᠢᠨᠢᠶᠡᠬᠦ ᠦᠭᠡᠢ ᠪᠠᠢᠬᠤ ᠶ᠋ᠢᠨ ᠴᠦ᠍ ᠠᠷᠭ᠎ᠠ ᠠᠯᠠᠭ᠎ᠠ᠃ ᠡᠢᠮᠦ ᠣᠯᠠᠨ ᠭᠠᠪᠰᠢᠭᠠᠢ ᠪᠠᠰᠠ ᠳᠤᠭᠤᠯᠭᠠᠷ ᠲᠠᠢ ᠪᠢᠴᠢᠬᠠᠨ《 ᠠᠵᠢᠯᠴᠢᠳ》 ᠭᠡᠵᠦ ᠪᠠᠰᠠ ᠪᠠᠢᠳᠠᠭ ᠠ᠋ ᠭᠡᠵᠦ ᠪᠢ ᠥᠪᠡᠷ ᠦ᠋ᠨ ᠡᠷᠬᠡ ᠦᠭᠡᠢ ᠪᠣᠳᠣᠵᠤ ᠵᠣᠭᠰᠣᠪᠠ᠃
《 ᠠᠬ᠎ᠠ ᠠ᠋᠂ ᠰᠠᠮᠤᠷ ᠢᠳᠡ》 ᠭᠡᠵᠦ ᠬᠦᠦ ᠮᠢᠨᠦ ᠪᠣᠳᠣᠯ ᠢ᠋ ᠲᠠᠰᠤᠯᠪᠠ᠃ ᠢᠩᠭᠢᠭᠡᠳ ᠪᠢ ᠴᠥᠮᠥᠭᠰᠡᠨ ᠰᠠᠮᠤᠷ ᠢ᠋ᠶ᠋ᠠᠷ ᠲᠠᠢᠯᠠᠭᠤᠯᠵᠤ ᠰᠠᠭᠤᠬᠤ ᠳ᠋ᠠᠭᠠᠨ ᠪᠦᠬᠦ ᠤᠴᠢᠷ ᠢ᠋ ᠲᠣᠳᠣᠷᠬᠠᠢ ᠠᠰᠠᠭᠤᠵᠤ ᠮᠡᠳᠡᠵᠦ ᠠᠪᠴᠤ ᠪᠢᠯᠡ᠃ ᠬᠦᠦ ᠨᠠᠳᠠ ᠳ᠋ᠤ᠌᠂ ᠶᠠᠭᠠᠬᠢᠵᠤ ᠡᠢᠮᠦ ᠣᠯᠠᠨ ᠦᠨᠡᠨᠴᠢ ᠰᠠᠢᠨ ᠪᠢᠴᠢᠬᠠᠨ ᠨᠠᠢᠵᠠ ᠲᠠᠢ ᠪᠣᠯᠤᠭᠰᠠᠨ ᠢ᠋ᠶ᠋ᠠᠨ ᠲᠣᠳᠣᠷᠬᠠᠢ ᠲᠠᠢᠯᠪᠤᠷᠢᠯᠠᠵᠤ ᠥᠭᠭᠦᠭᠰᠡᠨ ᠶᠦ᠍ᠮ᠃ ᠶᠠᠭᠤ ᠴᠤ᠌ ᠭᠡᠰᠡᠨ ᠭᠤᠷᠪᠠ ᠳᠥᠷᠪᠡᠨ ᠵᠢᠯ ᠣᠢᠭ᠎ᠠ ᠦᠭᠡᠢ ᠰᠢᠷᠭᠠᠭᠤ ᠬᠥᠳᠡᠯᠮᠦᠷᠢᠯᠡᠵᠦ ᠪᠠᠢᠵᠤ ᠡᠢᠨ ᠬᠦ᠌ ᠵᠣᠷᠢᠭᠰᠠᠨ ᠳ᠋ᠠᠭᠠᠨ ᠬᠦᠷᠦᠭᠰᠡᠨ ᠶᠦ᠍ᠮ ᠪᠠᠢᠨ᠎ᠠ ᠭᠡᠳᠡᠭ ᠢ᠋ ᠪᠢ ᠲᠡᠭᠦᠨ ᠦ᠌ ᠶᠠᠷᠢᠶᠠᠨ ᠠᠴᠠ ᠣᠢᠯᠠᠭᠠᠭᠰᠠᠨ ᠶᠤᠮ᠃
※ ᠢᠷᠡᠯᠲᠡ᠄
ᠠᠯᠪᠠᠨ ᠵᠢᠷᠤᠮ ᠤ᠋ᠨ ᠲᠠᠪᠤᠨ ᠵᠢᠯ ᠦ᠋ᠨ ᠳᠦᠷᠢᠮᠲᠦ ᠪᠠᠭ᠎ᠠ ᠰᠤᠷᠭᠠᠭᠤᠯᠢ ᠳ᠋ᠤ᠌ ᠦᠵᠡᠬᠦ
ᠬᠡᠯᠡ ᠪᠢᠴᠢᠭ ᠳᠣᠯᠣᠳᠤᠭᠠᠷ ᠳᠡᠪᠲᠡᠷ ※
ᠥᠪᠥᠷ ᠮᠣᠩᠭᠣᠯ ᠤ᠋ᠨ ᠰᠤᠷᠭᠠᠨ ᠬᠥᠮᠦᠵᠢᠯ ᠦ᠋ᠨ ᠬᠡᠪᠯᠡᠯ ᠦ᠋ᠨ ᠬᠣᠷᠢᠶ᠎ᠠ ᠨᠠᠢᠷᠠᠭᠤᠯᠤᠨ ᠬᠡᠪᠯᠡᠭᠦᠯᠪᠡ
ᠥᠪᠥᠷ ᠮᠣᠩᠭᠣᠯ ᠤ᠋ᠨ ᠰᠢᠩᠬᠤᠸᠠ ᠨᠣᠮ ᠤ᠋ᠨ ᠳᠡᠯᠭᠡᠭᠦᠷ ᠲᠠᠷᠬᠠᠭᠠᠪᠠ
ᠥᠪᠥᠷ ᠮᠣᠩᠭᠣᠯ ᠤ᠋ᠨ ᠰᠤᠷᠭᠠᠨ ᠬᠥᠮᠦᠵᠢᠯ ᠦ᠋ᠨ ᠬᠡᠪᠯᠡᠬᠦ ᠦᠢᠯᠡᠳᠪᠦᠷᠢ ᠬᠡᠪᠯᠡᠪᠡ
1991 ᠣᠨ ᠤ᠋ 3 ᠰᠠᠷ᠎ᠠ ᠳ᠋ᠤ᠌ ᠠᠩᠬᠠᠳᠤᠭᠠᠷ ᠬᠡᠪ ᠢ᠋ ᠬᠢᠪᠡ
1993 ᠣᠨ ᠤ᠋ 4 ᠰᠠᠷ᠎ᠠ ᠳ᠋ᠤ᠌ ᠭᠤᠷᠪᠠᠳᠤᠭᠠᠷ ᠤᠳᠠᠭ᠎ᠠ ᠬᠡᠪᠯᠡᠪᠡ
ᠦᠨ᠎ᠡ᠄1.40 ᠲᠥᠭᠥᠷᠢᠭ
ᠦᠰᠦᠭ ᠠᠮᠢᠯᠠᠭᠤᠯᠤᠭᠴᠢ᠄ ᠣᠳᠣᠨᠬᠤᠸᠠᠷ
ᠬᠢᠨᠠᠭᠴᠢ᠄ ᠳ · ᠣᠶᠤᠨᠴᠡᠴᠡᠭ᠂ ᠪᠦᠷᠢᠨᠴᠡᠴᠡᠭ
2023.7.15
