ᠡᠷ᠎ᠡ ᠬᠥᠮᠦᠨ – ᠷ ᠂ ᠴᠣᠢᠨᠣᠮ Эр хүн – Р ᠂ Чойном ᠨᠠᠢᠷᠠᠭᠤᠯᠤᠯ ᠥᠭᠦᠯᠡᠯᠭᠡ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠡᠷ᠎ᠡ ᠬᠥᠮᠦᠨ – ᠷ ᠂ ᠴᠣᠢᠨᠣᠮ Эр хүн – Р ᠂ Чойном

ᠡᠷ᠎ᠡ ᠬᠥᠮᠦᠨ – ᠷ ᠂ ᠴᠣᠢᠨᠣᠮ Эр хүн – Р ᠂ Чойном

2023-07-15

463

ᠡᠷ᠎ᠡ ᠬᠥᠮᠥᠨ


       ᠬᠠᠮᠤᠭ ᠤ᠋ᠨ ᠲᠣᠮᠣ ᠨᠢ ᠨᠠᠳᠠ ᠰᠠᠢᠨ ᠪᠠᠢᠭ᠎ᠠ ᠶᠤᠮ ᠴᠢᠨᠢ ᠪᠠᠭ᠎ᠠ ᠨᠢ ᠴᠦ᠍ ᠪᠦᠷ ᠪᠠᠭᠠᠷᠠᠭ ᠦᠭᠡᠢ ! ᠭᠡᠵᠦ  ᠳᠠᠸᠠ ᠨᠠᠴᠢᠨ ᠂ ᠥᠯᠵᠡᠢ ᠬᠡᠦᠬᠡᠨ ᠤ ᠬᠡᠳᠦᠨ ᠬᠡᠦᠬᠡᠳ ᠢ᠋ ᠦᠵᠡᠭᠡᠳ ᠰᠡᠳᠬᠢᠯ ᠠᠮᠠᠷᠠᠵᠤ ᠪᠣᠷᠣ ᠭᠡᠷ ᠦ᠋ᠨ ᠬᠢᠨᠢ ᠡᠵᠡᠨ ᠪᠣᠯᠤᠨ ᠰᠠᠭᠤᠵᠠᠢ ᠃ 
       ᠥᠯᠵᠡᠢ ᠬᠡᠦᠬᠡᠨ ᠭᠤᠴᠢᠨ ᠭᠤᠷᠪᠠᠲᠠᠢ ᠂ ᠥᠨᠳᠥᠷ ᠂ ᠴᠡᠪᠡᠷᠬᠡᠨ ᠂ ᠶᠠᠳᠠᠭᠤᠬᠠᠨ ᠃ 
       ᠶᠡᠬᠡ ᠬᠦᠦ ᠯᠤᠲᠠ ᠨᠢ ᠠᠷᠪᠠᠨ ᠨᠢᠭᠡ ᠲᠡᠢ ᠂ ᠬᠠᠮᠤᠭ ᠤ᠋ᠨ ᠪᠠᠭ᠎ᠠ ᠬᠦᠦ ᠪᠠᠶᠠᠷ ᠨᠢ ᠭᠤᠷᠪᠠᠨ ᠨᠠᠰᠤ ᠲᠠᠢ ᠪᠣᠯᠪᠠᠴᠤ ᠬᠡᠯᠡ ᠳ᠋ᠦ᠍ ᠰᠠᠢᠨ᠃ ᠲᠡᠳᠡᠨ ᠤ ᠵᠠᠪᠰᠠᠷ ᠤ᠋ᠨ ᠬᠡᠳᠦᠨ  ᠥᠬᠢᠳ ᠭᠡᠮ ᠦᠭᠡᠢ ᠳᠠᠷᠤᠤᠬᠠᠨ᠃  ᠳᠠᠸᠠ ᠨᠠᠴᠢᠨ ᠳᠥᠴᠢ ᠡᠷᠭᠢᠮ᠎ᠡ ᠨᠠᠰᠤ ᠲᠠᠢ ᠂ ᠠᠮᠢᠨ ᠵᠢᠭᠤᠯᠭ᠎ᠠ ᠰᠠᠢᠲᠠᠢ ᠂ ᠭᠠᠭᠴᠠ ᠪᠡᠶ᠎ᠡ ᠲᠤᠯᠠ ᠥᠯᠵᠡᠢ ᠲᠡᠢ ᠡᠢᠨ ᠬᠦ᠌ ᠨᠡᠢᠯᠡᠵᠡᠢ ᠃ 
       ᠥᠯᠵᠡᠢ ᠴᠦ᠍ ᠰᠠᠢᠨ ᠂ ᠬᠡᠦᠬᠡᠳ ᠦ᠋ᠳ ᠴᠦ᠍ ᠰᠠᠢᠨ ᠲᠤᠯᠠ ᠳᠠᠸᠠ ᠤᠯᠠᠮ ᠤᠯᠠᠮ ᠢ᠋ᠶ᠋ᠠᠷ ᠳᠠᠪᠠᠷᠠᠵᠤ ᠪᠦᠭᠦᠳᠡ ᠶ᠋ᠢ ᠦᠭᠡ ᠳᠠᠭᠤᠨ ᠦᠭᠡᠢ ᠵᠠᠬᠢᠷᠴᠤ ᠂ ᠬᠡᠮᠵᠢᠶ᠎ᠡ ᠦᠭᠡᠢ ᠡᠵᠡᠨ ᠪᠣᠯᠵᠤ ᠡᠳᠦᠷ ᠢᠷᠡᠬᠦ ᠲᠤᠲᠤᠮ ᠢ᠋ᠶ᠋ᠠᠨ ᠴᠢᠩᠭᠠᠷᠠᠪᠠ ᠃ 
       ᠨᠢᠭᠡ ᠡᠳᠦᠷ ᠮᠣᠳᠣᠨ ᠣᠷᠣ ᠳᠡᠭᠡᠷ᠎ᠡ ᠨᠢᠴᠦᠭᠦᠨ ᠴᠦᠷᠡᠢᠵᠦ ᠬᠡᠪᠲᠡᠭᠡᠳ ᠬᠠᠯᠠᠭᠤᠨ ᠳ᠋ᠤ᠌ ᠤᠨᠲᠠᠵᠤ ᠶᠠᠳᠠᠨ ᠴᠢᠬᠤᠯᠳᠠᠵᠤ ᠪᠠᠢᠲᠠᠯ᠎ᠠ ᠭᠡᠷ  ᠲᠦ᠍ ᠬᠤᠪᠢᠩ ᠰᠠᠪᠠ ᠬᠠᠩᠭᠢᠨᠠᠨ ᠶᠡᠬᠡ ᠴᠢᠮᠡᠭᠡ ᠭᠠᠷᠴᠤ ᠰᠣᠴᠢᠭᠠᠪᠠ ᠃ ᠡᠷᠭᠢᠨ ᠬᠠᠷᠠᠪᠠᠯ ᠶᠡᠬᠡ ᠬᠦᠦ ᠯᠤᠲᠠ ᠤᠰᠤ ᠤᠤᠭᠤᠬᠤ ᠭᠡᠳ ᠪᠤᠳᠤᠯᠢᠵᠤ ᠪᠠᠢᠪᠠ ᠃ 
       – ᠶᠠᠮᠠᠷ ᠶᠠᠭᠤᠮ᠎ᠠ ᠪᠠᠨ ᠬᠠᠩᠭᠢᠨᠠᠭᠤᠯᠤᠭᠠᠳ ᠪᠠᠢᠭ᠎ᠠ ᠶᠤᠮ ᠪᠣᠢ ? ᠬᠥᠮᠦᠨ ᠤᠨᠲᠠᠭᠤᠯᠬᠤ ᠦᠭᠡᠢ ! ᠭᠡᠰᠡᠨ ᠳ᠋ᠦ᠍ ᠯᠤᠲᠠ ᠲᠣᠪ ᠳᠤᠭᠤᠢ ᠭᠣᠳᠬᠢᠨ ᠭᠠᠷᠪᠠ ᠃ 
       ᠲᠡᠭᠡᠭᠡᠳ ᠨᠡᠯᠢᠶᠡᠳ ᠵᠡᠭᠦᠷᠮᠡᠭᠯᠡᠲᠡᠯ᠎ᠡ ᠬᠣᠶᠠᠷ ᠥᠬᠢᠨ ᠠᠷᠤ ᠳ᠋ᠤᠨᠢ  ᠫᠠᠷᠭᠢᠲᠠᠯ᠎ᠠ ᠢᠨᠢᠶᠡᠳᠦ ᠠᠯᠳᠠᠭᠰᠠᠨ ᠳ᠋ᠤ᠌ ᠳᠠᠸᠠ ᠰᠣᠴᠢᠵᠤ ᠬᠣᠶᠠᠷ ᠲᠣᠮᠣ ᠤᠯᠠᠭᠠᠨ ᠨᠢᠳᠦ ᠪᠡᠷ ᠢ᠋ᠶ᠋ᠡᠨ ᠲᠡᠳᠡᠨ ᠢ᠋ ᠬᠠᠷᠠᠨ᠄ 
        – ᠶᠠᠭᠠᠬᠢᠪᠠ ? ᠭᠠᠷᠴᠠᠭ᠎ᠠ ! ᠭᠡᠵᠦ ᠵᠠᠩᠳᠤᠷᠪᠠ ᠃ ᠬᠣᠶᠠᠷ ᠥᠬᠢᠨ ᠴᠦ᠍ ᠦᠷᠭᠦᠭᠰᠡᠨ ᠢᠮᠠᠭ᠎ᠠ ᠮᠡᠲᠦ ᠱᠣᠷᠳ᠋ᠬᠢᠨ ᠣᠳᠪᠠ ᠃ 
       ᠠᠷᠠᠢ ᠭᠡᠵᠦ ᠨᠠᠮ ᠤᠨᠲᠠᠬᠤ ᠭᠡᠲᠡᠯ᠎ᠡ ᠪᠦᠷ ᠠᠷᠤ ᠳ᠋ᠤᠨᠢ ᠰᠠᠨᠳᠠᠯᠢ ᠥᠩᠬᠥᠷᠢᠭᠦᠯᠴᠢᠬᠡᠪᠡ ᠃ ᠳᠠᠸᠠ ᠨᠢᠳᠦ ᠪᠡᠨ ᠠᠨᠢᠭ᠍ᠰᠠᠨ ᠴᠢᠭ ᠢ᠋ᠶ᠋ᠡᠷ ᠢ᠋ᠶ᠋ᠡᠨ ᠄  
        – ᠶᠠᠮᠠᠷ ᠴᠢᠰᠤ ᠪᠠᠨ ᠬᠢᠭᠡᠳ ᠶᠠᠭᠤᠮ᠎ᠠ  ᠫᠢᠵᠢᠭᠢᠨᠡᠭᠦᠯᠦᠭᠡᠳ ᠬᠥᠮᠦᠨ ᠤᠨᠲᠠᠭᠤᠯᠬᠤ ᠦᠭᠡᠢ ᠪᠠᠢᠨ᠎ᠠ ? ᠴᠢᠮᠡᠭᠡ ᠦᠭᠡᠢ ᠪᠠᠢᠬᠤ ᠦᠭᠡᠢ ᠪᠣᠯ ᠨᠠᠮ ᠴᠣᠬᠢᠴᠢᠬᠠᠨ᠎ᠠ ᠰᠢᠦ ! ᠭᠡᠵᠦ ᠥᠭᠦᠯᠡᠪᠡ᠃ 
       ᠭᠡᠲᠡᠯ᠎ᠡ ᠠᠷᠤ ᠳ᠋ᠤᠨᠢ : 
         ᠴᠣᠬᠢᠵᠤ ᠦᠵᠡ ᠯᠡ ᠳᠠ ! ᠭᠡᠬᠦ ᠳᠠᠭᠤᠨ ᠳᠤᠭᠤᠯᠳᠠᠬᠤ ᠳ᠋ᠤ᠌ ᠭᠠᠢᠬᠠᠨ ᠡᠷᠭᠢᠵᠦ ᠬᠠᠷᠠᠪᠠᠯ ᠭᠡᠷ ᠲᠦ᠍ ᠬᠥᠮᠦᠨ ᠠᠯᠠᠭ᠎ᠠ ᠃ ᠪᠦᠷ ᠭᠠᠢᠬᠠᠨ ᠥᠨᠳᠡᠢᠨ ᠰᠠᠭᠤᠲᠠᠯ᠎ᠠ : 
        – ᠴᠢᠮᠠᠶ᠋ᠢ ᠨᠠᠮ ᠴᠣᠬᠢᠨ᠎ᠠ ᠰᠢᠦ ! ᠭᠡᠵᠦ ᠪᠦᠷ ᠳᠡᠷᠭᠡᠳᠡ ᠨᠢ ᠲᠣᠳᠣᠬᠠᠨ ᠬᠡᠯᠡᠬᠦ ᠳ᠋ᠦ᠍ ᠰᠠᠶᠢ ᠣᠯᠵᠤ ᠬᠠᠷᠠᠪᠠᠯ ᠥᠯᠵᠡᠢ ᠶ᠋ᠢᠨ ᠬᠠᠮᠤᠭ ᠤ᠋ᠨ ᠪᠠᠭ᠎ᠠ ᠬᠦᠦ ᠪᠠᠶᠠᠷ ᠪᠢᠴᠢᠬᠠᠨ ᠭᠠᠷ ᠲᠠᠭᠠᠨ ᠠᠯᠤᠬ᠎ᠠ ᠪᠠᠷᠢᠴᠢᠬᠠᠭᠰᠠᠨ ᠨᠢᠴᠦᠭᠦᠨ ᠵᠣᠭᠰᠣᠵᠤ ᠪᠠᠢᠪᠠ ᠃  
       ᠳᠠᠸᠠ ᠨᠠᠴᠢᠨ ᠤ᠋ ᠢᠨᠢᠶᠡᠳᠦ ᠬᠦᠷᠦᠭᠰᠡᠨ ᠢ᠋ᠶ᠋ᠡᠨ ᠤᠳᠠᠯ ᠦᠭᠡᠢ ᠠᠶᠤᠬᠤ ᠴᠤ᠌ ᠰᠢᠭ᠋ ᠨᠢᠭᠡ ᠯᠡ  ᠠᠶᠠᠭᠦᠢ ᠪᠣᠯᠪᠠ ᠃ 
       ᠬᠠᠮᠤᠭ ᠪᠠᠭ᠎ᠠ ᠨᠢ ᠡᠢᠮᠦ ᠪᠠᠢᠭ᠎ᠠ ᠶᠤᠮ ᠴᠢᠨᠢ ᠲᠣᠮᠣ ᠨᠤᠭᠤᠳ ᠨᠢ ᠴᠦ᠍ ᠪᠦᠷ ᠪᠠᠭᠠᠷᠠᠭ ᠦᠭᠡᠢ ᠭᠡᠵᠦ ᠪᠣᠳᠣᠭᠠᠳ ᠴᠢᠪ ᠴᠢᠮᠡᠭᠡ ᠦᠭᠡᠢ ᠪᠣᠰᠴᠤ ᠭᠠᠷᠪᠠ᠃ 

     ᠦᠰᠦᠭ ᠠᠮᠢᠯᠠᠭᠤᠯᠤᠭᠰᠠᠨ ᠨᠢ ᠄  ᠨᠠᠷᠠᠨ ᠲᠣᠭᠣᠨᠣ