ᠰᠢᠪᠠᠭᠤ ᠳᠠᠭᠠᠭᠤᠯᠤᠭᠰᠠᠨ ᠬᠥᠮᠦᠨ – ᠰ᠂ ᠪᠠᠽᠠᠷᠰᠠᠳ Шувуу дагуулсан хүн – С ᠂ Базарсад
ᠰᠢᠪᠠᠭᠤ ᠳᠠᠭᠠᠭᠤᠯᠤᠭᠰᠠᠨ ᠬᠥᠮᠦᠨ
(ᠱᠣᠭ ᠰᠢᠯᠦᠭ)
ᠵᠤᠩᠳᠣᠢ ᠠᠷᠤᠭᠰᠢ ᠪᠠᠨ ᠬᠠᠷᠠᠪᠠᠯ
ᠵᠠᠭᠤᠨ ᠲᠠᠭᠲᠠᠭ᠎ᠠ ᠳᠠᠭᠠᠵᠤ ᠶᠠᠪᠤᠨ᠎ᠠ
ᠳᠠᠬᠢᠨ ᠴᠠᠭᠠᠰᠢ ᠨᠢ ᠬᠠᠷᠠᠪᠠᠯ
ᠳᠠᠯᠠᠨ ᠪᠣᠯᠵᠣᠮᠣᠷ ᠢᠷᠡᠵᠦ ᠶᠠᠪᠤᠨ᠎ᠠ᠃
ᠪᠦᠷ ᠯᠠᠪᠯᠠᠨ ᠦᠵᠡᠪᠡᠯ
ᠪᠦᠳᠦᠭᠦᠨ ᠳᠤᠩᠰᠢᠭᠤᠯ ᠣᠢᠷᠠᠳᠵᠤ ᠶᠠᠪᠤᠨ᠎ᠠ᠃
ᠳᠠᠪᠬᠢᠬᠤ ᠲᠡᠷᠭᠡᠨ ᠦ᠌ ᠬᠢᠨᠢ ᠬᠣᠢᠨ᠎ᠠ ᠠ᠋ᠴᠠ
ᠳᠠᠭᠠᠭᠰᠠᠨ ᠰᠢᠪᠠᠭᠤᠳ ᠬᠣᠴᠣᠷᠳᠠᠭ ᠦᠭᠡᠢ
ᠬᠠᠭᠠᠵᠠ ᠪᠠᠨ ᠬᠡᠴᠢᠨᠡᠨ ᠭᠢᠰᠬᠢᠯ᠎ᠡ ᠴᠦ᠍
ᠬᠠᠭᠠᠰ ᠵᠠᠷᠢᠮ ᠨᠢ ᠴᠦ᠍ ᠦᠯᠡᠳᠡᠳᠡᠭ ᠦᠭᠡᠢ
ᠰᠠᠯᠬᠤ ᠦᠭᠡᠢ ᠠᠷᠤ ᠠ᠋ᠴᠠ ᠨᠢ ᠪᠠᠷᠠᠳᠠᠬᠤ ᠳ᠋ᠤ᠌
ᠰᠠᠨᠠᠭ᠎ᠠ ᠨᠢ ᠰᠦᠷᠡᠬᠡᠢ ᠵᠣᠪᠠᠵᠤ ᠭᠡᠨ᠎ᠡ᠃
ᠲᠩᠷᠢ ᠳᠦᠭᠦᠷᠡᠩ ᠰᠢᠪᠠᠭᠤ
ᠲᠠᠪᠰᠢ ᠶ᠋ᠢᠨ ᠬᠢᠨᠢ ᠠᠷᠤᠬᠠᠨ ᠳ᠋ᠤ᠌ ᠨᠢᠰᠦᠨ᠎ᠡ ᠭᠡᠨ᠎ᠡ᠃
ᠰᠠᠯᠬᠢ ᠪᠠᠷ ᠢᠷᠡᠭᠰᠡᠨ ᠶᠠᠷᠢᠶ᠎ᠠ ᠶ᠋ᠢ ᠨᠢ
ᠰᠠᠨᠠᠭᠠᠨ ᠳ᠋ᠤ᠌ ᠦᠭᠡᠢ ᠲᠡᠷᠡ ᠰᠣᠨᠣᠰᠴᠤ ᠭᠡᠨ᠎ᠡ᠃
ᠵᠠᠢ ᠶ᠋ᠢ ᠨᠢ ᠴᠢᠭᠵᠡᠭᠡ ᠦᠭᠡᠢ ᠲᠡᠪᠰᠢᠲᠡᠢ
ᠵᠠᠩᠲᠠᠢ ᠰᠠᠢᠨ ᠵᠢᠯᠣᠭᠣᠴᠢ ᠮᠢᠨᠢ
ᠵᠢᠭᠦᠷᠲᠡᠨ ᠦ᠌ ᠵᠣᠭᠣᠭ ᠴᠤᠪᠤᠷᠠᠭᠤᠯᠤᠭᠰᠠᠨ
ᠵᠢᠭᠲᠡᠢ ᠰᠠᠢᠨ ᠨᠥᠬᠥᠷ ᠮᠢᠨᠢ
ᠪᠥᠭᠯᠡᠭᠡ ᠦᠭᠡᠢ ᠳᠠᠪᠰᠢᠨ ᠠ᠋ᠴᠠ ᠴᠢᠨᠢ ᠠᠰᠬᠠᠷᠠᠭᠰᠠᠨ
ᠪᠥᠮᠪᠥᠯᠢᠭ ᠪᠤᠭᠤᠳᠠᠢ ᠶ᠋ᠢ ᠴᠢᠨᠢ ᠮᠠᠷᠲᠠᠬᠤ ᠦᠭᠡᠢ
ᠰᠢᠪᠠᠭᠤᠳ ᠡᠢᠨ ᠬᠦ᠌ ᠳᠠᠭᠤᠯᠠᠯᠳᠤᠨ
ᠱᠤᠯᠤᠭᠠᠨᠠᠨ ᠵᠢᠷᠭᠢᠵᠦ ᠶᠠᠪᠤᠨ᠎ᠠ ᠭᠡᠨ᠎ᠡ᠃
《ᠱᠣᠭ ᠬᠣᠱᠣᠩ ᠵᠣᠬᠢᠶᠠᠯ ᠤ᠋ᠨ ᠳᠡᠭᠡᠵᠢ 》 ᠡᠴᠡ ᠬᠠᠭᠤᠯᠪᠠ᠃
ᠲᠩᠷᠢ ᠡᠵᠢ ᠠᠮᠢᠯᠠᠭᠤᠯᠤᠨ ᠬᠠᠭᠤᠯᠪᠠ᠂
ᠬᠢᠨᠠᠭᠴᠢ ᠄ ᠭᠠᠸᠠ
2023᠂ 7᠂ 10 ᠤ᠋ ᠡᠳᠦᠷ
