ᠮᠣᠩᠭᠣᠯ ᠤᠨ ᠴᠠᠭᠠᠨ ᠰᠠᠷ᠎ᠠ ᠭᠡᠵᠦ ᠶᠠᠭᠤ ᠪᠤᠢЦагаан сар гэж юу вэᠲᠡᠦᠬᠡ ᠶᠠᠷᠢᠨ᠎ᠠ
ᠴᠠᠭᠠᠨ ᠰᠠᠷ᠎ᠠ ᠶᠢᠨ ᠲᠡᠦᠬᠡ
ᠴᠠᠭᠠᠨ ᠰᠠᠷ᠎ᠠ ᠪᠣᠯ ᠮᠣᠩᠭᠣᠯ ᠦᠨᠳᠦᠰᠦᠲᠡᠨ ᠦ᠌ ᠤᠯᠠᠮᠵᠢᠯᠠᠯᠲᠤ ᠰᠢᠨ᠎ᠡ ᠵᠢᠯ ᠦ᠋ᠨ ᠪᠠᠶᠠᠷ ᠶᠤᠮ᠃ ᠪᠢᠯᠢᠭ ᠦ᠋ᠨ ᠲᠣᠭᠠᠯᠠᠯ ᠤ᠋ᠨ ᠴᠠᠭᠠᠨ ᠰᠠᠷ᠎ᠠ ᠶ᠋ᠢᠨ ᠪᠠᠶᠠᠷ ᠢ᠋ ᠮᠣᠩᠭᠣᠯ ᠤ᠋ᠨ ᠪᠤᠳ᠋ᠳ᠋ᠾᠠ ᠶ᠋ᠢᠨ ᠱᠠᠰᠢᠨ ᠪᠤᠶᠤ ᠰᠢᠷ᠎ᠠ ᠶ᠋ᠢᠨ ᠱᠠᠰᠢᠨ ᠤ᠋ ᠲᠡᠭᠦᠰ ᠪᠤᠶᠠᠨᠲᠤ ᠶ᠋ᠢᠨ ᠵᠢᠷᠤᠬᠠᠢ ᠶ᠋ᠢᠨ ᠳᠠᠭᠠᠤ ᠬᠠᠪᠤᠷ ᠤ᠋ᠨ ᠡᠬᠢᠨ ᠰᠠᠷ᠎ᠠ ᠳ᠋ᠤ᠌ ᠲᠡᠮᠳᠡᠭᠯᠡᠵᠦ ᠢᠷᠡᠭᠰᠡᠨ᠃ ᠣᠷᠴᠢᠨ ᠦᠶ᠎ᠡ ᠳ᠋ᠦ᠍ ᠮᠣᠩᠭᠣᠯ ᠤ᠋ᠨ ᠴᠠᠭᠠᠨ ᠰᠠᠷ᠎ᠠ ᠶ᠋ᠢᠨ ᠪᠠᠶᠠᠷ ᠢ᠋ ᠮᠣᠩᠭᠣᠯ ᠤᠯᠤᠰ ᠠ᠋ᠴᠠ ᠭᠠᠳᠠᠨ᠎ᠠ ᠣᠷᠣᠰ ᠬᠣᠯᠪᠣᠭᠠᠨ ᠤ᠋ ᠤᠯᠤᠰ ᠤ᠋ᠨ ᠪᠤᠳ᠋ᠳ᠋ᠾᠠ ᠶ᠋ᠢᠨ ᠱᠠᠰᠢᠨ ᠳ᠋ᠤ᠌ ᠪᠤᠷᠢᠶᠠᠳ᠂ ᠳᠤᠸᠠ᠂ ᠠᠯᠲᠠᠢ᠂ ᠬᠠᠯᠢᠮᠠᠭ ᠤ᠋ᠨ ᠠᠷᠠᠳ ᠲᠦᠮᠡᠨ ᠲᠡᠮᠳᠡᠭᠯᠡᠨ ᠥᠩᠭᠡᠷᠡᠭᠦᠯᠳᠡᠭ᠃
ᠴᠠᠭᠠᠨ ᠰᠠᠷ᠎ᠠ ᠪᠠ ᠲᠡᠭᠦᠰ ᠪᠤᠶᠠᠨᠲᠤ ᠶ᠋ᠢᠨ ᠵᠢᠷᠤᠬᠠᠢ
ᠲᠡᠭᠦᠰ ᠪᠤᠶᠠᠨᠲᠤ ᠶ᠋ᠢᠨ ᠵᠢᠷᠤᠬᠠᠢ ᠶ᠋ᠢ 1747 ᠣᠨ ᠳ᠋ᠤ᠌ ᠬᠥᠬᠡᠨᠠᠭᠤᠷ ᠤ᠋ᠨ ᠮᠣᠩᠭᠣᠯ ᠤ᠋ᠨ ᠲᠡᠦᠬᠡᠴᠢ᠂ ᠭᠦᠨ ᠤᠬᠠᠭᠠᠨᠲᠠᠨ᠂ ᠱᠠᠰᠢᠨ ᠤ᠋ ᠤᠬᠠᠭᠠᠨ᠂ ᠠᠨᠠᠭᠠᠬᠤ ᠤᠬᠠᠭᠠᠨ᠂ ᠤᠷᠠᠨ ᠵᠣᠬᠢᠶᠠᠯ᠂ ᠣᠳᠣᠨ ᠣᠷᠣᠨ ᠰᠤᠳᠤᠯᠤᠯ᠂ ᠵᠢᠷᠤᠬᠠᠢᠴᠢ ᠰᠦᠮᠪᠦ ᠬᠠᠩᠪᠤ ᠯᠠᠮᠠ ᠢᠰᠢᠪᠠᠯᠵᠢᠷ ᠮᠣᠩᠭᠣᠯ ᠣᠷᠣᠨ ᠤ᠋ ᠪᠠᠨ ᠭᠠᠵᠠᠷ ᠤ᠋ᠨ ᠬᠤᠪᠢᠶᠠᠷᠢ ᠳ᠋ᠤ᠌ ᠲᠣᠬᠢᠷᠠᠭᠤᠯᠤᠨ 《ᠲᠡᠭᠦᠰ ᠪᠤᠶᠠᠨᠲᠤ ᠰᠢᠨ᠎ᠡ ᠵᠢᠷᠤᠬᠠᠢ》 ᠬᠡᠮᠡᠬᠦ ᠮᠣᠩᠭᠣᠯ ᠣᠳᠣᠨ ᠣᠷᠣᠨ ᠵᠢᠷᠤᠬᠠᠢ ᠶ᠋ᠢ ᠵᠣᠬᠢᠶᠠᠵᠤ ᠰᠤᠷᠭᠠᠭᠤᠯᠢ ᠪᠠᠢᠭᠤᠯᠤᠭᠰᠠᠨ ᠲᠡᠦᠬᠡ ᠲᠡᠢ᠃ ᠲᠡᠭᠦᠰ ᠪᠤᠶᠠᠨᠲᠤ ᠵᠢᠷᠤᠬᠠᠢ ᠪᠣᠯ ᠨᠠᠷᠠ ᠰᠠᠷᠠᠨ ᠤ᠋ ᠲᠣᠭᠠᠯᠠᠯ ᠤ᠋ᠨ ᠳᠠᠭᠠᠤ ᠮᠣᠩᠭᠣᠯ ᠣᠷᠣᠨ ᠤ᠋ ᠴᠠᠭ ᠠᠭᠠᠷ ᠠᠭᠤᠷ ᠠᠮᠢᠰᠬᠤᠯ᠂ ᠭᠠᠵᠠᠷ ᠵᠦᠢ ᠶ᠋ᠢᠨ ᠪᠠᠢᠷᠢᠯᠠᠯ ᠳ᠋ᠤ᠌ ᠲᠣᠬᠢᠷᠠᠭᠤᠯᠵᠤ ᠪᠦᠲᠦᠭᠡᠭᠰᠡᠨ ᠮᠣᠩᠭᠣᠯ ᠵᠢᠷᠤᠬᠠᠢ ᠶᠤᠮ᠃ ᠲᠤᠰ ᠵᠢᠷᠤᠬᠠᠢ ᠶ᠋ᠢᠨ ᠳᠠᠭᠠᠤ ᠵᠢᠯ ᠪᠦᠷᠢ ᠶ᠋ᠢᠨ ᠴᠠᠭᠠᠨ ᠰᠠᠷ᠎ᠠ ᠶ᠋ᠢᠨ ᠪᠠᠶᠠᠷ ᠬᠡᠵᠢᠶ᠎ᠡ ᠪᠣᠯᠬᠤ ᠶ᠋ᠢ ᠲᠣᠪᠯᠠᠳᠠᠭ᠃
ᠾᠢᠦᠩᠨᠦ ᠭᠦᠷᠦᠨ ᠦ᠌ ᠦᠶᠡᠰ ᠮᠣᠩᠭᠣᠯᠴᠤᠳ ᠤ᠋ᠨ ᠡᠪᠦᠭᠡ ᠳᠡᠭᠡᠳᠦᠰ ᠵᠢᠷᠤᠬᠠᠢ ᠵᠢᠷᠤᠵᠤ᠂ ᠣᠨ ᠲᠣᠭᠠᠯᠠᠯ ᠢ᠋ᠶ᠋ᠠᠨ ᠲᠡᠮᠳᠡᠭᠯᠡᠳᠡᠭ ᠪᠠᠢᠵᠤ᠃ ᠲᠡᠭᠦᠨᠴᠢᠯᠡᠨ ᠾᠢᠦᠩᠨᠦ ᠨᠠᠷ ᠥᠨᠥ ᠶ᠋ᠢᠨ᠂ ᠠᠷᠪᠠᠨ ᠬᠣᠶᠠᠷ ᠠᠮᠢᠲᠠᠨ ᠢ᠋ᠶ᠋ᠠᠷ ᠵᠢᠯ ᠢ᠋ ᠲᠥᠯᠥᠭᠡᠯᠡᠭᠦᠯᠦᠨ ᠪᠡᠯᠭᠡᠳᠡᠭᠰᠡᠨ ᠴᠠᠭᠯᠠᠪᠠᠷ ᠵᠣᠬᠢᠶᠠᠨ ᠬᠡᠷᠡᠭᠯᠡᠵᠦ ᠪᠠᠢᠭᠰᠠᠨ ᠲᠡᠦᠬᠡ ᠲᠡᠢ᠃
ᠶᠤᠸᠠᠨ ᠭᠦᠷᠦᠨ ᠦ᠌ ᠦᠶ᠎ᠡ ᠳ᠋ᠦ᠍ ᠬᠤᠪᠢᠯᠠᠢ ᠬᠠᠭᠠᠨ ᠤ᠋ ᠵᠠᠷᠯᠢᠭ ᠢ᠋ᠶ᠋ᠠᠷ ᠮᠣᠩᠭᠣᠯ ᠪᠣᠯᠤᠨ ᠲᠡᠭᠦᠨ ᠦ᠌ ᠬᠠᠷᠢᠶᠠᠨ ᠳ᠋ᠤ᠌ ᠪᠠᠢᠭᠰᠠᠨ ᠤᠯᠤᠰ ᠣᠷᠣᠨ ᠨᠤᠭᠤᠳ ᠤ᠋ᠨ ᠲᠣᠭ᠎ᠠ᠂ ᠣᠳᠣᠨ ᠣᠷᠣᠨ᠂ ᠵᠢᠷᠤᠬᠠᠢ ᠶ᠋ᠢᠨ ᠤᠬᠠᠭᠠᠨ ᠤ᠋ ᠣᠯᠠᠨ ᠮᠡᠷᠭᠡᠳ ᠲᠥᠷᠥ ᠶ᠋ᠢᠨ ᠵᠢᠷᠤᠬᠠᠢ ᠶ᠋ᠢ ᠮᠠᠭᠠᠳᠯᠠᠨ ᠰᠢᠯᠭᠠᠵᠤ ᠪᠠᠲᠤᠯᠠᠭᠠᠵᠢᠭᠤᠯᠤᠨ᠂ ᠬᠡᠷᠡᠭᠯᠡᠭᠰᠡᠭᠡᠷ ᠢᠷᠡᠭᠰᠡᠨ ᠪᠠᠢᠳᠠᠭ᠃ ᠡᠳᠦᠭᠡ ᠠᠽᠢᠶ᠎ᠠ ᠶ᠋ᠢᠨ ᠶᠡᠬᠡᠩᠬᠢ ᠣᠷᠣᠨ ᠨᠤᠭᠤᠳ ᠴᠣᠬᠣᠮ ᠬᠦ ᠡᠨᠡ ᠵᠢᠷᠤᠬᠠᠢ ᠶ᠋ᠢ ᠬᠡᠷᠡᠭᠯᠡᠨ ᠪᠣᠢ᠃
ᠮᠣᠩᠭᠣᠯᠴᠤᠳ 200 ᠭᠠᠷᠤᠢ ᠵᠢᠯ ᠮᠠᠨᠵᠤ ᠶ᠋ᠢᠨ ᠴᠢᠨ ᠤᠯᠤᠰ ᠤ᠋ᠨ ᠬᠠᠷᠢᠶᠠᠨ ᠳ᠋ᠤ᠌ ᠶᠠᠪᠤᠬᠤ ᠳ᠋ᠤ᠌ ᠪᠠᠨ ᠲᠡᠷᠡᠬᠦ ᠤᠯᠠᠮᠵᠢᠯᠠᠯᠲᠤ ᠰᠢᠷ᠎ᠠ ᠵᠢᠷᠤᠬᠠᠢ ᠪᠠᠷ ᠴᠠᠭᠠᠨ ᠰᠠᠷ᠎ᠠ ᠶ᠋ᠢᠨ ᠪᠠᠶᠠᠷ ᠲᠡᠮᠳᠡᠭᠯᠡᠳᠡᠭ ᠪᠠᠢᠭᠰᠠᠨ᠃ ᠬᠠᠷᠢᠨ 1911 ᠣᠨ ᠳ᠋ᠤ᠌ ᠲᠤᠰᠠᠭᠠᠷ ᠲᠣᠭᠲᠠᠨᠢᠯ ᠢ᠋ᠶ᠋ᠠᠨ ᠰᠡᠷᠭᠦᠭᠡᠵᠦ᠂ 8 ᠳ᠋ᠤᠭᠠᠷ ᠪᠣᠭᠳᠠ ᠵᠠᠪᠵᠠᠩᠳᠠᠮᠪᠠ ᠬᠤᠲᠤᠭᠲᠤ ᠬᠠᠭᠠᠨ ᠤ᠋ ᠵᠠᠷᠯᠢᠭ ᠢ᠋ᠶ᠋ᠠᠷ ᠲᠡᠭᠦᠰ ᠪᠤᠶᠠᠨᠲᠤ ᠶ᠋ᠢᠨ ᠵᠢᠷᠤᠬᠠᠢ ᠶ᠋ᠢ ᠪᠤᠴᠠᠭᠠᠨ ᠰᠡᠷᠭᠦᠭᠡᠨ ᠬᠡᠷᠡᠭᠯᠡᠬᠦ ᠪᠣᠯᠵᠠᠢ᠃ ᠴᠠᠭᠠᠨ ᠰᠠᠷ᠎ᠠ ᠪᠣᠯ ᠰᠢᠨ᠎ᠡ ᠵᠢᠯ ᠦ᠋ᠨ ᠪᠠᠶᠠᠷ ᠲᠡᠳᠦᠢ ᠦᠭᠡᠢ ᠮᠣᠩᠭᠣᠯ ᠤᠯᠤᠰ ᠤ᠋ᠨ ᠲᠤᠰᠠᠭᠠᠷ ᠲᠣᠭᠲᠠᠨᠢᠯ ᠤ᠋ᠨ ᠪᠡᠯᠭᠡᠳᠡᠯᠲᠦ ᠪᠠᠶᠠᠷ ᠭᠡᠵᠦ ᠦᠵᠡᠨ᠎ᠡ᠃
ᠴᠠᠭᠠᠨ ᠰᠠᠷ᠎ᠠ ᠶ᠋ᠢᠨ ᠲᠡᠦᠬᠡ
XIII ᠵᠠᠭᠤᠨ ᠤ᠋ ᠦᠶᠡᠰ ᠲᠩᠷᠢ ᠰᠢᠲᠦᠯᠭᠡ᠂ ᠪᠥᠬᠡ ᠶ᠋ᠢᠨ ᠶᠣᠰᠣᠭᠠᠷ ᠴᠠᠭᠠᠯᠠᠵᠤ ᠪᠠᠢᠭᠰᠠᠨ ᠲᠤᠬᠠᠢ ᠠᠯᠳᠠᠷᠲᠤ ᠠᠶᠠᠯᠠᠭᠴᠢ ᠮᠠᠷᠺᠣ ᠫᠣᠯᠣ ᠶ᠋ᠢᠨ ᠪᠢᠴᠢᠵᠦ ᠦᠯᠡᠳᠡᠭᠡᠭᠰᠡᠨ ᠡᠬᠢ ᠰᠤᠷᠪᠤᠯᠵᠢ ᠳ᠋ᠤ᠌ ᠲᠣᠳᠣᠷᠬᠠᠢ ᠭᠠᠷᠳᠠᠭ᠃ ᠪᠦᠬᠦ ᠬᠥᠮᠦᠨ ᠴᠠᠭᠠᠨ ᠰᠠᠷ᠎ᠠ ᠪᠠᠷ ᠴᠠᠭᠠᠨ ᠵᠢᠰᠦᠮ ᠦ᠋ᠨ ᠮᠣᠷᠢ ᠤᠨᠤᠵᠤ᠂ ᠴᠠᠭᠠᠨ ᠪᠥᠰ ᠢ᠋ᠶ᠋ᠡᠷ ᠬᠢᠭᠰᠡᠨ ᠬᠤᠪᠴᠠᠰᠤ ᠡᠮᠦᠰᠴᠦ᠂ ᠪᠡᠶ᠎ᠡ ᠪᠡᠶ᠎ᠡ ᠳ᠋ᠡᠭᠡᠨ ᠴᠠᠭᠠᠨ ᠬᠠᠳᠠᠭ ᠡᠷᠭᠦᠵᠦ᠂ ᠴᠠᠭᠠᠨ ᠢᠳᠡᠭᠡ ᠵᠣᠭᠣᠭᠯᠠᠳᠠᠭ ᠨᠢ ᠬᠡᠨ ᠬᠡᠨ ᠳ᠋ᠦ᠍ ᠪᠡᠨ ᠭᠬᠢᠷ ᠦᠭᠡᠢ ᠴᠠᠭᠠᠨ ᠰᠡᠳᠬᠢᠯ ᠢ᠋ᠶ᠋ᠡᠷ ᠶᠠᠪᠤᠵᠤ ᠪᠠᠢᠶ᠎ᠠ ᠭᠡᠰᠡᠨ ᠡᠪ ᠨᠠᠢᠷ ᠤ᠋ᠨ ᠪᠡᠯᠭᠡᠳᠡᠯ ᠪᠠᠢᠵᠤ᠃ ᠠᠯᠠᠭ᠎ᠠ ᠪᠠᠨ ᠳᠡᠯᠭᠡᠨ᠎ᠡ ᠭᠡᠳᠡᠭ ᠨᠠᠳᠠ ᠳ᠋ᠤ᠌ ᠵᠠᠷ ᠵᠡᠪᠰᠡᠭ ᠠᠯᠠᠭ᠎ᠠ᠂ ᠮᠢᠨᠦ ᠰᠡᠳᠬᠢᠯ ᠦ᠋ᠨ ᠥᠩᠭᠡ ᠡᠨᠡ ᠭᠡᠰᠡᠨ ᠤᠳᠬ᠎ᠠ ᠪᠢᠯᠡ᠃
XIII ᠵᠠᠭᠤᠨ ᠤ᠋ ᠣᠷᠴᠢᠮ ᠠ᠋ᠴᠠ ᠴᠠᠭᠠᠨ ᠰᠠᠷ᠎ᠠ ᠶ᠋ᠢ ᠬᠠᠪᠤᠷ ᠲᠡᠮᠳᠡᠭᠯᠡᠬᠦ ᠪᠣᠯᠵᠠᠢ᠃ ᠸ ∙ ᠢᠨᠵᠠᠨᠨᠠᠰᠢ ᠶ᠋ᠢᠨ 《ᠬᠥᠬᠡ ᠰᠤᠳᠤᠷ》 ᠷᠣᠮᠠᠨ ᠤ᠋ 39 ᠳ᠋ᠦ᠍ᠭᠡᠷ ᠪᠦᠯᠦᠭ ᠦ᠋ᠨ ᠡᠬᠢᠨ ᠳ᠋ᠦ᠍ 《IV ᠵᠢᠷᠠᠨ ᠤ᠋ ᠠᠩᠬᠠᠨ ᠤ᠋ ᠵᠢᠯ᠂ ᠤᠯᠠᠭᠴᠢᠨ ᠲᠠᠤᠯᠠᠢ ᠪᠤᠶᠤ 1207 ᠣᠨ ᠳ᠋ᠤ᠌ ᠴᠢᠩᠭᠢᠰ ᠬᠠᠭᠠᠨ ᠬᠤᠯᠤᠭᠠᠨ᠎ᠠ ᠴᠠᠭ ᠲᠤ᠌ ᠳᠡᠭᠡᠭᠰᠢᠯᠡᠨ᠂ ᠪᠡᠶ᠎ᠡ ᠪᠡᠨ ᠠᠷᠢᠭᠤᠳᠬᠠᠭᠠᠳ᠂ ᠶᠣᠰᠣᠨ ᠤ᠋ ᠬᠤᠪᠴᠠᠰᠤ ᠪᠠᠨ ᠡᠮᠦᠰᠴᠦ᠂ ᠥᠭᠡᠯᠦᠨ ᠡᠵᠢ ᠳ᠋ᠦ᠍ ᠪᠡᠨ ᠮᠥᠷᠭᠥᠵᠦ᠂ ᠣᠷᠳᠣᠨ ᠠ᠋ᠴᠠ ᠪᠠᠨ ᠵᠠᠯᠠᠷᠠᠵᠤ ᠭᠠᠷᠴᠤ ᠢᠷᠡᠬᠦ ᠳ᠋ᠦ᠍ ᠶᠢᠰᠦᠨ ᠵᠦᠢᠯ ᠦ᠋ᠨ ᠭᠦᠨ ᠨᠠᠷᠢᠨ ᠬᠥᠭᠵᠢᠮ᠂ ᠠᠯᠲᠠᠨ ᠬᠠᠰ ᠤ᠋ᠨ ᠴᠢᠮᠡᠭᠡ ᠳᠠᠭᠤᠷᠢᠰᠬᠠᠵᠤ᠂ ᠵᠦᠩ ᠬᠡᠩᠭᠡᠷᠭᠡ ᠳᠡᠯᠡᠳᠦᠨ ᠤᠭᠲᠤᠪᠠ᠃ ᠴᠢᠩᠭᠢᠰ ᠬᠠᠭᠠᠨ ᠬᠠᠷᠢᠶᠠᠲᠤ ᠣᠯᠠᠨ ᠳ᠋ᠤ᠌ ᠪᠠᠨ ᠲᠩᠷᠢ ᠶ᠋ᠢᠨ ᠬᠥᠪᠡᠭᠦᠨ ᠦ᠌ ᠳᠣᠬᠢᠶ᠎ᠠ ᠲᠡᠮᠳᠡᠭ᠂ ᠬᠥᠭᠵᠢᠮ ᠰᠡᠯᠲᠦᠰᠦ ᠴᠥᠮ ᠡᠮᠦᠨᠡᠲᠦ ᠳᠤᠮᠳᠠᠳᠤ ᠶ᠋ᠢᠨ ᠬᠠᠤᠯᠢ ᠳᠦᠷᠢᠮ ᠪᠣᠯᠠᠢ᠃ ᠪᠢ ᠥᠪᠡᠷ ᠢ᠋ᠶ᠋ᠡᠨ ᠠᠷᠠᠰᠤᠨ ᠳᠡᠪᠡᠯ ᠲᠡᠢ ᠮᠣᠩᠭᠣᠯ ᠬᠥᠮᠦᠨ᠃ ᠲᠠ ᠪᠦᠬᠦᠨ ᠬᠠᠭᠠᠨ ᠡᠷᠭᠦᠮᠵᠢᠯᠡᠵᠦ ᠶᠡᠬᠡ ᠰᠠᠭᠤᠷᠢᠨ ᠳ᠋ᠤ᠌ ᠰᠠᠭᠤᠯᠭᠠᠨ᠃ ᠥᠨᠥᠳᠥᠷ ᠦ᠋ᠨ ᠶᠣᠰᠣᠯᠠᠯ ᠰᠦᠷᠳᠡᠭᠦᠯᠦᠨ ᠴᠣᠴᠢᠭᠠᠬᠤ ᠲᠥᠯᠥᠪ ᠪᠠᠢᠳᠠᠯ ᠲᠠᠢ ᠤᠴᠢᠷ ᠠᠷᠤ ᠭᠠᠵᠠᠷ ᠲᠠᠭᠠᠷᠠᠬᠤ ᠦᠭᠡᠢ》 ᠭᠡᠰᠡᠨ ᠪᠠᠢᠳᠠᠭ᠃
ᠮᠣᠩᠭᠣᠯᠴᠤᠳ ᠴᠠᠭᠠᠨ ᠰᠠᠷ᠎ᠠ ᠳ᠋ᠤ᠌ ᠪᠡᠯᠡᠳᠬᠦ ᠳ᠋ᠦ᠍ ᠪᠡᠨ ᠡᠷᠲᠡᠨ ᠡᠴᠡ ᠬᠠᠰᠢᠶ᠎ᠠ ᠬᠣᠷᠣᠭ᠎ᠠ ᠪᠠᠨ ᠴᠡᠪᠡᠷᠯᠡᠵᠦ᠂ ᠮᠠᠯ ᠤ᠋ᠨ ᠬᠠᠰᠢᠶ᠎ᠠ ᠶ᠋ᠢ ᠪᠡᠨ ᠵᠠᠰᠠᠨ ᠰᠡᠷᠭᠦᠭᠡᠨ ᠵᠠᠰᠠᠪᠤᠷᠢᠯᠠᠨ᠎ᠠ᠃ ᠭᠡᠷ ᠦ᠋ᠨ ᠭᠠᠳᠠᠨ᠎ᠠ ᠳᠣᠲᠣᠷ᠎ᠠ ᠦᠭᠡᠢ ᠲᠣᠭᠣᠰᠣ ᠰᠢᠷᠣᠢ ᠶ᠋ᠢ ᠪᠡᠨ ᠭᠦᠪᠢᠵᠦ᠂ ᠭᠬᠢᠷ ᠪᠤᠷᠲᠠᠭ ᠪᠦᠬᠦᠢ ᠵᠦᠢᠯᠡᠰ ᠢ᠋ᠶ᠋ᠡᠨ ᠤᠬᠢᠶᠠᠨ ᠴᠡᠪᠡᠷᠯᠡᠵᠦ ᠴᠠᠭᠠᠨ ᠰᠠᠷ᠎ᠠ ᠳ᠋ᠤ᠌ ᠪᠠᠨ ᠭᠬᠢᠷ ᠪᠤᠷᠲᠠᠭ ᠦᠭᠡᠢ᠂ ᠬᠠᠷᠢᠶᠠᠯ ᠮᠠᠭᠤ ᠦᠭᠡ ᠠᠮᠠᠨ ᠠ᠋ᠴᠠ ᠪᠠᠨ ᠤᠨᠠᠭᠠᠬᠤ ᠦᠭᠡᠢ᠂ ᠰᠢᠨ᠎ᠡ ᠳᠡᠪᠡᠯ ᠬᠤᠪᠴᠠᠰᠤ ᠣᠶᠣᠵᠤ᠂ ᠰᠢᠨ᠎ᠡ ᠣᠨ ᠳ᠋ᠤ᠌ ᠪᠠᠨ ᠠᠷᠢᠭᠤᠨ ᠲᠤᠩᠭᠠᠯᠠᠭ ᠰᠠᠢᠨ ᠰᠠᠢᠬᠠᠨ ᠪᠦᠬᠦᠨ ᠢ᠋ ᠪᠡᠯᠡᠭᠰᠢᠶᠡᠨ ᠵᠣᠯᠭᠠᠨ ᠤᠭᠲᠤᠨ᠎ᠠ᠃ ᠰᠡᠳᠬᠢᠯ ᠰᠠᠨᠠᠭ᠎ᠠ ᠪᠠᠨ ᠠᠷᠢᠭᠤᠰᠬᠠᠨ ᠥᠷᠢ ᠰᠢᠷᠢ ᠦᠭᠡᠢ᠂ ᠮᠠᠭᠤ ᠮᠠᠭᠤᠬᠠᠢ ᠪᠦᠬᠦᠨ ᠢ᠋ ᠡᠴᠦᠰ ᠲᠡᠭᠦᠰᠬᠡᠯ ᠪᠣᠯᠭᠠᠨ ᠰᠠᠢᠨ ᠰᠠᠢᠬᠠᠨ ᠪᠦᠬᠦᠨ ᠦ᠌ ᠲᠥᠯᠥᠭᠡ ᠥᠩᠭᠡᠷᠡᠭᠰᠡᠨ ᠮᠠᠭᠤᠬᠠᠢ ᠶ᠋ᠢ ᠮᠠᠷᠲᠠᠵᠤ ᠮᠠᠷᠭᠠᠰᠢ ᠶ᠋ᠢᠨ ᠰᠢᠨ᠎ᠡ ᠡᠳᠦᠷ ᠰᠢᠨ᠎ᠡ ᠠᠮᠢᠳᠤᠷᠠᠯ ᠢ᠋ ᠥᠭᠡᠳᠡᠷᠡᠭ ᠢ᠋ᠶ᠋ᠡᠷ ᠤᠭᠲᠤᠨ᠎ᠠ᠃
