ᠲᠡᠮᠡᠭᠡ- ᠳᠣᠮᠣᠭ ᠦᠯᠢᠭᠡᠷтэмээ- домог үлгэр
ᠲᠡᠮᠡᠭᠡ
ᠥᠨᠥᠳᠥᠷ ᠪᠢ ᠲᠠ ᠨᠠᠷ ᠲᠤ᠌ ᠪᠠᠨ
《ᠲᠡᠮᠡᠭᠡ》ᠭᠡᠰᠡᠨ ᠳᠣᠮᠣᠭ ᠦᠯᠢᠭᠡᠷ ᠢ᠋ ᠤᠩᠰᠢᠵᠤ ᠥᠭᠬᠦᠶ᠎ᠡ
ᠡᠷᠲᠡ ᠤᠷᠢᠳᠤ ᠶ᠋ᠢᠨ ᠴᠠᠭ ᠲᠤ᠌
ᠪᠤᠷᠬᠠᠨ ᠪᠠᠭᠰᠢ ᠡᠷᠯᠢᠭ ᠨᠣᠮᠣᠨ ᠬᠠᠭᠠᠨ ᠬᠣᠶᠠᠷ
《ᠣᠷᠴᠢᠯᠠᠩ ᠤ᠋ᠨ ᠬᠥᠮᠦᠰ ᠦ᠋ᠨ ᠰᠣᠨᠢᠨ ᠭᠠᠢᠬᠠᠮᠰᠢᠭ ᠪᠣᠯᠤᠭᠰᠠᠨ
ᠨᠢᠭᠡ ᠨᠢᠭᠡ ᠠᠮᠢᠲᠠᠨ ᠢ᠋ ᠬᠢᠶ᠎ᠡ》ᠭᠡᠵᠦ᠂ ᠬᠠᠷᠢᠯᠴᠠᠨ ᠶᠠᠷᠢᠯᠴᠠᠵᠠᠢ᠃
ᠪᠤᠷᠬᠠᠨ ᠪᠠᠭᠰᠢ ᠠᠳᠤᠭᠤᠳ ᠰᠦᠷᠦᠭ ᠦ᠋ᠨ ᠮᠠᠩᠯᠠᠢ ᠪᠣᠯᠤᠭᠰᠠᠨ
《ᠠᠷᠭᠤᠮᠠᠭ ᠰᠠᠢᠬᠠᠨ ᠬᠦᠯᠦᠭ》ᠭᠡᠵᠦ ᠬᠢᠭᠰᠡᠨ ᠨᠢ
《ᠡᠷ᠎ᠡ ᠬᠥᠮᠦᠨ ᠦ᠌ ᠬᠡᠢᠮᠣᠷᠢ ᠰᠡᠷᠭᠦᠭᠡᠮᠡᠷ
ᠦᠨᠡᠬᠡᠷ ᠰᠠᠢᠬᠠᠨ ᠠᠮᠢᠲᠠᠨ ᠪᠣᠯᠵᠠᠢ》ᠭᠡᠵᠦ
ᠽᠠᠮᠪᠤᠲᠢᠪ ᠤ᠋ᠨ ᠬᠥᠮᠦᠰ ᠭᠠᠢᠬᠠᠵᠠᠭᠠᠵᠠᠢ ᠭᠡᠨ᠎ᠡ᠃
ᠡᠭᠦᠨ ᠢ᠋ ᠨᠢ ᠬᠠᠷᠠᠭᠰᠠᠨ ᠡᠷᠯᠢᠭ ᠨᠣᠮᠣᠨ ᠬᠠᠭᠠᠨ
ᠬᠣᠣᠷ ᠰᠢᠷ᠎ᠠ ᠳ᠋ᠤ᠌ ᠪᠠᠨ
ᠡᠭᠦᠨ ᠡᠴᠡ ᠢᠯᠡᠭᠦᠦ ᠰᠣᠨᠢᠨ ᠰᠠᠢᠬᠠᠨ
ᠠᠮᠢᠲᠠᠨ ᠬᠢᠶ᠎ᠡ ᠭᠡᠵᠦ ᠪᠣᠳᠣᠭᠠᠳ
ᠭᠡᠲᠡᠬᠡᠷ ᠤᠷᠲᠤ ᠬᠦᠵᠦᠭᠦᠦ ᠲᠡᠢ᠂
ᠴᠣᠳᠣᠢᠭᠰᠠᠨ ᠲᠣᠮᠣ ᠭᠡᠳᠡᠰᠦ ᠲᠡᠢ᠂
ᠭᠣᠳᠣᠭᠣᠷ ᠨᠠᠷᠢᠬᠠᠨ ᠰᠡᠭᠦᠯ ᠲᠡᠢ᠂
ᠬᠣᠶᠠᠷ ᠱᠣᠮᠪᠣᠭᠣᠷ ᠪᠦᠬᠦ ᠲᠡᠢ᠂
ᠡᠲᠡᠭᠡᠳ ᠰᠣᠨᠢᠨ ᠠᠮᠢᠲᠠᠨ ᠬᠢᠵᠦ ᠭᠡᠨ᠎ᠡ᠃
ᠢᠩᠭᠢᠵᠦ ᠡᠷᠯᠢᠭ ᠨᠣᠮᠣᠨ ᠬᠠᠭᠠᠨ ᠽᠠᠮᠪᠤᠲᠢᠪ ᠲᠤ᠌
ᠲᠡᠮᠡᠭᠡ ᠶ᠋ᠢ ᠪᠣᠢ ᠪᠣᠯᠭᠠᠭᠰᠠᠨ ᠭᠡᠨ᠎ᠡ᠃
ᠲᠡᠮᠡᠭᠡ ᠡᠢᠮᠦ ᠡᠲᠡᠭᠡᠳ ᠰᠣᠨᠢᠨ
ᠲᠥᠷᠬᠦ ᠲᠡᠢ ᠠᠮᠢᠲᠠᠨ ᠪᠣᠯᠬᠣᠷ
ᠬᠥᠮᠦᠨ ᠡᠴᠡ ᠥᠭᠡᠷ᠎ᠡ ᠲᠡᠮᠡᠭᠡᠨ ᠡᠴᠡ ᠭᠡᠳᠡᠭᠡᠷ
ᠭᠡᠳᠡᠭ ᠦᠭᠡ ᠭᠠᠷᠤᠭᠰᠠᠨ ᠶᠤᠮ ᠭᠡᠨ᠎ᠡ᠃
