ᠳᠡᠩᠳᠡᠬᠦᠦ ᠳᠡᠨᠳᠡᠪ – ᠯ᠂ ᠪᠠᠳᠠᠷᠴᠢ Дэндүү дэндэв – Л ᠂ Бадарч ᠬᠣᠱᠣᠩ ᠱᠣᠭ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠳᠡᠩᠳᠡᠬᠦᠦ ᠳᠡᠨᠳᠡᠪ – ᠯ᠂ ᠪᠠᠳᠠᠷᠴᠢ Дэндүү дэндэв – Л ᠂ Бадарч

ᠳᠡᠩᠳᠡᠬᠦᠦ ᠳᠡᠨᠳᠡᠪ – ᠯ᠂ ᠪᠠᠳᠠᠷᠴᠢ Дэндүү дэндэв – Л ᠂ Бадарч

ᠠᠩᠭᠢᠯᠠᠯ:ᠬᠣᠱᠣᠩ ᠱᠣᠭ
2023-07-11

319

ᠳᠡᠩᠳᠡᠬᠦᠦ ᠳᠡᠨᠳᠡᠪ


                                    ( ᠱᠣᠭ ᠥᠭᠦᠯᠡᠯᠭᠡ ) 

      ᠠᠯᠢᠶ᠎ᠠ ᠭᠠᠯᠰᠠᠩ ᠭᠤᠸᠠᠢ ᠶ᠋ᠢ ᠲᠠ ᠲᠠᠨᠢᠬᠤ ᠤᠤ ?  ᠮᠥᠨ ᠰᠦᠷᠡᠬᠡᠢ ᠠᠯᠢᠶ᠎ᠠ ᠬᠥᠮᠦᠨ ᠶᠦᠮ ᠰᠢᠦ ᠂ ᠪᠢ ᠬᠡᠳᠦᠨ ᠵᠢᠯ ᠦ᠋ᠨ ᠡᠮᠦᠨ᠎ᠡ ᠠᠯᠢᠶ᠎ᠠ ᠭᠠᠯᠰᠠᠩ ᠲᠠᠢ ᠠᠭᠤᠯᠵᠠᠵᠤ ᠪᠢᠯᠡ ᠃ ᠲᠡᠭᠡᠬᠦ ᠳ᠋ᠦ᠍ ᠭᠠᠯᠰᠠᠩ ᠭᠤᠸᠠᠢ ᠨᠡᠢᠰᠯᠡᠯ ᠦ᠋ᠨ ᠨᠢᠭᠡ ᠪᠠᠢᠭᠤᠯᠭ᠎ᠠ ᠳ᠋ᠤ᠌ ᠮᠣᠷᠢᠨ ᠲᠡᠷᠭᠡ ᠬᠥᠲᠥᠯᠳᠡᠭ ᠪᠠᠢᠯ᠎ᠠ᠃ ᠨᠠᠮᠤᠷ ᠤ᠋ᠨ ᠠᠵᠢᠷᠭᠠᠨ ᠪᠣᠷᠣᠭ᠎ᠠ ᠵᠦᠰᠡᠷᠡᠭᠰᠡᠨ ᠨᠢᠭᠡ ᠡᠳᠦᠷ ᠪᠢ ᠂ ᠲᠡᠭᠦᠨ ᠢ᠋ ᠰᠤᠷᠠᠯᠠᠭᠰᠠᠭᠠᠷ ᠠᠵᠢᠯᠯᠠᠳᠠᠭ ᠭᠠᠵᠠᠷ ᠤ᠋ᠨ ᠬᠢᠨᠢ ᠠᠵᠤ ᠠᠬᠤᠢ ᠶ᠋ᠢᠨ ᠬᠠᠰᠢᠶᠠᠨ ᠳ᠋ᠤ᠌ ᠣᠴᠢᠯ᠎ᠠ᠃ ᠰᠠᠢᠳ ᠳᠠᠷᠤᠭ᠎ᠠ ᠨᠠᠷ ᠤ᠋ᠨ ᠢ᠋ᠶ᠋ᠠᠨ ᠨᠢᠳᠦᠨ ᠡᠴᠡ ᠳᠠᠯᠳᠠ ᠪᠠᠢᠳᠠᠭ ᠰᠠᠩ ᠤ᠋ᠨ ᠬᠠᠰᠢᠶ᠎ᠠ ᠵᠠᠪᠠᠯ ᠵᠠᠮᠪᠠᠷᠠᠭ᠎ᠠ ᠦᠭᠡᠢ ᠪᠠᠢᠳᠠᠭ ᠶᠣᠰᠣᠲᠠᠢ ᠪᠢᠰᠢ ᠪᠣᠯᠪᠠᠴᠤ ᠲᠡᠷᠡ ᠬᠠᠰᠢᠶ᠎ᠠ ᠲᠡᠢᠮᠦ ᠶᠣᠰᠣᠲᠠᠢ  ᠶᠤᠮ ᠰᠢᠭ᠋ ᠲᠡᠮᠡᠭᠡ ᠲᠤᠶᠢᠯᠵᠤ ᠂ ᠲᠡᠷᠭᠡ ᠬᠥᠭᠯᠡᠭᠦᠯᠴᠢᠬᠡᠭᠰᠡᠨ ᠶᠦᠮ ᠦᠦ ᠳᠡ ᠭᠡᠮᠡᠷ ᠪᠠᠢᠵᠤ ᠪᠢᠯᠡ᠃ ᠬᠠᠰᠢᠶᠠᠨ ᠤ᠋ ᠬᠢᠨᠢ ᠬᠠᠭᠠᠯᠭ᠎ᠠ ᠥᠥ᠋ᠷᠥᠭᠡᠰᠦᠨ ᠳᠠᠯᠪᠠᠭ᠎ᠠ ᠦᠭᠡᠢ ᠥᠷᠥᠭᠡᠰᠦᠨ ᠨᠢ ᠳᠠᠯᠪᠠᠭᠲᠠᠯ᠎ᠠ ᠣᠢᠴᠢᠭᠠᠳ ᠬᠠᠭᠠᠭᠳᠠᠬᠤ ᠪᠠᠨ ᠪᠤᠯᠢᠴᠢᠬᠠᠭᠰᠠᠨ ᠠᠵᠢ᠃ ᠡᠢᠮᠦ ᠬᠠᠭᠠᠯᠭ᠎ᠠ ᠶ᠋ᠢ ᠮᠥᠩᠬᠡ ᠶ᠋ᠢᠨ ᠣᠩᠭᠣᠷᠬᠠᠢ ᠬᠠᠭᠠᠯᠭ᠎ᠠ ᠭᠡᠯᠲᠡᠢ ᠃  
      ᠲᠡᠷᠡ ᠮᠥᠩᠬᠡ ᠶ᠋ᠢᠨ ᠬᠠᠭᠠᠯᠭ᠎ᠠ ᠪᠠᠷ ᠣᠷᠣᠪᠠᠯ ᠂ ᠬᠠᠰᠢᠶ᠎ᠠ ᠳᠣᠲᠣᠷ᠎ᠠ ᠨᠢ ᠭᠢᠰᠬᠢᠬᠦ ᠭᠠᠵᠠᠷ ᠦᠭᠡᠢ ᠱᠠᠯᠪᠠᠭ ᠨᠠᠯᠠᠢᠵᠤ᠂ ᠡᠯᠳᠡᠪ ᠦ᠋ᠨ ᠬᠣᠭ ᠳᠣᠲᠣᠷ᠎ᠠ ᠨᠢ ᠬᠥᠪᠦᠭᠡᠳ ᠪᠣᠷᠣᠭᠠᠨ ᠤ᠋ ᠳᠤᠰᠤᠯ ᠤ᠋ᠨ ᠠᠶ᠎ᠠ ᠪᠠᠷ ᠢᠵᠠᠭᠠᠨᠠᠨ ᠪᠤᠴᠠᠯᠵᠤ ᠪᠠᠢᠪᠠ ᠃ ᠲᠡᠷᠡ ᠱᠠᠯᠪᠠᠭ ᠳᠤᠮᠳᠠᠭᠤᠷ ᠰᠢᠨᠡᠬᠡᠨ ᠲᠤᠢᠫᠤᠤ᠂ ᠴᠠᠭᠠᠰᠤᠨ ᠬᠡᠦᠳᠡᠢ ᠲᠡᠢ ᠼᠸᠮᠸᠨᠲ᠂ ᠮᠣᠳᠣᠨ ᠬᠠᠢᠷᠴᠠᠭ ᠲᠠᠢ ᠬᠠᠳᠠᠭᠠᠰᠤ᠂ ᠡᠪᠳᠡᠷᠡᠭᠰᠡᠨ ᠰᠠᠨᠳᠠᠯᠢ ᠶ᠋ᠢᠨ ᠵᠥᠭᠡᠯᠡᠪᠴᠢ ᠂ ᠵᠢᠪᠡᠷᠡᠭᠰᠡᠨ ᠲᠡᠮᠦᠷ ᠬᠤᠪᠢᠩ᠂ ᠠᠺᠺᠥ᠋ᠮᠯᠶᠠᠲ᠋ᠣᠷ ( ᠳ᠋ᠢᠶᠠᠨ ᡂᠢ) ᠂ ᠷᠠᠳᠢᠶᠠᠲ᠋ᠣᠷ ( ᠬᠥᠷᠥᠭᠡᠬᠦ ᠲᠥᠬᠥᠭᠡᠷᠦᠮᠵᠢ) ᠂ ᠶᠠᠢᠪᠠᠢᠭᠰᠠᠨ ᠶᠠᠨᠲᠤᠩ ᠂ ᠶᠠᠢᠪᠠᠢᠭᠰᠠᠨ ᠳᠠᠩᠳᠦᠩ (ᠬᠣᠭ ᠬᠠᠶᠠᠬᠤ ᠰᠠᠪᠠ) ᠵᠡᠷᠭᠡ ᠶᠠᠩᠵᠤ ᠪᠦᠷᠢ ᠶ᠋ᠢᠨ ᠶᠠᠭᠤᠮ᠎ᠠ ᠪᠠᠷ ᠳᠠᠮᠵᠢᠭᠤᠷ ᠲᠠᠯᠪᠢᠵᠠᠢ ᠃  
      ᠨᠠᠮ᠎ᠠ ᠶ᠋ᠢ ᠬᠠᠰᠢᠶᠠᠨ ᠳᠤᠮᠳᠠ ᠬᠦᠷᠦᠭᠡ ᠦᠭᠡᠢ ᠶᠠᠪᠤᠲᠠᠯ᠎ᠠ ᠭᠠᠳᠠᠨ᠎ᠠ ᠠ᠋ᠴᠠ ᠶᠠᠨᠳᠠᠩ ᠴᠠᠭᠠᠨ ᠮᠣᠷᠢ ᠬᠥᠯᠦᠭᠰᠡᠨ ᠲᠡᠷᠭᠡ ᠣᠷᠣᠵᠤ ᠢᠷᠡᠪᠡ᠃ ᠲᠡᠷᠭᠡᠨ ᠳᠡᠭᠡᠷ᠎ᠡ ᠨᠡᠯᠢᠶᠡᠳ ᠶᠠᠭᠤᠮ᠎ᠠ ᠠᠴᠢᠭᠠᠳ ᠬᠣᠶᠠᠷ ᠬᠥᠮᠦᠨ ᠰᠠᠭᠤᠵᠠᠢ᠃ ᠲᠡᠷᠡ ᠬᠣᠶᠠᠷ ᠤ᠋ᠨ ᠨᠢᠭᠡ ᠨᠢ ᠵᠢᠵᠢᠭᠬᠡᠨ ᠪᠡᠶ᠎ᠡ ᠲᠡᠢ᠂ ᠬᠥᠬᠡ ᠡᠪᠦᠭᠡᠨ ᠣᠨᠢᠭᠠᠷ ᠨᠢᠳᠦ ᠪᠡᠷ ᠢᠨᠢᠶᠡᠮᠰᠦᠭᠯᠡᠨ᠎ᠡ᠃ ᠡᠨᠡ ᠪᠣᠯ ᠠᠯᠢᠶ᠎ᠠ ᠭᠠᠯᠰᠠᠩ ᠠᠵᠢ᠃ ᠨᠥᠭᠥᠭᠡᠬᠢ ᠨᠢ ᠳᠤᠮᠳᠠ ᠵᠡᠷᠭᠡ ᠶ᠋ᠢᠨ ᠨᠢᠷᠤᠭᠤ ᠲᠠᠢ᠂ ᠲᠤᠷᠠᠩᠬᠠᠢ ᠰᠢᠷ᠎ᠠ ᠴᠢᠷᠠᠢ ᠲᠠᠢ ᠢᠷᠪᠠᠭᠠᠷ  ᠬᠥᠮᠦᠨ᠂ ᠲᠡᠷᠡ ᠳᠡᠭᠡᠷ᠎ᠡ ᠲᠠᠯᠪᠢᠭ᠌ᠰᠠᠨ ᠳᠤᠭᠤᠢ ᠶ᠋ᠢ ᠬᠢᠴᠢᠶᠡᠩᠭᠦᠢᠯᠡᠨ ᠲᠦᠰᠢᠵᠦ ᠢᠷᠡᠵᠡᠢ᠃  ᠲᠡᠳᠡ ᠮᠣᠷᠢᠨ ᠲᠡᠷᠭᠡ  ᠪᠡᠨ ᠤᠬᠤᠷᠢᠭᠤᠯᠤᠨ᠂  ᠰᠺᠠᠯᠠᠳ᠋ (  ᠠᠭᠤᠯᠬᠤ᠂ ᠬᠥᠮᠥᠷᠭᠡ ) ᠶ᠋ᠢᠨ ᠬᠠᠭᠠᠯᠭᠠᠨ ᠳ᠋ᠤ᠌ ᠲᠤᠯᠭᠠᠨ ᠵᠣᠭᠰᠣᠭᠠᠭᠠᠳ ᠶᠠᠭᠤᠮ᠎ᠠ ᠪᠠᠨ ᠪᠠᠭᠤᠯᠭᠠᠬᠤ ᠪᠠᠷ ᠪᠡᠯᠡᠳᠬᠡᠪᠡ᠃ ᠨᠠᠮ᠎ᠠ ᠶ᠋ᠢ ᠭᠠᠯᠰᠠᠩ ᠭᠤᠸᠠᠢ ᠲᠠᠢ  ᠶᠠᠷᠢᠯᠴᠠᠵᠤ  ᠪᠠᠢᠬᠤ ᠵᠠᠭᠤᠷ᠎ᠠ ᠥᠨᠥᠬᠢ ᠢᠷᠪᠠᠭᠠᠷ ᠬᠥᠮᠦᠨ  ᠰᠺᠠᠯᠠᠳ᠋ ᠤ᠋ᠨ ᠢ᠋ᠶ᠋ᠠᠨ ᠬᠠᠭᠠᠯᠭ᠎ᠠ ᠶ᠋ᠢ ᠨᠡᠭᠡᠭᠡᠵᠦ ᠨᠠᠨᠳᠢᠨ ᠳᠤᠭᠤᠢ ᠪᠠᠨ ᠡᠷᠭᠦᠵᠦ ᠠᠪᠠᠴᠢᠭᠠᠳ  ᠰᠺᠠᠯᠠᠳ᠋ ᠲᠠᠭᠠᠨ ᠣᠷᠣᠭᠤᠯᠤᠯ᠎ᠠ᠃  ᠲᠡᠭᠡᠭᠡᠳ ᠲᠡᠷᠡ ᠬᠥᠮᠦᠨ ᠲᠡᠷᠭᠡᠨ ᠳᠡᠭᠡᠷ᠎ᠡ ᠪᠠᠢᠭᠰᠠᠨ ᠴᠠᠭᠠᠰᠤᠨ ᠬᠠᠢᠷᠴᠠᠭ ᠲᠠᠢ ᠶᠠᠭᠤᠮ᠎ᠠ ᠶ᠋ᠢ ᠰᠢᠭᠦᠷᠡᠵᠦ ᠠᠪᠤᠭᠠᠳ ᠰᠺᠠᠯᠠᠳ᠋ ᠤ᠋ᠨ ᠢ᠋ᠶ᠋ᠠᠨ ᠱᠠᠯᠠ ᠳᠡᠭᠡᠷ᠎ᠡ ᠳ᠋ᠦ᠍ᠷ ᠲᠠᠷ ᠬᠢᠲᠡᠯ᠎ᠡ ᠨᠢ ᠰᠢᠷᠦᠭᠦᠨ ᠳᠣᠷᠢᠭᠤᠨ ᠲᠠᠯᠪᠢᠵᠤ ᠡᠬᠢᠯᠡᠪᠡ᠃ 
      – ᠡᠨᠡ ᠴᠢᠨᠢ ᠴᠢᠳᠡᠩ ( ᠴᠠᠬᠢᠯᠭᠠᠨ ᠳ᠋ᠧᠩ) ᠦ᠋ᠨ ᠪᠦᠷᠬᠦᠭᠦᠯ᠂ ᠷᠠᠳᠢᠣ᠋ ᠡᠨᠡ ᠲᠡᠷᠡ ᠭᠡᠰᠡᠨ ᠳᠠᠩᠳᠠ ᠡᠮᠵᠡᠭ ᠶᠠᠭᠤᠮ᠎ᠠ ᠭᠡᠳᠡᠭ ᠢ᠋ ᠳᠠᠨᠳᠠᠪ ᠮᠢᠨᠢ ᠴᠢ ᠥᠪᠡᠷ ᠢ᠋ᠶ᠋ᠡᠨ ᠰᠠᠢᠨ ᠮᠡᠳᠡᠬᠦ ᠬᠥᠮᠦᠨ᠂ ᠲᠡᠭᠡᠭᠡᠳ ᠶᠠᠭᠠᠬᠢᠭ᠌ᠰᠠᠨ ᠴᠤ᠌ ᠰᠢᠷᠦᠭᠦᠨ ᠬᠠᠶᠠᠯᠠᠵᠤ ᠰᠠᠴᠤᠯᠠᠬᠤ ᠶᠤᠮ ᠪᠣᠢ ᠳᠠ᠁ ᠭᠡᠵᠦ ᠭᠠᠯᠰᠠᠩ ᠭᠤᠸᠠᠢ ᠪᠠᠪᠠᠲᠤᠨᠠᠭᠠᠳ ᠲᠡᠷᠡ ᠶᠠᠭᠤᠮᠠᠰ ᠢ᠋ ᠶᠡᠬᠡ ᠯᠡ ᠪᠣᠯᠭᠣᠮᠵᠢᠯᠠᠨ ᠵᠥᠭᠡᠭᠡᠬᠦ ᠵᠠᠭᠤᠷ᠎ᠠ ᠨᠠᠳᠠ ᠬᠠᠨᠳᠤᠵᠤ ᠬᠡᠯᠡᠭᠰᠡᠨ ᠨᠢ᠄ 
      – ᠡᠨᠡ ᠳᠠᠨᠳᠠᠪ ᠡᠨᠳᠡᠬᠢ ᠶ᠋ᠢᠨ ᠠᠵᠤ ᠠᠭᠤᠢ ᠶ᠋ᠢᠨ ᠳᠠᠷᠤᠭ᠎ᠠ᠂ ᠺᠣᠮᠸᠨᠳ᠋ᠨᠠᠲ᠋  ( ᠡᠷᠬᠢᠯᠡᠭᠴᠢ) ᠬᠣᠶᠠᠷ ᠢ᠋ ᠬᠠᠪᠰᠤᠷᠤᠨ ᠬᠢᠵᠦ ᠪᠠᠢᠭ᠎ᠠ ᠶᠤᠮ᠃ ᠨᠢᠮᠪᠠᠢᠯᠠᠬᠤ ᠶᠠᠭᠤᠮᠠᠨ ᠳᠡᠭᠡᠷ᠎ᠡ ᠡᠨᠡ ᠰᠢᠭ ᠨᠢᠮᠪᠠᠢ ᠬᠥᠮᠦᠨ ᠣᠯᠬᠤ ᠳ᠋ᠤ᠌ ᠪᠡᠷᠬᠡ᠂ ᠲᠡᠷᠡ ᠳᠤᠭᠤᠢ ᠶ᠋ᠢ ᠬᠠᠷᠠ᠂ ᠠᠷᠪᠠᠨ ᠵᠢᠯ ᠤᠨᠤᠭᠰᠠᠨ ᠭᠡᠬᠦ ᠳ᠋ᠦ᠍ ᠣᠳᠣ ᠴᠤ᠌ ᠰᠢᠨ᠎ᠡ ᠪᠡᠷ ᠰᠢᠦ᠃ ᠡᠬᠡᠨᠡᠷ ᠳᠤᠭᠤᠢ ᠬᠣᠶᠠᠷ ᠤ᠋ᠨ ᠠᠯᠢᠨ ᠳ᠋ᠤᠨᠢ ᠢᠯᠡᠭᠦᠦ ᠬᠠᠢᠷᠠᠲᠠᠢ ᠪᠣᠢ ᠭᠡᠵᠦ ᠠᠰᠠᠭᠤᠪᠠᠯ ᠳᠠᠨᠳᠠᠪ ᠳᠤᠭᠤᠢ ᠳ᠋ᠠᠭᠠᠨ ᠬᠠᠢᠷᠠᠲᠠᠢ ᠭᠡᠬᠦ ᠬᠥᠮᠦᠨ ᠶᠦᠮ ᠰᠢᠦ᠃ 
       – ᠳᠠᠨᠳᠠᠪ ᠴᠢᠨᠦ ᠡᠨᠡ ᠴᠢᠨᠢ  ᠭᠸᠷᠮᠠᠨ ᠳᠤᠭᠤᠢ ᠭᠡᠳᠡᠭ ᠪᠠᠢᠬ᠎ᠠ ᠠ᠋ ᠭᠡᠵᠦ ᠶᠣᠵᠣᠲᠠᠢ ᠨᠢ ᠠᠷᠭ᠎ᠠ ᠦᠭᠡᠢ ᠬᠡᠯᠡᠭᠡᠳ ᠨᠠᠳᠠ ᠤᠷᠤᠭᠤ ᠨᠢᠳᠦ ᠪᠡᠨ ᠢᠷᠮᠡᠵᠦ ᠪᠠᠢᠵᠤ ᠪᠢᠯᠡ᠃ ᠲᠡᠳᠡ ᠶᠠᠭᠤᠮ᠎ᠠ ᠪᠠᠨ ᠣᠷᠣᠭᠤᠯᠵᠤ ᠭᠦᠢᠴᠡᠯ᠎ᠡ᠂ ᠳᠠᠨᠳᠠᠪ ᠰᠺᠠᠯᠠᠳ᠋ ᠤ᠋ᠨ ᠢ᠋ᠶ᠋ᠠᠨ ᠳᠣᠲᠣᠭᠠᠳᠤ ᠪᠠᠢᠳᠠᠯ ᠢ᠋ ᠨᠢᠭᠡ ᠰᠢᠷᠪᠠᠵᠤ ᠬᠠᠷᠠᠯ᠎ᠠ᠃ ᠡᠨᠡ ᠰᠺᠠᠯᠠᠳ ᠲᠤ᠌ ᠰᠠᠢᠬᠠᠨ ᠡᠳ᠋ ᠬᠣᠭ᠌ᠰᠢᠯ ᠵᠥᠩᠳᠡᠭᠡᠨ ᠪᠠᠢᠭ᠎ᠠ ᠪᠣᠯᠪᠠᠴᠤ ᠪᠣᠬᠢᠷ ᠱᠠᠯᠠᠨ ᠳᠡᠭᠡᠷ᠎ᠡ ᠬᠣᠭ ᠰᠤᠭ ᠰᠢᠭ᠋ ᠣᠪᠣᠭᠠᠯᠠᠵᠤ ᠣᠷᠭᠢᠭ᠌ᠰᠠᠨ ᠨᠢ ᠬᠠᠷ᠎ᠠ  ᠪᠠᠭᠤᠮᠠᠷ ᠰᠠᠨᠠᠭᠳᠠᠯ᠎ᠠ᠃ ᠲᠡᠷᠡ ᠶᠠᠭᠤᠮᠠᠰ ᠤ᠋ᠨ ᠳᠣᠣᠷ᠎ᠠ ᠠ᠋ᠴᠠ ᠨᠢᠭᠡ ᠰᠠᠢᠬᠠᠨ ᠴᠢᠨᠣ᠎ᠠ ᠶ᠋ᠢᠨ ᠳᠠᠬᠤ ᠶ᠋ᠢᠨ ᠬᠠᠨᠴᠤᠢ ᠴᠤᠬᠤᠢᠵᠤ ᠪᠠᠢᠭᠰᠠᠨ ᠢ᠋ᠶ᠋ᠠᠷ ᠳᠠᠨᠳᠠᠪ 《  ᠳᠠᠨᠳᠠᠪ ᠪᠣᠷᠣᠭᠠᠨ ᠳ᠋ᠤ᠌ ᠶᠠᠭᠠᠬᠢᠮᠤᠢ ᠭᠡᠵᠦ ᠡᠮᠦᠰᠴᠦ ᠶᠠᠪᠤᠭ᠎ᠠ 》  ᠮᠠᠢᠵᠢᠭᠠᠢ ᠭᠤᠲᠤᠯ ᠤ᠋ᠨ ᠢ᠋ᠶ᠋ᠠᠨ ᠰᠢᠪᠠᠬᠠᠢ ᠶ᠋ᠢ ᠠᠵᠢᠭ ᠴᠤ᠌ ᠦᠭᠡᠢ ᠠᠷᠴᠢᠵᠤ ᠪᠠᠢᠪᠠ ᠃  ᠲᠡᠭᠡᠭᠰᠡᠨ ᠢ᠋ᠶ᠋ᠡᠨ ᠲᠡᠷᠡ ᠬᠣᠶᠠᠷ ᠭᠤᠲᠤᠯ ᠢ᠋ᠶ᠋ᠠᠨ ᠲᠠᠢᠯᠴᠢᠬᠠᠭᠠᠳ ᠢᠨᠴᠠᠭᠯᠠᠨ ᠪᠠᠢᠵᠤ ᠥᠮᠥᠳᠦᠨ ᠦ᠌ ᠪᠡᠨ ᠪᠠᠴᠢᠭᠤᠬᠠᠨ ᠰᠢᠷᠬᠤᠨᠠᠭ ᠢ᠋ ᠡᠪᠦᠳᠦᠭ ᠲᠡᠭᠡᠨ  ᠬᠦᠷᠲᠡᠯ᠎ᠡ ᠰᠢᠮᠡᠯᠦᠯ᠎ᠡ ᠃ ᠲᠡᠭᠡᠭᠡᠳ ᠭᠤᠲᠤᠯ ᠲᠣᠭᠣᠷ  ᠬᠣᠶᠠᠷ ᠢ᠋ᠶ᠋ᠠᠨ ᠠᠪᠴᠤ ᠭᠠᠷᠤᠭᠠᠳ ᠰᠬᠡᠯᠡᠳ᠋ ᠢ᠋ᠶ᠋ᠡᠨ  ᠴᠣᠣᠵᠢᠯᠠᠯ᠎ᠠ᠃ ᠯᠣᠮᠪᠣᠳᠠᠯ᠎ᠠ ① ᠃ ᠪᠣᠷᠣᠭ᠎ᠠ ᠴᠤ᠌  ᠣᠪᠣᠭ᠎ᠠ ᠰᠡᠪ ᠬᠢᠭᠰᠡᠨ ᠪᠠᠢᠯ᠎ᠠ ᠃ 
      ᠳᠠᠨᠳᠠᠪ ᠵᠡᠭᠦᠨ ᠰᠤᠭᠤᠨ ᠳ᠋ᠠᠭᠠᠨ ᠬᠣᠶᠠᠷ ᠭᠤᠲᠤᠯ ᠢ᠋ᠶ᠋ᠠᠨ ᠬᠠᠪᠴᠢᠭᠤᠯᠤᠭᠠᠳ ᠪᠠᠷᠠᠭᠤᠨ ᠮᠥᠷᠦᠨ ᠳᠡᠭᠡᠷ᠎ᠡ ᠪᠡᠨ ᠨᠠᠨᠳᠢᠨ ᠳᠤᠭᠤᠢ ᠪᠠᠨ ᠡᠭᠦᠷᠴᠦ᠂ ᠨᠢᠴᠦᠭᠦᠨ ᠬᠥᠯ ᠢ᠋ᠶ᠋ᠡᠷ ᠢ᠋ᠶ᠋ᠡᠨ ᠱᠠᠯᠪᠠᠭ᠎ᠠ ᠶ᠋ᠢ ᠲᠤᠭᠤᠯᠵᠤ ᠬᠠᠰᠢᠶᠠᠨ ᠤ᠋ ᠬᠠᠭᠠᠯᠭ᠎ᠠ ᠤᠷᠤᠭᠤ ᠠᠯᠬᠤᠯᠠᠪᠠ ᠃ 《 ᠬᠥᠯ ᠦ᠋ᠨ ᠲᠥᠯᠥᠭᠡ᠂ ᠭᠤᠲᠤᠯ ᠪᠠᠢᠳᠠᠭ ᠪᠢᠰᠢ ᠪᠢᠯᠡ ᠤᠤ 》 ᠭᠡᠵᠦ ᠰᠠᠨᠠᠭᠰᠠᠨ ᠢ᠋ᠶ᠋ᠠᠨ ᠬᠡᠯᠡᠬᠦ ᠳ᠋ᠦ᠍ ᠮᠢᠨᠢ ᠭᠠᠮᠰᠠᠩ ᠭᠤᠸᠠᠢ ᠳᠠᠨᠳᠠᠪ ᠤ᠋ᠨ ᠵᠢᠪᠡᠬᠡᠢ ᠴᠠᠭᠠᠨ ᠰᠢᠯᠪᠢ ᠶ᠋ᠢ ᠬᠠᠭᠠᠯᠭ᠎ᠠ ᠪᠠᠷ ᠭᠠᠷᠴᠤ ᠳᠠᠯᠳᠠ ᠣᠷᠣᠲᠠᠯ᠎ᠠ ᠨᠢ ᠰᠢᠷᠳᠡᠭᠡᠳ᠄ 
      – ᠳᠠᠨᠳᠠᠪ ᠲᠤ᠌ ᠭᠤᠲᠤᠯ ᠨᠢ᠂ ᠳᠤᠭᠤᠢ ᠨᠢ ᠶᠡᠷᠦ ᠨᠢ ᠥᠪ ᠬᠥᠷᠥᠩᠭᠡ ᠨᠢ ᠶᠠᠭᠤᠨ ᠠ᠋ᠴᠠ ᠴᠤ᠌ ᠢᠯᠡᠭᠦᠦ ᠦᠨᠡᠲᠡᠢ ᠶᠦᠮ᠃ ᠢᠩᠭᠢᠵᠦ ᠪᠠᠶᠠᠵᠢᠳᠠᠭ ᠶᠤᠮ ᠪᠢᠵᠡ ᠳᠡ᠃ ᠪᠠᠶᠠᠵᠢᠬᠤ ᠰᠢᠨᠤᠯ ᠡᠳ᠋ ᠭᠥᠷᠥᠩᠬᠡᠨ ᠳ᠋ᠡᠭᠡᠨ ᠭᠢᠨᠵᠢᠯᠡᠭᠦᠯᠦᠭᠰᠡᠨ ᠬᠥᠮᠦᠨ ᠦ᠌ ᠲᠠᠮᠲᠤᠭ ᠭᠡᠳ ᠭᠠᠯᠰᠠᠩ ᠭᠤᠸᠠᠢ ᠵᠢᠪᠡᠭᠦᠴᠡᠭᠰᠡᠨ ᠳ᠋ᠡᠭᠡᠨ ᠪᠣᠬᠢᠮᠳᠠᠵᠤ᠂《 ᠲᠦᠢ》 ᠭᠡᠵᠦ ᠨᠤᠯᠮᠤᠬᠤ ᠳᠦᠷᠢᠮ ᠦᠵᠡᠭᠦᠯᠵᠦ ᠪᠢᠯᠡ᠃ ᠭᠠᠯᠰᠠᠩ ᠭᠤᠸᠠᠢ ᠲᠡᠷᠭᠡ ᠪᠡᠨ ᠪᠠᠭᠤᠯᠭᠠᠵᠤ ᠮᠣᠷᠢ ᠪᠠᠨ ᠰᠠᠷᠠᠪᠴᠢᠨ ᠳ᠋ᠤ᠌ ᠤᠶᠠᠵᠤ ᠶᠠᠩᠵᠤᠯᠠᠬᠤ ᠵᠠᠭᠤᠷ᠎ᠠ ᠶᠠᠷᠢᠭ᠌ᠰᠠᠨ ᠨᠢ᠄ 
      – ᠳᠠᠨᠳᠠᠪ ᠤ᠋ᠨ ᠬᠠᠷᠢᠭᠤᠴᠠᠵᠤ ᠪᠠᠢᠭ᠎ᠠ ᠠᠯᠪᠠᠨ ᠤ᠋ ᠡᠨᠡ ᠬᠠᠰᠢᠶ᠎ᠠ ᠪᠠᠢᠰᠢᠩ ᠡᠳ᠋ ᠬᠣᠭ᠌ᠰᠢᠯ ᠤ᠋ᠨ ᠪᠠᠢᠵᠤ ᠪᠠᠢᠭ᠎ᠠ ᠶ᠋ᠢ ᠬᠠᠷᠠ᠂ ᠭᠡᠲᠡᠯ᠎ᠡ ᠬᠤᠪᠢ ᠶ᠋ᠢᠨ ᠬᠠᠰᠢᠶ᠎ᠠ ᠪᠠᠢᠰᠢᠩ ᠵᠥᠭᠡᠭᠡᠷᠢ② ᠶ᠋ᠢ ᠶᠠᠭᠤ ᠭᠡᠵᠦ ᠰᠠᠨᠠᠨ᠎ᠠ᠃ 
      ᠳᠠᠨᠳᠠᠪ ᠬᠠᠪᠢ ᠣᠢᠷ᠎ᠠ ᠪᠠᠨ ᠬᠡᠰᠦᠨ ᠶᠠᠪᠤᠵᠤ ᠬᠠᠰᠢᠶ᠎ᠠ ᠬᠠᠳᠤᠷᠴᠤ᠂ ᠬᠠᠪᠢ ᠣᠢᠷ᠎ᠠ ᠶ᠋ᠢᠨ ᠭᠠᠵᠠᠷ ᠬᠣᠩᠬᠣᠢᠯᠭᠠᠨ᠎ᠠ ᠭᠡᠵᠦ ᠪᠣᠯᠭᠣᠮᠵᠢᠯᠠᠭᠠᠳ  ᠥᠷᠭᠡᠨ ᠬᠠᠰᠢᠶᠠᠨ ᠤ᠋ ᠪᠠᠨ ᠥᠨᠴᠥᠭ ᠪᠦᠷᠢ ᠳ᠋ᠦ᠍ ᠥᠨᠳᠥᠷ ᠲᠡᠮᠦᠷ ᠶᠣᠷᠳᠣᠢᠯᠭᠠᠭᠠᠳ᠂ ᠡᠭᠦᠳᠡ ᠬᠠᠭᠠᠯᠭᠠᠨ ᠤ᠋ ᠪᠠᠨ ᠬᠠᠪᠢ ᠳ᠋ᠤ᠌ ᠬᠠᠷ᠎ᠠ ᠴᠢᠯᠠᠭᠤ ᠵᠣᠷᠭᠣᠴᠢᠬᠠᠭᠰᠠᠨ᠁ ᠬᠠᠰᠢᠶᠠᠨ ᠤ᠋ ᠬᠢᠨᠢ ᠬᠠᠭᠠᠯᠭ᠎ᠠ ᠬᠠᠲᠠᠪᠴᠢ ᠶᠠᠩ ᠳᠠᠩ᠂   ᠴᠥ᠋ ᠴᠤᠤᠷᠭ᠎ᠠ ᠴᠤ᠌ ᠭᠡᠵᠦ ᠬᠠᠩ ᠶᠠᠩ᠂ ᠲᠦᠯᠬᠢᠬᠦ ᠲᠡᠢ ᠵᠡᠷᠭᠡ ᠲᠣᠮᠣ ᠬᠣᠩᠬᠣ  ᠲᠦᠩ ᠳᠠᠩ᠂ ᠱᠠᠭᠠᠢᠬᠤ ᠲᠠᠢ ᠵᠡᠷᠭᠡ ᠭᠠᠷᠵᠢ ᠨᠣᠬᠠᠳ ᠬᠠᠷ ᠶᠠᠷ᠂ ᠬᠠᠰᠢᠶᠠᠨ ᠳᠣᠲᠣᠷ᠎ᠠ ᠪᠠᠨ ᠪᠥᠷᠲᠥᠢᠬᠦ ᠴᠦ᠍ ᠬᠣᠭ ᠦᠭᠡᠢ ᠰᠢᠯ ᠲᠣᠯᠢ᠂ ᠫᠧᠩ ᠪᠠᠢᠰᠢᠩ ᠨᠢ ᠫᠢᠭ᠋ ᠳᠦᠭᠦᠷᠡᠩ ᠬᠥᠷᠥᠩᠭᠡ ᠵᠣᠭᠣᠷᠢ᠃  ᠵᠠ ᠲᠡᠭᠡᠭᠡᠳ ᠳ᠋ᠦᠩᠵᠡᠨ ᠪᠠᠢᠰᠢᠩ ᠳ᠋ᠤᠨᠢ ᠬᠠᠮᠢᠭ᠎ᠠ ᠬᠠᠮᠢᠭᠠᠭᠠᠤᠷ ᠢ᠋ᠶ᠋ᠠᠨ ᠳᠥᠷᠪᠡᠨ ᠳᠠᠪᠬᠤᠷ ᠪᠦᠷᠢᠶᠡᠰᠦ ᠲᠡᠢ ᠪᠠᠷᠢᠵᠤ ᠂ ᠡᠨᠡ ᠤᠰᠤᠨ ᠪᠣᠷᠣᠭᠠᠨ ᠳ᠋ᠤ᠌ ᠢᠯᠵᠠᠯᠠᠵᠤ ᠭᠦᠢᠴᠡᠵᠦ ᠪᠠᠢᠬᠤ ᠶᠤᠮ᠃ ᠬᠣᠷᠢᠨ ᠵᠢᠯ ᠡᠳ᠋ᠯᠡᠵᠦ ᠬᠣᠷᠴᠣᠢᠲᠠᠯ᠎ᠠ ᠪᠠᠨ ᠲᠦᠯᠡᠭᠳᠡᠴᠢᠬᠡᠭᠰᠡᠨ ᠮᠠᠭᠤ ᠵᠤᠤᠬ᠎ᠠ ᠪᠠᠨ ᠰᠢᠪᠡᠷ ᠫᠧᠩ ᠳ᠋ᠡᠭᠡᠨ ᠣᠷᠣᠭᠤᠯᠵᠤ᠂ ᠱᠠᠭᠠᠵᠠᠩ ᠮᠠᠯᠢᠭᠠᠷ ᠰᠢᠭ᠋ 《ᠵᠠᠯᠠᠴᠢᠬᠠᠭᠠᠳ》 ᠰᠠᠩ ᠤ᠋ᠨ ᠰᠠᠢᠬᠠᠨ ᠰᠢᠨ᠎ᠡ ᠵᠤᠤᠬ᠎ᠠ ᠶ᠋ᠢ ᠵᠤᠨ ᠤ᠋ ᠲᠣᠷᠰᠢ ᠭᠠᠳᠠᠭ᠎ᠠ ᠲᠠᠯᠪᠢᠵᠤ ᠭᠠᠯᠯᠠᠭᠠᠳ ᠵᠢᠪᠡ ᠶ᠋ᠢᠨ ᠬᠣᠭᠣᠯᠠ᠂ ᠳᠠᠩᠰᠠᠨ ᠤ᠋ ᠪᠥᠭᠯᠡᠭᠡ ᠪᠣᠯᠭᠠᠯ᠎ᠠ᠃ 
      ᠮᠠᠨ ᠤ᠋ ᠬᠢᠨ ᠦ᠌ ᠠᠵᠢᠯᠴᠢᠳ ᠤ᠋ᠨ ᠳᠤᠮᠳᠠ ᠳᠡᠩᠳᠡᠭᠦᠦ ᠳᠠᠨᠳᠠᠪ ᠤ᠋ᠨ ᠲᠤᠬᠠᠢ ᠣᠯᠠᠨ ᠱᠣᠭ ᠶᠠᠪᠤᠳᠠᠭ ᠶᠤᠮ᠃ ᠳᠠᠨᠳᠠᠪ ᠲᠤ᠌ ᠨᠠᠢ᠍ᠮᠠᠨ ᠵᠢᠯ ᠡᠮᠦᠰᠦᠭᠰᠡᠨ ᠨᠠᠷᠢᠨ ᠴᠠᠭᠠᠨ ᠢᠰᠡᠭᠡᠢ ᠭᠤᠲᠤᠯ ᠪᠣᠢ᠃ ᠳᠠᠨᠳᠠᠪ ᠨᠢᠭᠡ ᠡᠳᠦᠷ ᠨᠠᠢ᠍ᠮᠠᠨ ᠨᠠᠰᠤᠲᠠᠢ ᠨᠠᠷᠢᠨ ᠴᠠᠭᠠᠨ ᠢ᠋ᠶ᠋ᠠᠨ ᠡᠮᠦᠰᠦᠭᠡᠳ  ᠳ᠋ᠦᠩᠨᠵᠡᠨ ᠪᠠᠢᠰᠢᠩ ᠤ᠋ᠨ ᠢ᠋ᠶ᠋ᠠᠨ ᠳᠡᠭᠡᠪᠦᠷ ᠦ᠋ᠨ ᠴᠠᠰᠤ ᠶ᠋ᠢ ᠠᠷᠢᠯᠭᠠᠵᠤ ᠪᠠᠢᠵᠤ ᠭᠡᠨ᠎ᠡ᠃ ᠡᠷ᠎ᠡ ᠬᠥᠮᠦᠨ ᠨᠢᠭᠡ ᠡᠨᠳᠡᠵᠦ᠂ ᠡᠷᠭᠢ ᠨᠢᠭᠡ ᠨᠤᠷᠠᠨ᠎ᠠ ᠭᠡᠭᠴᠢ ᠪᠡᠷ ᠳᠠᠨᠳᠠᠪ ᠨᠢᠭᠡ ᠲᠡᠭᠰᠢ ᠭᠢᠰᠬᠢᠵᠦ ᠬᠠᠯᠲᠤ  ᠦᠰᠦᠷᠦᠭᠡᠳ ᠳ᠋ᠦᠩᠨᠵᠡᠨ ᠪᠠᠢᠰᠢᠩ ᠳᠡᠭᠡᠷ᠎ᠡ ᠡᠴᠡ《ᠳ᠋ᠦᠩ》 ᠭᠡᠲᠡᠯ᠎ᠡ ᠤᠨᠠᠪᠠ ᠭᠡᠨ᠎ᠡ᠃ ᠤᠨᠠᠬᠤ ᠳ᠋ᠠᠭᠠᠨ ᠤᠭ ᠤ᠋ᠨ ᠤᠬᠠᠭᠠᠨ ᠲᠠᠢ ᠬᠥᠮᠦᠨ ᠪᠣᠯᠬᠣᠷ ᠢ᠋ᠶ᠋ᠠᠨ ᠨᠠᠢ᠍ᠮᠠᠨ ᠨᠠᠰᠤᠲᠠᠢ ᠨᠠᠷᠢᠨ ᠴᠠᠭᠠᠨ ᠢ᠋ᠶ᠋ᠠᠨ ᠮᠠᠷᠲᠠᠭᠰᠠᠨ ᠦᠭᠡᠢ᠂ ᠬᠥᠯᠳᠡᠭᠦᠦ ᠭᠠᠵᠠᠷ ᠬᠥᠯ ᠢ᠋ᠶ᠋ᠡᠷ ᠢ᠋ᠶ᠋ᠡᠨ ᠪᠠᠭᠤᠪᠠᠯ ᠭᠤᠲᠤᠯ ᠰᠦᠢᠳ ᠪᠣᠯᠤᠨ᠎ᠠ ᠭᠡᠳ ᠬᠣᠶᠠᠷ ᠬᠥᠯ ᠢ᠋ᠶ᠋ᠡᠨ ᠳᠡᠭᠡᠭᠰᠢ ᠨᠢ ᠭᠣᠵᠣᠢᠯᠭᠠᠭᠠᠳ ᠬᠣᠨᠳᠣᠯᠠᠢ ᠵᠣ᠌ ᠪᠠᠷ ᠢ᠋ᠶ᠋ᠠᠨ ᠭᠠᠵᠠᠷ ᠲᠤᠰᠤᠭᠰᠠᠨ ᠶᠤᠮ ᠭᠡᠳᠡᠭ᠃  
      ᠳᠠᠨᠳᠠᠪ ᠤ᠋ᠨ ᠭᠣᠣᠯ ᠢ᠋ ᠬᠠᠷᠠᠯᠠᠭᠤᠯᠳᠠᠭ ᠶᠠᠭᠤᠮ᠎ᠠ ᠳᠠᠩᠴᠤ ᠣᠯᠠᠨ ᠭᠡᠨ᠎ᠡ᠃ ᠮᠠᠨ ᠤ᠋ ᠳᠠᠨᠳᠠᠪ ᠳ᠋ᠦᠩᠨᠵᠡᠨ ᠪᠠᠢᠰᠢᠩ ᠠ᠋ᠴᠠ ᠪᠠᠨ ᠢᠮᠠᠭᠠᠨ ᠳᠠᠬᠤ ᠪᠠᠨ ᠭᠠᠷᠭᠠᠵᠤ ᠢᠷᠡᠭᠡᠳ ᠶᠠᠭ ᠦᠭᠡᠢ ᠰᠢᠷᠦᠭᠦᠨ ᠰᠡᠭᠰᠦᠷᠦᠭᠡᠳᠴᠦ ᠭᠡᠨ᠎ᠡ᠃ ᠲᠡᠭᠡᠭᠰᠡᠨ ᠴᠢᠨᠢ ᠳᠠᠬᠤ ᠠ᠋ᠴᠠ ᠨᠢ ᠨᠢᠭᠡ ᠰᠢᠷᠬᠡᠭ ᠦᠰᠦ ᠰᠤᠭᠤᠷᠠᠭᠠᠳ ᠣᠢᠴᠢᠵᠤ ᠭᠡᠨ᠎ᠡ ᠰᠢᠦ᠃ ᠦᠢᠴᠢᠭᠰᠡᠨ ᠦᠰᠦ ᠶ᠋ᠢ ᠣᠯᠬᠤ ᠭᠡᠵᠦ ᠠᠷᠪᠠᠭᠠᠳ ᠮᠢᠨᠦ᠋ᠲ ᠠᠮᠢᠰᠬᠤᠯ ᠳᠠᠷᠤᠨ ᠡᠷᠢᠭᠡᠳ ᠠᠷᠠᠢ ᠭᠡᠵᠦ ᠣᠯᠵᠤ ᠨᠠᠷᠢᠨ ᠬᠤᠷᠤᠭᠤᠨ ᠤ᠋ ᠦᠵᠦᠭᠦᠷ ᠢ᠋ᠶ᠋ᠡᠷ ᠨᠠᠬᠢᠯᠵᠠᠭᠤᠯᠤᠨ ᠴᠢᠮᠬᠢᠵᠦ᠂ ᠨᠠᠭᠠᠯᠳᠤᠭᠰᠠᠨ ᠰᠢᠷᠣᠢ ᠲᠣᠭᠣᠰᠣ ᠶ᠋ᠢ ᠨᠢ ᠬᠣᠭᠣᠯᠠᠢ ᠪᠠᠨ ᠬᠠᠲᠠᠲᠠᠯ᠎ᠠ ᠦᠯᠢᠶᠡᠵᠦ ᠪᠠᠢᠵᠤ ᠴᠡᠪᠡᠷᠯᠡᠵᠦ ᠭᠡᠨ᠎ᠡ ᠳᠡ᠃ ᠵᠠ ᠲᠡᠭᠡᠭᠡᠳ ᠴᠡᠪᠡᠷᠯᠡᠭᠰᠡᠨ ᠦᠰᠦ ᠪᠡᠨ ᠰᠣᠬᠣᠷᠠᠭᠰᠠᠨ ᠨᠦᠬᠡᠨ ᠳ᠋ᠦ᠍ᠨᠢ ᠣᠯᠵᠤ ᠬᠢᠬᠦ ᠭᠡᠵᠦ ᠥᠨᠥᠬᠢ ᠳᠠᠬᠤ ᠪᠠᠨ ᠡᠪᠦᠷᠯᠡᠵᠦ ᠠᠷᠤᠯᠠᠵᠤ ᠡᠷᠢᠭᠡᠳ ᠡᠳᠦᠷ ᠦ᠋ᠨ ᠬᠠᠭᠠᠰ ᠢ᠋ ᠪᠠᠷᠠᠵᠤ ᠪᠠᠢᠵᠤ ᠠᠷᠠᠢ ᠭᠡᠵᠦ  ᠨᠦᠬᠡ ᠶ᠋ᠢ ᠨᠢ ᠣᠯᠤᠭᠠᠳ ᠦᠰᠦ ᠪᠡᠨ ᠠᠶᠠᠲᠠᠢᠬᠠᠨ ᠰᠢᠷᠭᠤᠭᠤᠯᠵᠤ ᠳᠠᠬᠤ ᠪᠠᠨ ᠡᠪᠲᠡᠢᠬᠡᠨ ᠡᠪᠬᠡᠭᠡᠳ ᠳ᠋ᠦᠩᠨᠵᠡᠨ ᠪᠠᠢᠰᠢᠩ ᠳ᠋ᠠᠭᠠᠨ ᠬᠢᠵᠦ《 ᠳ᠋ᠠᠩ》 ᠬᠢᠲᠡᠯ᠎ᠡ ᠴᠣᠣᠵᠢᠯᠠᠭᠰᠠᠨ ᠤ᠋ ᠳᠠᠷᠠᠭ᠎ᠠ ᠰᠠᠨᠠᠭ᠎ᠠ ᠨᠢ ᠠᠮᠠᠷᠠᠭᠰᠠᠨ ᠭᠡᠳᠡᠭ᠃ 
      ᠡᠨᠡ ᠬᠥᠮᠦᠨ ᠦ᠌ ᠳ᠋ᠦᠩᠨᠵᠡᠨ ᠪᠠᠢᠰᠢᠩ ᠨᠢ ᠳᠦᠭᠦᠷᠡᠩ ᠪᠣᠯᠪᠠᠴᠤ ᠲᠦᠩᠬᠦᠢᠭᠰᠡᠨ ᠲᠣᠯᠣᠭᠠᠢ ᠨᠢ ᠬᠣᠭᠣᠰᠣᠨ ᠶᠤᠮ ᠰᠢᠦ᠂᠃ ᠮᠠᠨ ᠤ᠋ ᠰᠠᠢᠬᠠᠨ ᠣᠷᠣᠨ ᠳ᠋ᠤ᠌ ᠡᠨᠡ ᠬᠥᠮᠦᠨ ᠦ᠌ ᠲᠣᠯᠣᠭᠠᠢ ᠶ᠋ᠢ ᠳᠦᠭᠦᠷᠭᠡᠬᠦ ᠶᠠᠭᠤᠮ᠎ᠠ ᠮᠥᠨ ᠶᠡᠬᠡ ᠪᠠᠢᠨ᠎ᠠ ᠰᠠᠨᠵᠠᠢ᠃ ᠶᠡᠷᠦ ᠨᠢ ᠲᠡᠭᠡᠭᠡᠳ ᠠᠮᠢᠨ ᠬᠤᠪᠢ ᠶ᠋ᠢᠨ ᠶᠠᠭᠤᠮ᠎ᠠ  ᠪᠣᠯᠬᠣᠷ ᠭᠤᠷᠪᠠᠯᠵᠢᠨ ᠮᠣᠳᠣ ᠴᠤ᠌  ᠭᠤᠷᠪᠠᠨ ᠲᠥᠭᠥᠷᠢᠭ᠂ ᠳᠥᠷᠪᠡᠯᠵᠢᠨ ᠮᠣᠳᠣ ᠴᠤ᠌ ᠳᠥᠷᠪᠡᠨ ᠲᠥᠭᠥᠷᠢᠭ ᠭᠡᠵᠦ ᠬᠠᠢᠷᠠᠯᠠᠵᠤ ᠪᠠᠢᠳᠠᠭ ᠮᠥᠷᠳᠡᠯ᠎ᠡ ᠪᠡᠨ ᠠᠯᠪᠠᠨ ᠰᠠᠩ ᠤ᠋ᠨ ᠶᠠᠭᠤᠮ᠎ᠠ ᠪᠣᠯᠬᠣᠷ ᠠᠯᠲᠠ ᠴᠤ᠌ ᠪᠠᠢᠭᠰᠠᠨ ᠠᠯᠬᠤᠭᠠᠳ ᠭᠠᠷᠳᠠᠭ᠂ ᠲᠣᠷᠭ᠎ᠠ ᠴᠤ᠌ ᠪᠠᠢᠭᠰᠠᠨ ᠲᠣᠰᠣᠳᠠᠭᠠᠳ ᠬᠠᠶᠠᠳᠠᠭ᠃  ᠳᠠᠨᠳᠠᠪ ᠮᠡᠲᠦ ᠶ᠋ᠢᠨ ᠬᠠᠷ᠎ᠠ ᠡᠯᠢᠭᠡᠳᠡᠨ ᠦ᠌ ᠵᠢᠰᠦ ᠴᠢᠷᠠᠢ ᠨᠢ ᠤᠯᠤᠰ ᠤ᠋ᠨ ᠬᠥᠷᠥᠩᠭᠡ ᠣᠯᠠᠨ ᠤ᠋ ᠥᠮᠴᠢ ᠶ᠋ᠢ ᠬᠤᠯᠠᠭᠠᠢᠯᠠᠨ ᠱᠠᠮᠰᠢᠭᠴᠢᠳ ᠤ᠋ᠨ ᠪᠤᠵᠠᠷ ᠴᠢᠷᠠᠢ ᠠ᠋ᠴᠠ ᠨᠢᠭᠡ ᠯᠡ ᠶᠡᠬᠡ ᠢᠯᠭᠠᠷᠠᠬᠤ ᠶᠠᠭᠤᠮ᠎ᠠ ᠦᠭᠡᠢ ᠳᠠ ᠭᠡᠵᠦ ᠠᠯᠢᠶ᠎ᠠ ᠭᠠᠯᠰᠠᠩ ᠭᠤᠸᠠᠢ ᠠᠯᠢᠶᠠᠯᠠᠯ ᠦᠭᠡᠢ ᠬᠡᠯᠡᠭᠰᠡᠨ ᠪᠢᠯᠡ ᠃ 


– – – – 
①  ᠲᠣᠭᠣᠯᠭᠠᠨ ᠲᠡᠮᠳᠡᠭ ᠲᠠᠯᠪᠢᠵᠤ ᠪᠢᠲᠡᠭᠦᠮᠵᠢᠯᠡᠬᠦ 
②  ᠵᠥᠭᠡᠭᠡᠵᠦ ᠬᠤᠷᠢᠶᠠᠭᠰᠠᠨ ᠶᠠᠭᠤᠮ᠎ᠠ

《 ᠱᠣᠭ ᠬᠣᠱᠣᠩ ᠵᠣᠬᠢᠶᠠᠯ ᠤᠨ ᠳᠡᠭᠡᠵᠢ 》 ᠡᠴᠡ ᠬᠠᠭᠤᠯᠪᠠ᠃