ᠴᠠᠰᠤᠩᠭᠤᠸ᠎ᠠ ᠪᠠ ᠳᠣᠯᠣᠭᠠᠨ ᠣᠳᠣᠢЦасан гуа ба долоон одой ᠬᠡᠤᠬᠡᠯᠳᠡᠢ ᠺᠢᠨᠣ᠋

  1. ᠲᠡᠷᠢᠭᠦᠨ ᠨᠢᠭᠤᠷ >
  2. ᠨᠡᠪᠲᠡᠷᠡᠭᠦᠯᠭᠡ >
  3. ᠴᠠᠰᠤᠩᠭᠤᠸ᠎ᠠ ᠪᠠ ᠳᠣᠯᠣᠭᠠᠨ ᠣᠳᠣᠢЦасан гуа ба долоон одой

ᠴᠠᠰᠤᠩᠭᠤᠸ᠎ᠠ ᠪᠠ ᠳᠣᠯᠣᠭᠠᠨ ᠣᠳᠣᠢЦасан гуа ба долоон одой

2023-01-28

569

ᠴᠠᠰᠤᠩᠭᠤᠸ᠎ᠠ ᠪᠠ ᠳᠣᠯᠣᠭᠠᠨ ᠣᠳᠣᠢ

         ᠰᠢᠳᠢᠲᠦ ᠦᠯᠢᠭᠡᠷ
ᠡᠷᠲᠡ ᠤᠷᠢᠳᠤ ᠶ᠋ᠢᠨ ᠴᠠᠭ ᠲᠤ᠌᠂ ᠬᠠᠭᠠᠨ ᠬᠠᠲᠤᠨ ᠬᠣᠶᠠᠷ ᠠᠯᠤᠰ ᠬᠣᠯᠠ ᠶ᠋ᠢᠨ ᠨᠢᠭᠡᠨ ᠤᠯᠤᠰ ᠢ᠋ ᠵᠠᠬᠢᠷᠤᠨ ᠰᠠᠭᠤᠳᠠᠭ ᠪᠣᠯᠵᠠᠢ᠃ ᠬᠠᠲᠤᠨ ᠨᠢ ᠡᠶᠡᠯᠳᠡᠭ ᠰᠠᠢᠬᠠᠨ ᠰᠡᠳᠬᠢᠯ ᠲᠡᠢ᠂ ᠡᠵᠡᠨᠲᠦ ᠤᠯᠤᠰ ᠤ᠋ᠨ ᠬᠥᠮᠦᠨ ᠪᠦᠷᠢ ᠬᠠᠲᠤᠨ ᠢ᠋ ᠬᠠᠢᠷᠠᠯᠠᠳᠠᠭ᠃ ᠭᠡᠪᠡᠴᠦ ᠬᠠᠲᠤᠨ ᠬᠡᠦᠬᠡᠳ ᠬᠦᠰᠡᠭᠡᠳ ᠴᠤ᠌ ᠣᠯᠵᠤ ᠴᠢᠳᠠᠭ᠎ᠠ ᠦᠭᠡᠢ ᠨᠢ ᠲᠡᠭᠦᠨ ᠦ᠌ ᠠᠮᠢᠳᠤᠷᠠᠯ ᠤ᠋ᠨ ᠭᠠᠭᠴᠠ ᠭᠤᠨᠢᠭ ᠬᠠᠷᠠᠭᠤᠰᠤᠯ ᠪᠠᠢᠪᠠ᠃
—ᠧ ᠂᠂᠂᠂
—ᠡᠪᠦᠯ ᠦ᠋ᠨ ᠨᠢᠭᠡᠨ ᠡᠳᠦᠷ ᠬᠠᠲᠤᠨ ᠰᠢᠨᠡᠰᠦ ᠮᠣᠳᠣᠨ ᠴᠣᠩᠬᠣᠨ ᠤ᠋ ᠳᠡᠷᠭᠡᠳᠡ ᠰᠠᠭᠤᠭᠠᠳ ᠨᠣᠣᠰᠣᠨ ᠬᠤᠪᠴᠠᠰᠤ ᠨᠡᠬᠡᠵᠦ ᠪᠠᠢᠯ᠎ᠠ᠂ ᠭᠡᠨᠡᠳᠲᠡ ᠶᠡᠬᠡ ᠭᠣᠶᠣᠮᠰᠣᠭ ᠴᠠᠰᠤᠨ ᠤ᠋ ᠰᠢᠪᠠᠭᠤᠬᠠᠢ ᠴᠣᠩᠬᠣᠨ ᠳᠡᠭᠡᠷ᠎ᠡ ᠰᠠᠭᠤᠭᠠᠳ ᠬᠠᠲᠤᠨ ᠢ᠋ ᠰᠣᠴᠢᠭᠠᠴᠢᠬᠠᠪᠠ᠃ ᠰᠢᠪᠠᠭᠤ ᠬᠠᠲᠤᠨ ᠤ᠋ ᠠᠩᠬᠠᠷᠤᠯ ᠢ᠋ ᠰᠠᠷᠨᠢᠭᠤᠯᠬᠤ ᠲᠡᠳᠦᠢ ᠳ᠋ᠦ᠍ ᠬᠠᠲᠤᠨ ᠬᠤᠷᠤᠭᠤ ᠪᠠᠨ ᠬᠠᠳᠬᠤᠴᠢᠬᠠᠵᠠᠢ᠃ ᠳᠤᠰᠤᠯ ᠴᠢᠰᠤ ᠴᠣᠩᠬᠣᠨ ᠤ᠋ ᠭᠠᠳᠠᠨᠠᠬᠢ ᠴᠠᠰᠤᠨ ᠳᠡᠭᠡᠷ᠎ᠡ ᠤᠨᠠᠯ᠎ᠠ᠂ ᠴᠣᠩᠬᠣᠨ ᠤ᠋ ᠭᠠᠳᠠᠨ᠎ᠠ ᠤᠨᠠᠭᠰᠠᠨ ᠳᠤᠰᠤᠯ ᠴᠢᠰᠤ ᠶ᠋ᠢ ᠬᠠᠷᠠᠲᠠᠯ᠎ᠠ ᠬᠡᠦᠬᠡᠳ ᠦ᠋ᠨ ᠬᠢ ᠮᠡᠲᠦ ᠴᠢᠷᠠᠢ ᠦᠵᠡᠭᠳᠡᠪᠡ ᠭᠡᠨ᠎ᠡ᠃ ᠬᠠᠲᠤᠨ ᠶᠡᠬᠡᠳᠡ ᠭᠠᠢᠬᠠᠵᠤ ᠢᠩᠭᠢᠵᠦ ᠥᠭᠦᠯᠡᠪᠡ᠄
—ᠴᠠᠰᠤᠨ ᠤ᠋ ᠪᠤᠷᠬᠠᠨ ᠮᠢᠨᠢ᠂ ᠨᠠᠳᠠ ᠳ᠋ᠤ᠌ ᠴᠠᠰᠤ ᠰᠢᠭ᠋ ᠴᠠᠭᠠᠨ ᠠᠷᠠᠰᠤ ᠲᠠᠢ᠂ ᠴᠢᠰᠤ ᠰᠢᠭ᠋ ᠤᠯᠠᠭᠠᠨ ᠤᠷᠤᠭᠤᠯ ᠲᠠᠢ᠂ ᠰᠢᠨᠡᠰᠦ ᠮᠣᠳᠣ ᠰᠢᠭ᠋ ᠬᠠᠷ᠎ᠠ ᠦᠰᠦ ᠲᠡᠢ ᠥᠬᠢᠨ ᠵᠠᠶᠠᠭᠠᠭᠰᠠᠨ ᠴᠤ᠌ ᠪᠣᠯᠤᠭᠠᠰᠠᠢ᠁
—ᠲᠤᠩ ᠤᠳᠠᠯ ᠦᠭᠡᠢ ᠬᠠᠲᠤᠨ ᠬᠥᠯ ᠬᠦᠨᠳᠦ ᠪᠣᠯᠵᠤ ᠪᠠᠰᠠ ᠨᠢᠭᠡᠨ ᠵᠡᠷᠭᠡ ᠪᠡᠶ᠎ᠡ ᠨᠢ ᠡᠪᠡᠳᠴᠡᠢ ᠭᠡᠨ᠎ᠡ᠃ ᠣᠯᠠᠨ ᠡᠮᠴᠢ ᠠᠨᠠᠭᠠᠬᠤ ᠭᠡᠵᠦ ᠦᠵᠡᠭᠰᠡᠨ ᠴᠤ᠌ ᠬᠠᠲᠤᠨ ᠡᠳᠡᠭᠡᠭᠰᠡᠨ ᠦᠭᠡᠢ᠃
—ᠬᠠᠢᠷᠠᠲᠤ ᠮᠢᠨᠢ ᠰᠠᠨᠠᠭ᠎ᠠ ᠪᠤᠤ ᠵᠣᠪᠠ ᠳᠠ᠂ ᠴᠢ ᠤᠳᠠᠬᠤ ᠦᠭᠡᠢ ᠡᠳᠡᠭᠡᠨ᠎ᠡ᠂ ᠢᠲᠡᠭᠡᠯ ᠨᠠᠢᠳᠠᠪᠤᠷᠢ ᠪᠠᠨ ᠯᠠ ᠠᠯᠳᠠᠵᠤ ᠪᠣᠯᠬᠤ ᠦᠭᠡᠢ᠂ ᠪᠤᠷᠬᠠᠨ ᠳ᠋ᠤ᠌ ᠢᠳᠡᠭᠡ᠃ ᠬᠡᠦᠬᠡᠳ ᠲᠡᠢ ᠪᠣᠯᠬᠤ ᠮᠠᠨ ᠤ᠋ ᠮᠥᠷᠥᠭᠡᠳᠦᠯ ᠪᠡᠶᠡᠯᠡᠬᠦ ᠭᠡᠵᠦ ᠪᠠᠢᠨ᠎ᠠ ᠰᠢᠦ ᠳᠡ!
—ᠵᠠ᠂ ᠬᠠᠢᠷᠠᠲᠤ ᠮᠢᠨᠢ᠂ ᠪᠢ ᠰᠠᠢᠨ ᠰᠠᠢᠬᠠᠨ ᠢ᠋ ᠯᠡ ᠬᠦᠰᠡᠵᠦ ᠪᠠᠢᠨ᠎ᠠ᠂ ᠴᠠᠰᠤᠨ ᠤ᠋ ᠪᠤᠷᠬᠠᠨ ᠪᠢᠳᠡᠨ ᠢ᠋ ᠢᠪᠡᠭᠡᠭᠰᠡᠨ᠂ ᠶᠠᠭᠤ ᠴᠤ᠌ ᠪᠤᠷᠤᠭᠤ ᠪᠠᠷ ᠡᠷᠭᠢᠬᠦ ᠤᠴᠢᠷ ᠦᠭᠡᠢ᠃
—ᠤᠳᠠᠬᠤ ᠦᠭᠡᠢ ᠬᠠᠪᠤᠷ ᠠᠢᠯᠴᠢᠯᠠᠵᠤ 
ᠬᠡᠦᠬᠡᠳ ᠲᠥᠷᠥᠬᠦ ᠶ᠋ᠢ ᠪᠡᠯᠭᠡᠳᠡᠬᠦ ᠨᠢᠭᠡ ᠬᠠᠮᠢᠭ᠎ᠠ ᠰᠠᠢ ᠦᠭᠡᠢ ᠴᠡᠴᠡᠭᠡᠰ ᠳᠡᠯᠪᠢᠯᠡᠯ᠎ᠡ᠃ ᠡᠳᠦᠷ ᠬᠣᠨᠣᠭ 
ᠣᠢᠷᠠᠳᠬᠤ ᠶ᠋ᠢᠨ ᠬᠢᠷᠢ ᠪᠡᠷ ᠬᠠᠲᠤᠨ ᠤ᠋ ᠪᠡᠶ᠎ᠡ ᠤᠯᠠᠮ ᠪᠦᠷ ᠡᠪᠡᠳᠬᠦ ᠪᠣᠯᠵᠠᠢ᠃
ᠨᠢᠭᠡᠨ ᠨᠠᠷᠠ ᠲᠠᠢ ᠥᠷᠯᠥᠭᠡ ᠡᠪᠦᠯ ᠦ᠋ᠨ ᠴᠠᠰᠤ ᠶ᠋ᠢ 
ᠪᠦᠭᠦᠳᠡ ᠶ᠋ᠢ ᠨᠢ 
ᠬᠠᠢᠯᠤᠭᠤᠯᠬᠤ ᠭᠡᠰᠡᠨ ᠮᠡᠲᠦ ᠨᠠᠷᠠᠨ ᠡᠭᠡᠭᠡᠬᠦ ᠳ᠋ᠦ᠍ ᠬᠠᠲᠤᠨ ᠴᠠᠰᠤ ᠮᠡᠲᠦ ᠴᠠᠭᠠᠨ ᠠᠷᠠᠰᠤ ᠲᠠᠢ᠂ ᠴᠢᠰᠤ ᠮᠡᠲᠦ ᠤᠯᠠᠭᠠᠨ ᠤᠷᠤᠭᠤᠯ ᠲᠠᠢ᠂ ᠰᠢᠨᠡᠰᠦ ᠰᠢᠭ ᠬᠠᠷ᠎ᠠ ᠦᠰᠦ ᠲᠡᠢ ᠥᠬᠥᠭᠡᠷᠳᠡᠮ᠎ᠡ ᠬᠥᠭᠡᠷᠦᠬᠦᠨ ᠥᠬᠢᠨ ᠳᠦᠷᠦᠭᠦᠯᠦᠯ᠎ᠡ᠃
— ᠬᠠᠲᠤᠨ ᠮᠢᠨᠢ᠂ ᠴᠢ ᠨᠠᠳᠠ ᠳ᠋ᠤ᠌ ᠪᠠᠨ ᠬᠠᠮᠤᠭ ᠤ᠋ᠨ ᠦᠨᠡᠲᠡᠢ ᠪᠡᠯᠡᠭ ᠢ᠋ ᠲᠥᠷᠥᠭᠦᠯᠵᠦ ᠥᠭᠭᠦᠯ᠎ᠡ᠃ ᠭᠤᠶᠤᠶ᠎ᠠ! ᠶᠠᠭᠤ ᠬᠦᠰᠡᠵᠦ ᠪᠠᠢᠬᠤ ᠪᠠᠨ
 ᠬᠡᠯᠡ! ᠪᠢ ᠬᠦᠰᠡᠯ ᠪᠦᠷᠢ ᠶ᠋ᠢ ᠴᠢᠨᠢ ᠪᠡᠶᠡᠯᠡᠭᠦᠯᠦᠨ᠎ᠡ᠃
—ᠪᠠᠶᠠᠷᠯᠠᠯ᠎ᠠ᠂ ᠬᠠᠢᠷᠠᠲᠤ ᠮᠢᠨᠢ! ᠭᠡᠪᠡᠴᠦ ᠪᠢ ᠨᠢᠯᠬ᠎ᠠ ᠦᠷ᠎ᠡ ᠲᠡᠢ ᠪᠡᠨ ᠬᠠᠮᠲᠤ ᠴᠠᠭ ᠢ᠋ ᠥᠩᠭᠡᠷᠡᠭᠡᠵᠦ  ᠴᠢᠳᠠᠬᠤ ᠦᠭᠡᠢ ᠶᠦᠮ ᠰᠢᠭ ᠪᠠᠢᠨ᠎ᠠ᠃
— ᠦ᠂ ᠬᠠᠢᠷᠠᠲᠤ ᠮᠢᠨᠢ᠂ ᠬᠡᠩ ᠬᠡᠩ ᠬᠡᠩ᠁
—ᠴᠢ ᠮᠢᠨᠢ ᠴᠠᠰᠤ ᠰᠢᠭ᠋ ᠴᠠᠭᠠᠨ ᠶᠤᠮ᠂ ᠪᠢ ᠴᠢᠮ᠎ᠠ ᠶ᠋ᠢ ᠴᠠᠰᠤᠩᠭᠤᠸ᠎ᠠ ᠭᠡᠵᠦ ᠨᠡᠷᠡᠯᠡᠶ᠎ᠡ! ᠨᠠᠳᠠ ᠳ᠋ᠤ᠌ ᠠᠮᠠᠯᠠᠭᠠᠴᠢ ᠳᠠ᠂ ᠳᠡᠭᠡᠳᠦᠰ ᠮᠢᠨᠢ ᠥᠬᠢᠨ ᠢ᠋ ᠮᠢᠨᠢ ᠦᠷᠭᠦᠯᠵᠢ ᠬᠠᠢᠷᠠᠯᠠᠨ᠎ᠠ ᠭᠡᠵᠦ ᠠᠮᠠᠯᠠ! ᠪᠠᠰᠠ ᠳᠠᠬᠢᠨ ᠬᠥᠮᠦᠨ ᠲᠡᠢ ᠭᠡᠷᠯᠡᠵᠦ ᠨᠠᠳᠠ ᠦᠭᠡᠢ ᠪᠡᠷ ᠭᠤᠨᠢᠵᠤ ᠠᠮᠢᠳᠤᠷᠠᠬᠤ ᠦᠭᠡᠢ ᠭᠡᠵᠦ ᠠᠮᠠᠯᠠᠭᠠᠴᠢ!
— ᠪᠢ ᠶᠠᠭᠤ ᠴᠤ᠌ ᠪᠣᠯᠵᠤ ᠪᠠᠢᠭᠰᠠᠨ ᠴᠤ᠌ ᠥᠬᠢᠨ ᠢ᠋ᠶ᠋ᠡᠨ ᠬᠠᠮᠠᠭᠠᠯᠠᠵᠤ ᠶᠠᠪᠤᠨ᠎ᠠ ᠬᠠᠢᠷᠠᠲᠤ ᠮᠢᠨᠢ!
— ᠤᠬᠢᠯᠠᠬᠤ ᠬᠡᠷᠡᠭ ᠦᠭᠡᠢ᠂ ᠬᠠᠭᠠᠨ ᠮᠢᠨᠢ ᠪᠠᠶᠠᠷᠲᠠᠢ᠂ ᠬᠠᠢᠷᠠᠲᠤ ᠮᠢᠨᠢ ᠪᠠᠶᠠᠷᠲᠠᠢ!
—ᠬᠠᠢᠷᠠᠲᠤ ᠮᠢᠨᠢ ᠭᠤᠶᠤᠶ᠎ᠠ ᠳᠠ᠂ ᠨᠠᠮ᠎ᠠ ᠶ᠋ᠢ ᠪᠢᠲᠡᠭᠡᠢ ᠭᠠᠭᠴᠠᠭᠠᠷ ᠢ᠋ ᠮᠢᠨᠢ ᠣᠷᠬᠢᠭᠠᠴᠢ ᠳᠠ᠂ ᠧ ᠧ᠂᠂᠂᠂
—ᠬᠠᠲᠤᠨ ᠴᠠᠭ ᠪᠤᠰᠤ ᠪᠠᠷ ᠣᠳᠤᠭᠰᠠᠨ ᠳ᠋ᠤ᠌ ᠬᠠᠭᠠᠨ ᠬᠡᠳᠦᠨ ᠵᠢᠯ ᠶᠡᠬᠡᠳᠡ ᠭᠤᠨᠢᠭᠯᠠᠪᠠ᠃ ᠬᠠᠭᠠᠨ ᠥᠪᠡᠷ ᠢ᠋ᠶ᠋ᠡᠨ ᠴᠠᠰᠤᠩᠭᠤᠸ᠎ᠠ ᠶ᠋ᠢ ᠬᠠᠷᠠᠳᠠᠭ ᠪᠠᠢᠪᠠ᠃
ᠭᠡᠪᠡᠴᠦ ᠶᠡᠬᠡᠩᠬᠢ ᠬᠤᠭᠤᠴᠠᠭᠠᠨ ᠳ᠋ᠤ᠌ ᠬᠠᠭᠠᠨ᠂ ᠲᠥᠷᠥ ᠶ᠋ᠢᠨ ᠬᠡᠷᠡᠭ ᠰᠢᠢᠳᠦᠭᠡᠳ
ᠵᠠᠪ ᠦᠭᠡᠢ ᠪᠠᠢᠳᠠᠭ᠃ ᠥᠬᠢᠨ ᠢ᠋ ᠨᠢ ᠥᠰᠬᠡᠬᠦ ᠰᠠᠢᠬᠠᠨ ᠰᠡᠳᠬᠢᠯ ᠲᠡᠢ ᠡᠵᠢ ᠬᠡᠷᠡᠭᠲᠡᠢ ᠶ᠋ᠢ ᠬᠠᠭᠠᠨ ᠣᠢᠯᠠᠭᠠᠪᠠ᠃ ᠲᠡᠭᠡᠭᠡᠳ ᠳᠠᠬᠢᠨ ᠭᠡᠷᠯᠡᠬᠦ ᠪᠡᠷ ᠰᠢᠢᠳᠦᠯ᠎ᠡ᠂ ᠰᠢᠨ᠎ᠡ ᠬᠠᠲᠤᠨ ᠶᠡᠬᠡ ᠦᠵᠡᠰᠬᠦᠯᠡᠩᠲᠡᠢ᠂ ᠭᠡᠪᠡᠴᠦ ᠲᠡᠭᠦᠨ ᠡᠴᠡ ᠭᠠᠳᠠᠨ᠎ᠠ ᠶᠡᠬᠡ ᠵᠠᠩ ᠲᠠᠢ ᠬᠠᠷᠭᠢᠰ ᠡᠮᠡᠭᠲᠡᠢ ᠪᠠᠢᠪᠠ᠃ ᠬᠠᠲᠤᠨ ᠬᠠᠷ᠎ᠠ ᠰᠢᠳᠢ ᠰᠤᠷᠤᠯᠴᠠᠭᠰᠠᠨ ᠪᠥᠭᠡᠳ ᠰᠢᠳᠢ ᠪᠡᠷ ᠢ᠋ᠶ᠋ᠡᠨ ᠬᠠᠭᠠᠨ ᠢ᠋ ᠤᠳᠤᠷᠢᠳᠤᠭᠰᠠᠨ ᠪᠠᠢᠵᠠᠢ᠃ ᠲᠡᠭᠦᠨ ᠳ᠋ᠦ᠍ ᠪᠠᠰᠠ ᠬᠦᠰᠡᠭᠰᠡᠨ ᠦᠶ᠎ᠡ ᠳ᠋ᠦ᠍ ᠨᠢ ᠬᠦᠰᠡᠭᠰᠡᠨ ᠪᠦᠬᠦᠨ ᠢ᠋ ᠨᠢ ᠴᠢᠩ ᠦᠨᠡᠨ ᠢ᠋ᠶ᠋ᠡᠷ ᠬᠡᠯᠡᠳᠡᠭ ᠰᠢᠳᠢᠲᠦ ᠲᠣᠯᠢ ᠪᠠᠢᠳᠠᠭ ᠪᠠᠢᠪᠠ᠃
— ᠬᠠᠢᠷᠠᠲᠤ ᠲᠣᠯᠢ ᠮᠢᠨᠢ᠂ ᠬᠠᠨᠠᠨ ᠳᠡᠭᠡᠷᠡᠬᠢ ᠲᠣᠯᠢ ᠮᠢᠨᠢ᠂ ᠬᠠᠮᠤᠭ ᠤ᠋ᠨ ᠦᠵᠡᠰᠬᠦᠯᠡᠩᠲᠡᠢ ᠨᠢ ᠬᠡᠨ ᠪᠣᠢ?
— ᠦ᠂ ᠬᠠᠲᠤᠨ ᠮᠢᠨᠢ ᠲᠠ ᠬᠠᠮᠤᠭ ᠦᠵᠡᠰᠬᠦᠯᠡᠩᠲᠡᠢ ᠨᠢ ᠪᠢᠯᠡ᠃
—ᠥ ᠲᠡᠢᠮᠦ ᠭᠡᠵᠢ ᠤᠤ! ᠮᠠᠰᠢ ᠶᠡᠬᠡ ᠪᠠᠶᠠᠷᠯᠠᠯ᠎ᠠ᠃ ᠴᠢ ᠮᠢᠨᠢ ᠤᠬᠠᠭᠠᠨ ᠲᠠᠢ ᠰᠢᠦ᠃
—ᠴᠠᠭ ᠬᠤᠭᠤᠴᠠᠭ᠎ᠠ ᠥᠩᠭᠡᠷᠡᠬᠦ ᠶ᠋ᠢᠨ ᠬᠢᠷᠢ ᠪᠡᠷ ᠴᠠᠰᠤᠨᠩᠭᠣ᠎ᠡ ᠤᠯᠠᠮ ᠪᠦᠷ ᠬᠥᠭᠡᠷᠦᠬᠦᠨ᠂ ᠬᠡᠵᠢᠶ᠎ᠡ ᠬᠡᠵᠢᠶᠡᠨ  ᠦ᠌ ᠬᠢ ᠡᠴᠡ ᠪᠡᠨ ᠢᠯᠡᠭᠦᠦ ᠦᠵᠡᠰᠬᠦᠯᠡᠩᠲᠡᠢ ᠪᠣᠯᠤᠭᠰᠠᠭᠠᠷ ᠡᠵᠡᠨᠲᠦ ᠭᠦᠷᠦᠨ ᠳᠠᠶᠠᠭᠠᠷ ᠬᠠᠮᠤᠭ ᠤ᠋ᠨ ᠰᠠᠢᠬᠠᠨ ᠪᠦᠰᠡᠭᠦᠢ ᠪᠣᠯᠵᠠᠢ᠃ ᠬᠣᠢᠲᠤ ᠡᠬᠡ ᠨᠢ ᠲᠡᠭᠦᠨ  ᠦ᠌ ᠭᠤᠸ᠎ᠠ ᠰᠠᠢᠬᠠᠨ ᠳ᠋ᠤ᠌ ᠠᠲᠠᠭᠠᠷᠬᠠᠵᠤ ᠡᠬᠢᠯᠡᠯ᠎ᠡ᠃
—ᠲᠣᠯᠢ ᠮᠢᠨᠢ᠂ ᠬᠠᠨᠠᠨ ᠳᠡᠭᠡᠷᠡᠬᠢ ᠲᠣᠯᠢ ᠮᠢᠨᠢ᠂ ᠬᠠᠮᠤᠭ ᠤ᠋ᠨ ᠦᠵᠡᠰᠬᠦᠯᠡᠩᠲᠡᠢ ᠨᠢ ᠬᠡᠨ ᠪᠣᠢ?
—ᠲᠠ᠂ ᠬᠠᠲᠤᠨ ᠮᠢᠨᠢ ᠦᠵᠡᠰᠬᠦᠯᠡᠩᠲᠡᠢ ᠬᠥᠭᠡᠷᠦᠬᠦᠨ᠂ ᠦᠨᠡᠨ ᠰᠢᠦ᠂ ᠭᠡᠪᠡᠴᠦ ᠴᠠᠰᠤᠩᠭᠤᠸ᠎ᠠ ᠲᠠᠨ ᠡᠴᠡ ᠴᠤ᠌ ᠢᠯᠡᠭᠦᠦ ᠦᠵᠡᠰᠬᠦᠯᠡᠩᠲᠡᠢ ᠪᠢᠯᠡ᠃
—ᠠ᠂ ᠴᠢ ᠶᠠᠭᠠᠬᠢᠵᠤ ᠢᠩᠭᠢᠵᠦ ᠶᠠᠷᠢᠵᠤ ᠴᠢᠳᠠᠵᠤ ᠪᠠᠢᠨ᠎ᠠ᠂ ᠬᠡᠷᠡᠭ ᠦᠭᠡᠢ ᠠᠮᠢᠲᠠᠨ᠃
—ᠥᠷᠥᠰᠢᠶᠡᠯ ᠳᠡ᠂ ᠪᠢ ᠵᠥᠪᠬᠡᠨ ᠦᠨᠡᠨ ᠢ᠋ ᠬᠡᠯᠡᠬᠦ ᠶᠣᠰᠣᠲᠠᠢ ᠰᠢᠦ ᠳᠡ᠂ ᠡᠵᠡᠭᠲᠡᠢ ᠮᠢᠨᠢ᠃
—ᠬᠠᠲᠤᠨ ᠠᠭᠤᠷ ᠲᠤ ᠪᠠᠨ ᠰᠢᠲᠠᠵᠤ ᠠᠩᠴᠢᠨ ᠢ᠋ᠶ᠋ᠠᠨ ᠲᠠᠭᠤᠲᠠᠯ᠎ᠠ᠃
—ᠲᠡᠷᠡ ᠴᠠᠰᠤᠩᠭᠤᠸ᠎ᠠ ᠶ᠋ᠢ ᠣᠢ ᠳ᠋ᠤ᠌ ᠠᠪᠠᠴᠢᠵᠤ ᠦᠭᠡᠢ ᠬᠢ᠂ ᠪᠠᠰᠠ ᠪᠠᠲᠤᠯᠠᠭ᠎ᠠ ᠪᠣᠯᠭᠠᠵᠤ ᠨᠠᠳᠠ ᠳ᠋ᠤ᠌ ᠵᠢᠷᠦᠬᠡ ᠶ᠋ᠢ ᠨᠢ ᠠᠪᠴᠢᠷ᠎ᠠ!
—ᠵᠠ᠂ ᠡᠵᠡᠭᠲᠡᠢ᠁
—ᠬᠠᠲᠤᠨ᠂ ᠴᠠᠰᠤᠩᠭᠤᠸ᠎ᠠ ᠶ᠋ᠢ ᠣᠢ ᠤᠷᠤᠭᠤ ᠶᠠᠪᠤᠵᠤ ᠪᠦᠷ ᠴᠤ᠌ ᠢᠯᠡᠭᠦᠦ ᠦᠵᠡᠰᠬᠦᠯᠡᠩᠲᠡᠢ ᠪᠣᠯᠭᠠᠬᠤ ᠰᠢᠳᠢᠲᠦ ᠴᠡᠴᠡᠭ ᠠᠪᠴᠢᠷ᠎ᠠ ᠭᠡᠵᠦ ᠭᠤᠶᠤᠯ᠎ᠠ᠃ ᠬᠥᠭᠡᠷᠦᠬᠦᠢ ᠠᠩᠴᠢᠨ ᠴᠠᠰᠤᠩᠭᠤᠸ᠎ᠠ ᠶᠢ ᠣᠢ ᠤᠷᠤᠭᠤ ᠠᠪᠴᠤ ᠶᠠᠪᠤᠭᠰᠠᠨ ᠴᠤ᠌ ᠥᠬᠢᠨ ᠢ᠋ ᠬᠣᠷᠣᠭᠠᠵᠤ ᠴᠢᠳᠠᠬᠤ ᠦᠭᠡᠢ ᠶ᠋ᠢ ᠮᠡᠳᠡᠪᠡ᠃
—ᠬᠥᠭᠡᠷᠦᠬᠦᠢ ᠭᠦᠩᠵᠦ ᠮᠢᠨᠢ᠂ ᠬᠣᠢᠲᠤ ᠡᠬᠡ ᠴᠢᠨᠢ ᠨᠠᠳᠠ ᠳ᠋ᠤ᠌ ᠲᠠᠨ ᠢ᠋ ᠠᠯᠠᠬᠤ ᠶ᠋ᠢ ᠲᠤᠰᠢᠶᠠᠭᠰᠠᠨ᠂ ᠭᠡᠪᠡᠴᠦ ᠪᠢ ᠲᠠᠨ ᠰᠢᠭ᠋ ᠦᠵᠡᠰᠬᠦᠯᠡᠩᠲᠡᠢ ᠰᠠᠢᠬᠠᠨ ᠰᠡᠳᠬᠢᠯ ᠲᠡᠢ ᠬᠥᠮᠦᠨ ᠢ᠋ ᠠᠯᠠᠵᠤ ᠴᠢᠳᠠᠬᠤ ᠦᠭᠡᠢ᠂ ᠠᠯᠢ ᠪᠣᠯᠬᠤ ᠪᠠᠷ ᠬᠣᠯᠠ ᠵᠢᠭᠤᠲᠠ᠂ ᠳᠠᠬᠢᠵᠤ ᠣᠷᠳᠣᠨ ᠳ᠋ᠤ᠌ ᠪᠢᠲᠡᠭᠡᠢ ᠡᠷᠭᠢᠵᠦ ᠢᠷᠡᠭᠡᠷᠡᠢ!
—ᠦ᠂ ᠰᠠᠢᠬᠠᠨ ᠰᠡᠳᠬᠢᠯᠲᠦ ᠬᠥᠮᠦᠨ ᠮᠢᠨᠢ᠂ ᠨᠠᠮ᠎ᠠ ᠶ᠋ᠢ ᠠᠯᠠᠬᠤ ᠦᠭᠡᠢ ᠪᠣᠯ ᠡᠬᠡ ᠮᠢᠨᠢ ᠲᠠᠨ ᠢ᠋ ᠰᠢᠢᠳᠬᠡᠨ᠎ᠡ ᠰᠢᠦ ᠳᠡ!
—ᠪᠢ ᠨᠢᠭᠡ ᠠᠷᠭ᠎ᠠ ᠣᠯᠵᠤ ᠲᠡᠭᠦᠨ ᠢ᠋ ᠲᠣᠷᠭᠠᠨ᠎ᠠ᠂ ᠲᠡᠭᠡᠬᠦ ᠳ᠋ᠦ᠍ ᠪᠡᠨ ᠲᠠ ᠣᠳᠣ ᠶᠠᠪᠤ!
— ᠴᠠᠰᠤᠩᠭᠤᠸ᠎ᠠ ᠠᠯᠢ ᠪᠣᠯᠬᠤ ᠪᠠᠷ ᠬᠤᠷᠳᠤᠨ ᠭᠦᠶᠦᠯ᠎ᠡ᠃ ᠠᠩᠴᠢᠨ ᠵᠡᠷᠯᠢᠭ ᠪᠣᠳᠣᠩ ᠠᠩᠨᠠᠭᠠᠳ ᠵᠢᠷᠦᠬᠡ ᠶ᠋ᠢ ᠨᠢ ᠬᠠᠲᠤᠨ ᠳ᠋ᠤ᠌ ᠥᠭᠭᠦᠯ᠎ᠡ᠃
—ᠬᠠ᠂᠂᠂᠂ ᠪᠢ ᠣᠳᠣ ᠬᠠᠮᠤᠭ ᠤ᠋ᠨ ᠦᠵᠡᠰᠬᠦᠯᠡᠩᠲᠡᠢ ᠨᠢ ᠪᠣᠯᠤᠯ᠎ᠠ᠃
— ᠴᠠᠰᠤᠩᠭᠤᠸ᠎ᠠ ᠭᠦᠨ ᠬᠠᠷᠠᠩᠭᠤᠢ ᠣᠢ ᠳ᠋ᠤ᠌ ᠭᠠᠪ ᠭᠠᠭᠴᠠᠭᠠᠷ ᠶᠠᠪᠤᠨ᠎ᠠ᠂ ᠶᠠᠭᠤ ᠬᠢᠬᠦ ᠪᠡᠨ ᠬᠠᠮᠢᠭᠠᠰᠢ ᠪᠠᠨ ᠶᠠᠪᠤᠬᠤ ᠪᠠᠨ ᠴᠤ᠌ ᠮᠡᠳᠡᠬᠦ ᠦᠭᠡᠢ ᠪᠠᠢᠪᠠ᠂ ᠮᠣᠳᠣᠳ ᠬᠣᠭᠣᠷᠣᠨᠳᠣ ᠪᠠᠨ ᠰᠢᠪᠡᠨᠡᠯᠳᠦᠭᠡᠳ ᠴᠤ᠌ ᠪᠠᠢᠬᠤ ᠰᠢᠭ᠋᠂ ᠴᠠᠰᠤᠩᠭᠤᠸ᠎ᠠ ᠠᠶᠤᠭᠰᠠᠨ ᠳ᠋ᠤ᠌ ᠪᠠᠨ ᠪᠣᠯᠤᠭᠠᠳ ᠵᠢᠭᠤᠲᠠᠯ᠎ᠠ᠂ ᠢᠷᠮᠡᠭ ᠲᠡᠢ ᠴᠢᠯᠠᠭᠤ᠂ ᠥᠷᠭᠡᠰᠦᠲᠦ ᠣᠢ ᠳᠤᠮᠳᠠᠭᠤᠷ ᠭᠦᠶᠦᠭᠰᠡᠭᠡᠷ ᠬᠠᠷᠠᠩᠭᠤᠢ ᠨᠥᠮᠥᠷᠳᠡᠭ ᠦ᠋ᠨ ᠳᠠᠪᠠᠭᠠᠨ ᠳᠡᠭᠡᠷ᠎ᠡ ᠬᠡᠳᠦᠨ ᠰᠢᠪᠠᠭᠤ ᠲᠡᠭᠦᠨ ᠢ᠋ ᠲᠣᠭᠣᠷᠢᠨ ᠨᠢᠰᠴᠦ ᠣᠷᠢᠶᠠᠯᠲᠠ ᠡᠴᠡ ᠨᠢ ᠲᠠᠲᠠᠵᠤ ᠡᠬᠢᠯᠡᠪᠡ᠂ ᠲᠡᠳᠡ ᠥᠪᠡᠷ ᠲᠦ᠍ ᠨᠢ ᠨᠢᠭᠡ ᠶᠠᠭᠤᠮ᠎ᠠ ᠦᠵᠡᠭᠦᠯᠬᠦ ᠭᠡᠳ ᠪᠠᠢᠭ᠎ᠠ ᠶ᠋ᠢ ᠲᠡᠷᠡ ᠮᠡᠳᠡᠵᠡᠢ᠃
ᠲᠡᠷᠡ ᠰᠢᠪᠠᠭᠤᠳ ᠢ᠋ ᠳᠠᠭᠠᠯ᠎ᠠ᠃ ᠭᠡᠨᠡᠳᠲᠡ ᠨᠢᠭᠡ ᠬᠠᠴᠢᠷᠬᠠᠯ ᠲᠠᠢ ᠪᠠᠢᠰᠢᠩ ᠣᠯᠵᠤ ᠬᠠᠷᠠᠭᠠᠳ ᠰᠢᠪᠠᠭᠤᠳ ᠲᠠᠢ ᠬᠠᠮᠲᠤ ᠶᠠᠪᠤᠵᠤ ᠣᠷᠣᠪᠠ᠃ ᠪᠠᠢᠰᠢᠩ ᠳᠣᠲᠣᠷ᠎ᠠ ᠪᠦᠬᠦ ᠶᠠᠭᠤᠮ᠎ᠠ ᠨᠢ ᠵᠢᠵᠢᠭᠬᠡᠨ ᠴᠤ᠌ ᠴᠡᠪᠡᠷᠬᠡᠨ ᠠᠵᠢ᠃ ᠴᠠᠪ ᠴᠠᠭᠠᠨ ᠪᠦᠲᠡᠭᠡᠯᠭᠡ ᠲᠡᠢ ᠵᠢᠵᠢᠭᠬᠡᠨ ᠰᠢᠷᠡᠭᠡᠨ ᠳᠡᠭᠡᠷ᠎ᠡ ᠬᠣᠭᠣᠯᠠ ᠲᠠᠪᠠᠭᠯᠠᠭᠰᠠᠨ ᠳᠣᠯᠣᠭᠠᠨ
ᠵᠢᠵᠢᠭᠬᠡᠨ ᠲᠠᠪᠠᠭ ᠪᠠᠢᠪᠠ᠃ ᠬᠠᠨ᠎ᠠ ᠨᠠᠯᠠᠭᠤᠯᠤᠭᠠᠳ ᠳᠣᠯᠣᠭᠠᠨ ᠵᠢᠵᠢᠭ ᠣᠷᠣ ᠲᠠᠯᠪᠢᠵᠠᠢ᠃ ᠪᠦᠭᠦᠳᠡ ᠶ᠋ᠢ ᠨᠢ ᠡᠩᠨᠡᠭᠦᠯᠦᠭᠡᠳ ᠪᠦᠲᠡᠭᠡᠯᠭᠡ ᠪᠡᠷ ᠪᠦᠲᠡᠭᠡᠭᠰᠡᠨ ᠪᠠᠢᠪᠠ᠂ ᠴᠠᠰᠤᠩᠭᠤᠸ᠎ᠠ ᠥᠯᠥᠰᠦᠭᠰᠡᠨ ᠳ᠋ᠦ᠍ ᠪᠡᠨ ᠵᠢᠵᠢᠭᠬᠡᠨ ᠲᠠᠪᠠᠭ ᠪᠦᠷᠢ ᠡᠴᠡ ᠵᠢᠭᠠᠬᠠᠨ ᠵᠢᠭᠠᠬᠠᠨ ᠨᠣᠭᠣᠭ᠎ᠠ ᠲᠠᠯᠬ᠎ᠠ ᠠᠪᠤᠭᠠᠳ ᠢᠳᠡᠴᠢᠬᠡᠯ᠎ᠡ᠃ ᠪᠠᠰᠠ ᠠᠶᠠᠭ᠎ᠠ ᠪᠦᠷᠢ ᠡᠴᠡ ᠵᠢᠭᠠᠬᠠᠨ ᠵᠢᠭᠠᠬᠠᠨ ᠰᠦ ᠤᠤᠭᠤᠵᠠᠢ᠃ ᠣᠢ ᠪᠠᠷ ᠤᠳᠠᠭᠠᠨ ᠶᠠᠪᠤᠭᠠᠳ ᠶᠡᠬᠡ ᠶᠠᠳᠠᠷᠠᠵᠠᠢ᠃ ᠲᠡᠭᠡᠭᠡᠳ ᠵᠢᠵᠢᠭᠬᠡᠨ ᠣᠷᠣᠨ ᠳᠡᠭᠡᠷ᠎ᠡ ᠬᠡᠪᠲᠡᠭᠡᠳ ᠨᠠᠮ ᠤᠨᠲᠠᠴᠢᠬᠠᠪᠠ ᠭᠡᠨ᠎ᠡ᠃
ᠬᠠᠷᠠᠩᠭᠤᠢ ᠪᠣᠯᠤᠭᠰᠠᠨ ᠤ᠋ ᠳᠠᠷᠠᠭ᠎ᠠ ᠭᠡᠷ ᠦ᠋ᠨ ᠡᠵᠡᠳ ᠪᠣᠯᠬᠤ ᠳᠣᠯᠣᠭᠠᠨ ᠣᠳᠣᠢ ᠭᠡᠷ ᠲᠦ᠍ ᠢᠷᠡᠯ᠎ᠡ᠂ ᠲᠡᠳᠡ ᠠᠭᠤᠯᠠᠨ ᠳ᠋ᠤ᠌ ᠠᠯᠲᠠ ᠣᠯᠪᠤᠷᠢᠯᠠᠳᠠᠭ᠃ ᠰᠢᠪᠠᠭᠤᠳ ᠴᠠᠰᠤᠩᠭᠤᠸ᠋᠎ᠠ ᠶ᠋ᠢ ᠰᠡᠷᠡᠭᠡᠬᠦ ᠭᠡᠵᠦ ᠣᠷᠣᠯᠳᠣᠭᠰᠠᠨ ᠪᠣᠯᠪᠠᠴᠤ᠂ ᠲᠡᠷᠡ ᠭᠦᠨ ᠨᠣᠢᠷ ᠲᠤ ᠳᠠᠷᠤᠭᠳᠠᠵᠠᠢ᠃ ᠣᠳᠣᠢ ᠨᠠᠷ ᠭᠡᠷ ᠲᠡᠭᠡᠨ ᠢᠷᠡᠮᠡᠭᠴᠡ ᠬᠡᠨ ᠨᠢᠭᠡᠨ ᠢᠷᠡᠭᠰᠡᠨ ᠢ᠋ ᠠᠩᠵᠠᠭᠠᠷᠠᠯ᠎ᠠ᠃
—ᠬᠡᠨ ᠮᠢᠨᠦ ᠰᠠᠨᠳᠠᠯᠢ ᠳᠡᠭᠡᠷ᠎ᠡ ᠰᠠᠭᠤᠭᠰᠠᠨ ᠶᠤᠮ ᠪᠣᠢ?
—ᠬᠡᠨ ᠮᠢᠨᠦ ᠲᠠᠪᠠᠭ ᠡᠴᠡ ᠢᠳᠡᠭᠰᠡᠨ ᠶᠦᠮ ᠪᠣᠢ?
—ᠬᠡᠨ ᠮᠢᠨᠦ ᠲᠠᠯᠬᠠᠨ ᠡᠴᠡ ᠢᠳᠡᠭᠰᠡᠨ ᠶᠦᠮ ᠪᠣᠢ?
—ᠬᠡᠨ ᠮᠢᠨᠦ ᠨᠣᠭᠣᠭᠠᠨ ᠡᠴᠡ ᠢᠳᠡᠭᠰᠡᠨ ᠶᠦᠮ ᠪᠣᠢ?
—ᠬᠡᠨ ᠮᠢᠨᠦ ᠰᠢᠷᠡᠭᠡ ᠶ᠋ᠢ ᠬᠡᠷᠡᠭᠯᠡᠴᠢᠬᠡᠪᠡ ᠪᠣᠢ?
—ᠬᠡᠨ ᠮᠢᠨᠦ ᠠᠶᠠᠭᠠᠨ ᠡᠴᠡ ᠤᠤᠭᠤᠭᠰᠠᠨ ᠪᠣᠢ?
—ᠭᠡᠪᠡᠴᠦ ᠣᠷᠣ ᠤᠷᠤᠭᠤ ᠪᠠᠨ ᠬᠠᠷᠠᠵᠤ ᠪᠠᠢᠭᠰᠠᠨ ᠳᠣᠯᠣᠭᠠᠳᠡᠬᠢ ᠣᠳᠣᠢ ᠦᠵᠡᠰᠬᠦᠯᠡᠩᠲᠡᠢ ᠪᠦᠰᠡᠭᠦᠢ ᠤᠨᠲᠠᠵᠤ ᠪᠠᠢᠭ᠎ᠠ ᠶ᠋ᠢ ᠬᠠᠷᠠᠵᠠᠢ᠃
—ᠮᠢᠨᠦ ᠣᠷᠣᠨ ᠳᠡᠭᠡᠷ᠎ᠡ ᠨᠢᠭᠡ ᠬᠥᠮᠦᠨ ᠤᠨᠲᠠᠵᠤ ᠪᠠᠢᠨ᠎ᠠ᠃
— ᠳᠣᠯᠣᠭᠠᠨ ᠣᠳᠣᠢ ᠣᠷᠣ ᠤᠷᠤᠭᠤ ᠪᠠᠨ ᠭᠦᠶᠦᠭᠡ ᠪᠡᠷ ᠢ᠋ᠶ᠋ᠡᠨ ᠢᠷᠡᠯ᠎ᠡ᠃
—ᠦ! ᠲᠡᠭᠷᠢ ᠮᠢᠨᠢ᠂ ᠡᠨᠡ ᠪᠦᠰᠡᠭᠦᠢ ᠦᠨᠡᠬᠡᠷ ᠦᠵᠡᠰᠬᠦᠯᠡᠩᠲᠡᠢ ᠶᠦᠮ ᠠ᠋!
—ᠤᠨᠲᠠᠭ ᠠ᠋! ᠴᠢᠮᠡᠭᠡ ᠦᠭᠡᠢ ᠪᠠᠢᠵᠠᠭᠠᠶ᠎ᠠ᠃
—ᠲᠡᠳᠡ ᠪᠦᠭᠦᠳᠡ ᠴᠠᠰᠤᠩᠭᠤᠸ᠎ᠠ ᠶᠢᠨ ᠣᠷᠣ ᠶ᠋ᠢ ᠲᠣᠭᠣᠷᠢᠭᠠᠳ ᠤᠨᠲᠠᠵᠠᠭᠠᠯ᠎ᠠ᠃
ᠮᠠᠷᠭᠠᠰᠢ ᠥᠷᠯᠥᠭᠡ ᠨᠢ ᠴᠠᠰᠤᠩᠭᠤᠸ᠎ᠠ ᠰᠡᠷᠡᠭᠡᠳ ᠳᠣᠯᠣᠭᠠᠨ ᠣᠳᠣᠢ ᠶ᠋ᠢ ᠬᠠᠷᠠᠭᠠᠳ ᠶᠡᠬᠡ ᠠᠶᠤᠵᠠᠢ᠃
—ᠠ᠂᠂᠂᠂
— ᠲᠡᠭᠦᠨ ᠦ᠌ ᠳᠠᠭᠤ ᠶ᠋ᠢ ᠰᠣᠨᠣᠰᠤᠭᠠᠳ ᠣᠳᠣᠢ ᠨᠠᠷ ᠰᠡᠷᠡᠯ᠎ᠡ᠃
—ᠪᠢᠲᠡᠭᠡᠢ ᠠᠶᠤ᠂ ᠪᠢᠲᠡᠭᠡᠢ ᠠᠶᠤ᠂ ᠪᠢᠳᠡ ᠪᠣᠯ ᠣᠳᠣᠢ ᠨᠠᠷ᠂ ᠴᠢ ᠮᠠᠨ ᠤ᠋ ᠭᠡᠷ ᠲᠦ᠍ ᠪᠠᠢᠨ᠎ᠠ᠃
—ᠠ᠂᠂᠂᠂
—ᠴᠢᠮ᠎ᠠ ᠶ᠋ᠢ ᠬᠡᠨ ᠭᠡᠳᠡᠭ ᠪᠣᠢ?
—ᠮᠢᠨᠦ ᠨᠡᠷ᠎ᠡ ᠴᠠᠰᠤᠩᠭᠤᠸ᠎ᠠ
—ᠴᠢ ᠮᠠᠨ ᠤ᠋ ᠪᠠᠢᠰᠢᠩ ᠢ᠋ ᠶᠠᠭᠠᠬᠢᠵᠤ ᠣᠯᠵᠤ ᠢᠷᠡᠭᠰᠡᠨ ᠶᠦᠮ ᠪᠣᠢ?
— ᠴᠠᠰᠤᠩᠭᠤᠸ᠎ᠠ ᠲᠡᠳᠡᠨ ᠳ᠋ᠦ᠍ ᠪᠣᠯᠤᠭᠰᠠᠨ ᠶᠠᠪᠤᠳᠠᠯ ᠢ᠋ᠶ᠋ᠠᠨ ᠪᠦᠭᠦᠳᠡ ᠶ᠋ᠢ ᠶᠠᠷᠢᠪᠠ᠃ ᠣᠳᠣᠢ ᠨᠠᠷ ᠬᠣᠭᠣᠷᠣᠨᠳᠣ ᠪᠠᠨ ᠤᠳᠠᠭᠠᠨ ᠶᠠᠷᠢᠯᠴᠠᠭᠰᠠᠨ  ᠤ᠋ ᠡᠴᠦᠰ ᠲᠦ᠍ ᠢᠩᠭᠢᠵᠦ ᠬᠡᠯᠡᠪᠡ:
—ᠬᠡᠷᠪᠡ ᠴᠢ ᠮᠠᠨ ᠤ᠋ ᠭᠡᠷ ᠢ᠋ ᠬᠠᠷᠠᠵᠤ ᠪᠠᠢᠪᠠᠯ᠂
ᠪᠠᠰᠠ ᠬᠣᠭᠣᠯᠠ ᠬᠢᠪᠡᠯ᠂
ᠣᠷᠣ ᠬᠤᠷᠢᠶᠠᠭᠠᠳ
ᠤᠬᠢᠶᠠᠵᠤ᠂ ᠣᠶᠣᠵᠤ ᠰᠢᠲᠠᠪᠠᠯ᠂
ᠪᠦᠭᠦᠳᠡ ᠶ᠋ᠢ ᠴᠡᠪᠡᠷᠬᠡᠨ ᠲᠢᠭ ᠲᠡᠢ ᠪᠠᠢᠯᠭᠠᠪᠠᠯ᠂
ᠪᠢᠳᠡᠨ ᠳᠡᠭᠡᠷ᠎ᠡ ᠦᠯᠡᠳᠡᠵᠦ ᠪᠣᠯᠤᠨ᠎ᠠ᠃
ᠪᠠᠰᠠ ᠴᠢᠮ᠎ᠠ ᠳ᠋ᠤ᠌ ᠬᠦᠰᠡᠭᠰᠡᠨ ᠪᠦᠭᠦᠳᠡ ᠶ᠋ᠢ ᠴᠢᠨᠢ ᠦᠭᠭᠦᠨ᠎ᠡ᠃
— ᠲᠡᠭᠡᠶ᠎ᠡ᠂ ᠴᠢᠩ ᠰᠡᠳᠬᠢᠯ ᠡᠴᠡ ᠪᠡᠨ᠁
—ᠢᠩᠭᠢᠭᠡᠳ ᠴᠠᠰᠤᠩᠭᠤᠸ᠎ᠠ ᠣᠳᠣᠢ ᠨᠠᠷ ᠲᠠᠢ ᠬᠠᠮᠲᠤ ᠠᠵᠠ ᠵᠢᠷᠭᠠᠯ ᠲᠠᠢ ᠠᠮᠢᠳᠤᠷᠠᠵᠤ ᠪᠠᠢᠪᠠ᠃ ᠣᠳᠣᠢ ᠨᠠᠷ ᠥᠷᠯᠥᠭᠡ ᠪᠦᠷᠢ ᠠᠯᠲᠠ ᠬᠠᠢᠵᠤ ᠠᠭᠤᠯᠠ ᠤᠷᠤᠭᠤ ᠶᠠᠪᠤᠨ᠎ᠠ᠂ ᠣᠷᠣᠢ ᠭᠡᠷ ᠲᠦ᠍ ᠪᠡᠨ ᠢᠷᠡᠬᠦ ᠳ᠋ᠦ᠍ ᠨᠢ ᠴᠠᠰᠤᠩᠭᠤᠸ᠎ᠠ ᠲᠡᠳᠡᠨ ᠦ᠌ ᠬᠣᠭᠣᠯᠠ ᠶ᠋ᠢ ᠪᠡᠯᠡᠳᠬᠡᠵᠦ᠂ ᠭᠡᠷ ᠢ᠋ ᠨᠢ ᠴᠡᠪᠡᠷᠯᠡᠭᠰᠡᠨ ᠪᠠᠢᠯ᠎ᠠ᠃ ᠡᠳᠦᠷ ᠦ᠋ᠨ ᠴᠠᠭ ᠢ᠋ᠶ᠋ᠠᠷ ᠴᠠᠰᠤᠩᠭᠤᠸ᠎ᠠ ᠰᠢᠪᠠᠭᠤᠳ ᠪᠣᠯᠤᠨ ᠣᠢ ᠶ᠋ᠢᠨ ᠠᠮᠢᠲᠠᠳ ᠲᠠᠢ ᠲᠣᠭᠯᠠᠬᠤ ᠡᠴᠡ ᠪᠤᠰᠤᠳ ᠢ᠋ᠶ᠋ᠠᠷ ᠭᠠᠪ ᠭᠠᠭᠴᠠᠭᠠᠷ ᠢ᠋ᠶ᠋ᠠᠨ ᠪᠠᠢᠳᠠᠭ ᠪᠠᠢᠯ᠎ᠠ᠃
—ᠲᠣᠯᠢ ᠮᠢᠨᠢ᠂ ᠬᠠᠨᠠᠨ ᠳᠡᠭᠡᠷᠡᠬᠢ ᠲᠣᠯᠢ ᠮᠢᠨᠢ᠂ ᠡᠨᠡ ᠬᠣᠷᠸ᠎ᠠ ᠳ᠋ᠤ᠌ ᠬᠡᠨ ᠬᠠᠮᠤᠭ ᠤ᠋ᠨ ᠦᠵᠡᠰᠬᠦᠯᠡᠩᠲᠡᠢ ᠨᠢ ᠪᠣᠢ?
—ᠲᠠ᠂ ᠬᠠᠲᠤᠨ ᠮᠢᠨᠢ᠂ ᠶᠡᠬᠡ ᠦᠵᠡᠰᠬᠦᠯᠡᠩᠲᠡᠢ᠂ ᠡᠨᠡ ᠦᠨᠡᠨ ᠰᠢᠦ᠂ ᠭᠡᠪᠡᠴᠦ ᠠᠭᠤᠯᠠᠰ ᠤ᠋ᠨ ᠴᠠᠭᠠᠨ᠎ᠠ ᠳᠣᠯᠣᠭᠠᠨ ᠣᠳᠣᠢ ᠲᠠᠢ ᠬᠠᠮᠲᠤ ᠪᠠᠢᠭ᠎ᠠ ᠴᠠᠰᠤᠩᠭᠤᠸ᠎ᠠ ᠲᠠᠨ ᠡᠴᠡ ᠮᠢᠩᠭᠠᠨ ᠳᠠᠬᠢᠨ ᠦᠵᠡᠰᠬᠦᠯᠡᠩᠲᠡᠢ ᠬᠡᠪ ᠢ᠋ᠶ᠋ᠡᠷ ᠢ᠋ᠶ᠋ᠡᠨ᠁
—ᠦᠭᠡᠢ᠂ ᠲᠡᠷᠡ ᠮᠠᠭᠤ ᠴᠠᠭᠠᠨ ᠥᠬᠢᠨ ᠠᠮᠢᠳᠤ ᠪᠠᠢᠬᠤ ᠨᠢ ᠠᠩᠴᠢᠨ ᠨᠠᠮ᠎ᠠ ᠶ᠋ᠢ ᠮᠡᠬᠡᠯᠡᠵᠡᠢ᠂ ᠲᠡᠭᠦᠨ ᠦ᠌ ᠤᠴᠢᠷ ᠢ᠋ ᠣᠯᠤᠨ᠎ᠠ᠂ ᠭᠡᠪᠡᠴᠦ ᠣᠳᠣ ᠪᠢ ᠲᠡᠷᠡ ᠴᠠᠰᠤᠩᠭᠤᠸ᠎ᠠ ᠶ᠋ᠢ ᠬᠣᠷᠣᠭᠠᠬᠤ ᠶᠣᠰᠣᠲᠠᠢ᠃ ᠭᠡᠪᠡᠴᠦ ᠶᠠᠭᠠᠬᠢᠵᠤ᠂ ᠶᠠᠭᠠᠬᠢᠵᠤ᠂ ᠶᠠᠭᠠᠬᠢᠵᠤ ᠭᠡᠳᠡᠭ ᠢ᠋ ᠬᠡᠯᠡᠭᠡᠴᠢ!
— ᠠᠭᠤᠷ ᠲᠤ ᠪᠠᠨ ᠲᠣᠯᠢ ᠪᠠᠨ ᠬᠠᠭᠠᠯᠴᠢᠬᠠᠭᠰᠠᠨ ᠢ᠋ᠶ᠋ᠠᠨ ᠣᠢᠯᠠᠭᠠᠪᠠ᠂ ᠬᠠᠲᠤᠨ ᠴᠠᠰᠤᠩᠭᠤᠸ᠎ᠠ ᠶ᠋ᠢ ᠶᠠᠭᠠᠬᠢᠵᠤ ᠦᠭᠡᠢ ᠬᠢᠬᠦ ᠪᠣᠢ ᠭᠡᠵᠦ ᠳᠠᠬᠢᠨ ᠳᠠᠬᠢᠨ ᠪᠣᠳᠣᠭᠰᠠᠭᠠᠷ᠂ ᠡᠴᠦᠰ ᠲᠦ᠍ ᠨᠢ ᠨᠢᠭᠡ ᠶᠠᠭᠤᠮ᠎ᠠ ᠪᠣᠳᠣᠵᠤ ᠣᠯᠤᠯ᠎ᠠ᠂ ᠬᠠᠲᠤᠨ ᠥᠭᠡᠷ᠎ᠡ ᠬᠡᠨ ᠴᠤ᠌ ᠣᠷᠣᠳᠠᠭ ᠦᠭᠡᠢ ᠨᠢᠭᠤᠴᠠ ᠥᠷᠥᠭᠡᠨ ᠳ᠋ᠡᠭᠡᠨ ᠶᠠᠪᠤᠵᠤ ᠣᠷᠣᠪᠠ᠃ ᠲᠡᠨᠳᠡ ᠬᠣᠣᠷᠲᠠᠢ ᠠᠯᠢᠮ᠎ᠠ ᠬᠢᠵᠡᠢ᠃ ᠠᠯᠢᠮ᠎ᠠ ᠶ᠋ᠢ ᠮᠠᠰᠢ ᠴᠢᠳᠠᠪᠤᠷᠢᠯᠢᠭ ᠬᠢᠭᠰᠡᠨ ᠤᠴᠢᠷ ᠳᠣᠲᠣᠷ᠎ᠠ ᠪᠠᠨ ᠬᠣᠣᠷᠲᠠᠢ᠂ ᠭᠠᠳᠠᠨ᠎ᠠ ᠪᠠᠨ ᠰᠢᠨᠡᠬᠡᠨ ᠰᠠᠢᠬᠠᠨ ᠬᠠᠷᠠᠭᠳᠠᠵᠤ ᠪᠠᠢᠯ᠎ᠠ᠃ ᠳᠠᠷᠠᠭ᠎ᠠ ᠨᠢ ᠷᠢᠳᠢ ᠰᠢᠳᠢ ᠪᠡᠨ ᠠᠰᠢᠭᠯᠠᠨ ᠲᠡᠷᠡ ᠥᠪᠡᠷ ᠢ᠋ ᠪᠡᠨ ᠬᠥᠭᠰᠢᠨ ᠮᠠᠢᠮᠠᠢᠴᠢᠨ ᠡᠮᠡᠭᠡᠨ ᠪᠣᠯᠭᠠᠵᠤ ᠬᠤᠪᠢᠯᠭᠠᠪᠠ᠃ ᠠᠭᠤᠯᠠᠰ ᠤ᠋ᠨ ᠴᠠᠭᠠᠨ᠎ᠠ ᠪᠠᠢᠬᠤ ᠣᠳᠣᠢ ᠨᠠᠷ ᠤ᠋ᠨ ᠪᠠᠢᠰᠢᠩ ᠳ᠋ᠤ᠌ ᠣᠴᠢᠵᠤ ᠬᠠᠭᠠᠯᠭ᠎ᠠ ᠶ᠋ᠢ ᠨᠢ ᠲᠣᠭᠰᠢᠯ᠎ᠠ᠃
ᠴᠠᠰᠤᠩᠭᠤᠸ᠎ᠠ ᠴᠣᠩᠬᠣ ᠪᠠᠷ ᠲᠣᠯᠣᠭᠠᠢ ᠪᠠᠨ ᠴᠤᠬᠤᠢᠯᠭᠠᠪᠠ᠃
—ᠲᠠ ᠬᠡᠨ ᠪᠣᠢ? ᠡᠮᠡᠭᠡ! ᠪᠢ ᠲᠠᠨ ᠳ᠋ᠤ᠌ ᠶᠠᠭᠤ ᠪᠠᠷ ᠲᠤᠰᠠᠯᠠᠬᠤ ᠪᠣᠢ?
—ᠬᠠᠭᠠᠯᠭ᠎ᠠ ᠪᠠᠨ ᠨᠡᠬᠡᠭᠡ᠂ ᠬᠥᠭᠡᠷᠦᠬᠦᠨ ᠥᠬᠢᠨ ᠮᠢᠨᠢ᠂ ᠪᠢ ᠶᠠᠳᠠᠭᠤ ᠬᠥᠮᠦᠨ᠂ ᠪᠢ ᠴᠢᠮᠠᠲᠤ ᠠᠯᠢᠮ᠎ᠠ ᠥᠭᠴᠦ ᠠᠮᠢᠰᠬᠤᠯ ᠬᠤᠷᠢᠶᠠᠵᠤ ᠪᠠᠢᠭ᠎ᠠ ᠨᠥᠬᠥᠷ ᠲᠤ ᠪᠠᠨ ᠥᠭᠬᠦ ᠵᠢᠭᠠᠬᠠᠨ ᠲᠠᠯᠬ᠎ᠠ ᠠᠪᠤᠶ᠎ᠠ᠃
—ᠪᠢ ᠬᠡᠨ ᠢ᠋ ᠴᠦ᠍ ᠣᠷᠣᠭᠤᠯᠵᠤ ᠪᠣᠯᠬᠤ ᠦᠭᠡᠢ᠂ ᠳᠣᠯᠣᠭᠠᠨ ᠣᠳᠣᠢ ᠨᠠᠮ᠎ᠠ ᠶ᠋ᠢ ᠬᠥᠮᠦᠨ ᠣᠷᠣᠭᠤᠯᠵᠤ ᠪᠣᠯᠬᠤ ᠦᠭᠡᠢ ᠭᠡᠰᠡᠨ᠃
—ᠣᠷᠣᠬᠤ ᠦᠭᠡᠢ ᠪᠠᠢᠭᠰᠠᠨ ᠴᠤ᠌ ᠵᠦᠭᠡᠷ ᠠ᠋᠂ ᠮᠠᠢ ᠡᠨᠡ ᠠᠮᠲᠠᠲᠠᠢ ᠰᠠᠢᠬᠠᠨ ᠠᠯᠢᠮ᠎ᠠ ᠶ᠋ᠢ ᠥᠭᠭᠦᠭᠡᠳ ᠴᠢᠮ᠎ᠠ ᠠ᠋ᠴᠠ ᠵᠢᠭᠠᠬᠠᠨ ᠲᠠᠯᠬ᠎ᠠ ᠭᠤᠶᠤᠬᠤ ᠭᠡᠰᠡᠨ ᠶᠦᠮ᠂ ᠥᠬᠢᠨ ᠮᠢᠨᠢ᠃
— ᠴᠠᠰᠤᠩᠭᠤᠸ᠎ᠠ ᠭᠢᠯᠠᠯᠵᠠᠭᠰᠠᠨ ᠰᠠᠢᠬᠠᠨ ᠠᠯᠢᠮ᠎ᠠ ᠶ᠋ᠢ ᠬᠠᠷᠠᠭᠠᠳ ᠠᠪᠬᠤ ᠦᠭᠡᠢ ᠪᠠᠢᠵᠤ ᠴᠢᠳᠠᠭᠰᠠᠨ ᠦᠭᠡᠢ᠂ ᠭᠠᠯ ᠲᠣᠭᠣᠭ᠎ᠠ ᠤᠷᠤᠭᠤ ᠣᠷᠣᠵᠤ ᠳᠣᠯᠣᠭᠠᠨ ᠣᠳᠣᠢ ᠶ᠋ᠢᠨ ᠬᠣᠭᠣᠯᠠᠨ ᠳ᠋ᠤ᠌ ᠵᠣᠷᠢᠭᠤᠯᠵᠤ ᠳᠥᠩᠭᠡᠵᠦ ᠵᠢᠩᠨᠡᠭᠰᠡᠨ ᠲᠣᠮᠣ ᠭᠡᠭᠴᠢ ᠶ᠋ᠢᠨ ᠲᠠᠯᠬ᠎ᠠ ᠪᠠᠨ ᠠᠪᠴᠢᠷᠠᠵᠤ ᠥᠭᠪᠡ᠃ ᠣᠳᠣᠢ ᠨᠠᠷ ᠤ᠋ᠨ ᠬᠣᠭᠣᠯᠠᠨ ᠳ᠋ᠤ᠌ ᠵᠣᠷᠢᠭᠤᠯᠤᠭᠰᠠᠨ ᠲᠠᠯᠬ᠎ᠠ ᠪᠠᠨ ᠡᠮᠡᠭᠡᠨ ᠳ᠋ᠦ᠍ ᠥᠭᠭᠦᠭᠡᠳ ᠠᠯᠢᠮ᠎ᠠ ᠶ᠋ᠢ ᠠᠪᠤᠯ᠎ᠠ᠃ ᠠᠯᠢᠮᠠᠨ ᠠ᠋ᠴᠠ ᠭᠠᠭᠴᠠ ᠬᠠᠵᠠᠬᠤ ᠲᠡᠳᠦᠢ ᠳ᠋ᠦ᠍ ᠭᠠᠵᠠᠷ ᠲᠤ ᠦᠬᠦᠳᠬᠢᠨ ᠤᠨᠠᠪᠠ ᠭᠡᠨ᠎ᠡ᠃
ᠬᠣᠷᠣᠨ ᠰᠠᠨᠠᠭᠠᠲᠤ ᠬᠠᠲᠤᠨ ᠦᠨᠡᠨ ᠲᠥᠷᠬᠦ ᠳ᠋ᠡᠭᠡᠨ ᠣᠷᠣᠪᠠ᠃
—ᠴᠠᠰᠤ ᠰᠢᠭ᠋ ᠴᠠᠭᠠᠨ᠂ ᠴᠢᠰᠤ ᠰᠢᠭ᠋ ᠤᠯᠠᠭᠠᠨ᠂ ᠰᠢᠨᠡᠰᠦ ᠮᠣᠳᠣ ᠰᠢᠭ᠋ ᠬᠠᠷ᠎ᠠ᠂ ᠳᠣᠯᠣᠭᠠᠨ ᠣᠳᠣᠢ ᠴᠢᠮ᠎ᠠ ᠶ᠋ᠢ ᠬᠡᠵᠢᠶ᠎ᠡ ᠴᠦ᠍ ᠰᠡᠷᠡᠭᠡᠵᠦ ᠴᠢᠳᠠᠬᠤ ᠦᠭᠡᠢ᠃
—ᠲᠡᠷᠡ ᠳᠠᠷᠤᠢ ᠣᠷᠳᠣᠨ ᠤᠷᠤᠭᠤ ᠭᠦᠶᠦᠵᠦ ᠣᠴᠢᠭᠠᠳ ᠬᠠᠭᠠᠷᠬᠠᠢ ᠲᠣᠯᠢᠨ ᠤ᠋ ᠡᠮᠦᠨ᠎ᠡ ᠵᠣᠭᠰᠣᠯ᠎ᠠ᠃
— ᠲᠣᠯᠢ ᠮᠢᠨᠢ᠂ ᠬᠠᠨᠠᠨ ᠳᠡᠭᠡᠷᠡᠬᠢ ᠲᠣᠯᠢ ᠮᠢᠨᠢ᠂ ᠡᠨᠡ ᠤᠯᠤᠰ ᠲᠤ ᠬᠠᠮᠤᠭ ᠤ᠋ᠨ ᠦᠵᠡᠰᠬᠦᠯᠡᠩᠲᠡᠢ ᠨᠢ ᠬᠡᠨ ᠪᠣᠢ?
—ᠲᠣᠯᠢ ᠡᠴᠦᠰ ᠲᠦ᠍ ᠨᠢ ᠲᠡᠭᠦᠨ ᠦ᠌ ᠬᠦᠰᠡᠯ ᠳ᠋ᠦ᠍ ᠬᠠᠷᠢᠭᠤ ᠥᠭᠪᠡ ᠭᠡᠨ᠎ᠡ᠃
—ᠲᠠ ᠂ ᠬᠠᠲᠤᠨ ᠮᠢᠨᠢ᠂ ᠲᠠ ᠬᠠᠮᠤᠭ ᠤ᠋ᠨ ᠦᠵᠡᠰᠬᠦᠯᠡᠩᠲᠡᠢ ᠨᠢ ᠪᠢᠯᠡ᠃
—ᠣᠳᠣᠢ ᠨᠠᠷ ᠣᠷᠣᠢ ᠭᠡᠷ ᠲᠡᠭᠡᠨ ᠢᠷᠡᠭᠡᠳ ᠴᠠᠰᠤᠩᠭᠤᠸ᠎ᠠ ᠶ᠋ᠢ ᠱᠠᠯᠠᠨ ᠳᠡᠭᠡᠷ᠎ᠡ ᠬᠡᠪᠲᠡᠵᠦ ᠪᠠᠢᠬᠤ ᠳ᠋ᠤ᠌ ᠨᠢ ᠣᠯᠪᠠ᠃ ᠲᠡᠷᠡ ᠣᠭᠲᠣ ᠠᠮᠢᠰᠬᠤᠯᠠᠬᠤ ᠦᠭᠡᠢ ᠪᠠᠢᠯ᠎ᠠ᠂ ᠦᠬᠦᠭᠰᠡᠨ ᠪᠠᠢᠵᠠᠢ᠃
ᠲᠡᠳᠡ ᠴᠠᠰᠤᠩᠭᠤᠸ᠎ᠠ ᠶ᠋ᠢ ᠡᠷᠭᠦᠵᠦ ᠰᠠᠨᠠᠭᠠᠰᠢᠷᠠᠨ ᠬᠠᠷᠠᠯ᠎ᠠ᠂ ᠣᠳᠣᠢ ᠨᠠᠷ ᠴᠠᠰᠤᠩᠭᠤᠸ᠎ᠠ ᠲᠠᠢ ᠶᠠᠷᠢᠵᠤ ᠰᠡᠭᠰᠦᠷᠴᠦ ᠳᠡᠭᠡᠷ᠎ᠡ ᠡᠴᠡ ᠨᠢ ᠤᠬᠢᠯᠠᠵᠤ ᠦᠵᠡᠪᠡ᠂ ᠭᠡᠪᠡᠴᠦ ᠶᠠᠭᠠᠬᠢᠭᠠᠳ ᠴᠤ᠌ ᠲᠤᠰᠠ ᠪᠣᠯᠤᠭᠰᠠᠨ ᠦᠭᠡᠢ᠂ ᠬᠥᠭᠡᠷᠦᠬᠦᠢ ᠥᠬᠢᠨ ᠦᠬᠦᠵᠡᠢ᠂ ᠲᠡᠷᠡ ᠦᠬᠦᠭᠰᠡᠨ ᠬᠡᠪ ᠢ᠋ᠶ᠋ᠡᠷ ᠦᠯᠡᠲᠡᠯ᠎ᠡ᠃
ᠲᠡᠳᠡ ᠴᠠᠰᠤᠩᠭᠤᠸ᠎ᠠ ᠶ᠋ᠢ ᠰᠦᠷᠡᠯ ᠦ᠋ᠨ ᠣᠷᠣᠨ ᠳᠡᠭᠡᠷ᠎ᠡ ᠬᠡᠪᠲᠡᠭᠦᠯᠵᠦ ᠳᠣᠯᠣᠭᠤᠯᠠ ᠪᠠᠨ ᠳᠡᠷᠭᠡᠳᠡ ᠨᠢ ᠰᠠᠭᠤᠵᠤ ᠭᠠᠰᠢᠭᠤᠳᠠᠵᠤ ᠭᠤᠷᠪᠠᠨ ᠡᠳᠦᠷ ᠤᠬᠢᠯᠠᠵᠠᠢ᠃ ᠲᠡᠳᠡ ᠴᠠᠰᠤᠩᠭᠤᠸ᠎ᠠ ᠶ᠋ᠢ ᠣᠷᠣᠰᠢᠭᠤᠯᠬᠤ ᠭᠡᠵᠦ ᠪᠠᠢᠪᠠ᠃ ᠭᠡᠪᠡᠴᠦ ᠲᠡᠷᠡ ᠠᠮᠢᠳᠤ ᠶ᠋ᠢᠨ ᠲᠤᠶᠠᠭ᠎ᠠ ᠲᠠᠢ᠂ ᠪᠠᠰᠠ ᠤᠪ ᠤᠯᠠᠭᠠᠨ ᠬᠠᠴᠠᠷ ᠲᠠᠢ ᠬᠡᠪ ᠢ᠋ᠶ᠋ᠡᠷ ᠢ᠋ᠶ᠋ᠡᠨ ᠬᠠᠷᠠᠭᠳᠠᠵᠤ ᠪᠠᠢᠯ᠎ᠠ᠃
— ᠴᠠᠰᠤᠩᠭᠤᠸ᠎ᠠ ᠶ᠋ᠢ ᠬᠠᠷ᠎ᠠ ᠰᠢᠷᠣᠢ ᠳ᠋ᠤ᠌ ᠣᠷᠣᠰᠢᠭᠤᠯᠵᠤ ᠪᠣᠯᠬᠤ ᠦᠭᠡᠢ᠂ ᠲᠡᠷᠡ ᠦ ᠦᠭᠡᠢ ᠴᠠᠭᠠᠨ ᠬᠡᠪ ᠢ᠋ᠶ᠋ᠡᠷ ᠢ᠋ᠶ᠋ᠡᠨ ᠯᠡ ᠦᠯᠡᠳᠡᠬᠦ ᠶᠣᠰᠣᠲᠠᠢ᠃
—ᠲᠡᠳᠡ ᠴᠠᠰᠤᠩᠭᠤᠸ᠎ᠠ ᠶ᠋ᠢ ᠪᠦᠬᠦ ᠲᠠᠯ᠎ᠠ ᠠ᠋ᠴᠠ ᠪᠠᠨ ᠬᠠᠷᠠᠭᠳᠠᠵᠤ ᠪᠠᠢᠭ ᠭᠡᠰᠡᠨ ᠳ᠋ᠡᠭᠡᠨ ᠨᠡᠪᠲᠡ ᠬᠠᠷᠠᠭᠳᠠᠳᠠᠭ ᠰᠢᠯᠦᠨ ᠠᠪᠰᠠ ᠬᠢᠯ᠎ᠡ᠂ ᠴᠠᠰᠤᠩᠭᠤᠸ᠎ᠠ ᠶ᠋ᠢ ᠳᠣᠲᠣᠷ᠎ᠠ ᠨᠢ ᠬᠡᠪᠲᠡᠭᠦᠯᠦᠭᠡᠳ ᠠᠪᠰᠠᠨ ᠳᠡᠭᠡᠷ᠎ᠡ ᠠᠯᠲᠠᠨ ᠰᠢᠷ᠎ᠠ ᠦᠰᠦᠭ ᠢ᠋ᠶ᠋ᠡᠷ ᠡᠨᠳᠡ ᠴᠠᠰᠤᠩᠭᠤᠸ᠎ᠠ ᠭᠦᠩᠵᠦ ᠨᠣᠢᠷᠰᠤᠵᠤ ᠪᠠᠢᠨ᠎ᠠ ᠭᠡᠵᠦ ᠪᠢᠴᠢᠵᠡᠢ᠃ ᠳᠠᠷᠠᠭ᠎ᠠ ᠨᠢ ᠲᠡᠳᠡ ᠠᠪᠰᠠ ᠶ᠋ᠢ ᠭᠠᠳᠠᠭ᠎ᠠ ᠠᠭᠤᠯᠠ ᠶ᠋ᠢᠨ ᠴᠠᠰᠤᠨ ᠳ᠋ᠤ᠌ ᠭᠠᠷᠭᠠᠯ᠎ᠠ᠃ ᠠᠮᠢᠲᠠᠳ ᠰᠢᠪᠠᠭᠤᠳ ᠴᠤ᠌ ᠭᠡᠰᠡᠨ ᠢᠷᠡᠵᠦ ᠴᠠᠰᠤᠩᠭᠤᠸ᠎ᠠ ᠶ᠋ᠢᠨ ᠠᠷᠤ ᠠ᠋ᠴᠠ ᠭᠠᠰᠢᠭᠤᠳᠠᠯ᠎ᠠ᠃
ᠶᠠᠭ ᠡᠨᠡ ᠦᠶ᠎ᠡ ᠳ᠋ᠦ᠍ ᠠᠭᠤᠯᠠ ᠶ᠋ᠢᠨ ᠡᠨᠡ ᠬᠡᠰᠡᠭ ᠲᠦ᠍ ᠨᠢᠭᠡᠨ ᠬᠠᠨ ᠬᠦᠦ ᠠᠩ ᠬᠢᠬᠦ ᠪᠡᠷ ᠣᠷᠣᠵᠤ ᠢᠷᠡᠪᠡ᠃ ᠲᠡᠷᠡ ᠰᠢᠯᠦᠨ ᠬᠣᠷᠭᠣ ᠲᠣᠭᠣᠷᠢᠭᠰᠠᠨ ᠣᠳᠣᠢ ᠨᠠᠷ ᠢ᠋᠂ ᠠᠮᠢᠲᠠᠳ ᠢ᠋ ᠣᠯᠵᠤ ᠬᠠᠷᠠᠯ᠎ᠠ᠃ ᠰᠢᠯᠦᠨ ᠬᠣᠷᠭᠣᠨ ᠳ᠋ᠤ᠌ ᠶᠠᠭᠤ ᠪᠠᠢᠭ᠎ᠠ ᠪᠣᠯᠤᠭᠠᠳ ᠡᠢᠮᠦ ᠣᠯᠠᠨ ᠠᠮᠢᠲᠠᠳ ᠢ᠋ ᠲᠠᠲᠠᠳᠠᠭ ᠪᠢᠯᠡ ᠭᠡᠵᠦ ᠬᠠᠨ ᠬᠦᠦ ᠪᠣᠳᠣᠵᠠᠢ᠃ ᠬᠠᠨ ᠬᠦᠦ ᠣᠢᠷᠠᠳᠴᠤ ᠢᠷᠡᠭᠡᠳ ᠠᠯᠲᠠᠨ ᠰᠢᠷ᠎ᠠ ᠦᠰᠦᠭ ᠢ᠋ᠶ᠋ᠡᠷ ᠪᠢᠴᠢᠭᠰᠡᠨ ᠢ᠋ ᠤᠩᠰᠢᠯ᠎ᠠ᠂ ᠲᠡᠷᠡ ᠦᠷᠭᠦᠯᠵᠢ ᠵᠡᠭᠦᠳᠦᠯᠡᠳᠡᠭ ᠪᠠᠢᠭᠰᠠᠨ ᠲᠡᠷᠡ ᠪᠦᠰᠡᠭᠦᠢ ᠨᠢ ᠮᠥᠨ ᠪᠠᠢᠨ᠎ᠠ ᠭᠡᠵᠦ ᠪᠣᠳᠣᠯ᠎ᠠ᠃ ᠳᠠᠷᠠᠭ᠎ᠠ ᠨᠢ ᠣᠢᠷᠠᠬᠠᠨ ᠪᠠᠢᠭ᠎ᠠ ᠣᠳᠣᠢ ᠨᠠᠷ ᠢ᠋ ᠬᠠᠷᠠᠪᠠ᠃
—ᠠᠪᠰᠠ ᠶ᠋ᠢ ᠨᠠᠳᠠᠳᠤ ᠥᠭᠴᠢᠬᠡ᠂ ᠪᠢ ᠡᠨᠡ ᠬᠥᠭᠡᠷᠦᠬᠦᠨ ᠥᠬᠢᠨ ᠢ᠋ ᠠᠪᠬᠤ ᠶ᠋ᠢᠨ ᠲᠤᠯᠠᠳᠠ ᠲᠠ ᠨᠠᠷ ᠲᠤ ᠬᠦᠰᠡᠭᠰᠡᠨ ᠢ᠋ ᠴᠢᠨᠢ ᠥᠭᠭᠦᠶ᠎ᠡ᠃
—ᠡᠨᠡ ᠬᠣᠷᠸ᠎ᠠ ᠶ᠋ᠢᠨ ᠪᠦᠬᠦ ᠠᠯᠲᠠ ᠪᠠᠢᠭᠰᠠᠨ ᠴᠤ᠌ ᠪᠢᠳᠡ ᠰᠣᠯᠢᠬᠤ ᠦᠭᠡᠢ᠃
—ᠨᠠᠳᠠ ᠳ᠋ᠤ᠌ ᠥᠭᠴᠢᠬᠡ ᠯᠡ ᠳᠡ᠂ ᠪᠢ ᠲᠡᠭᠦᠨ ᠢ᠋ ᠬᠠᠷᠠᠬᠤ ᠦᠭᠡᠢ ᠪᠡᠷ ᠠᠮᠢᠳᠤᠷᠠᠵᠤ ᠴᠢᠳᠠᠬᠤ ᠦᠭᠡᠢ᠂ ᠨᠠᠳᠠ ᠳ᠋ᠤ᠌ ᠥᠭᠬᠦ ᠶ᠋ᠢ ᠵᠥᠪᠰᠢᠶᠡᠷᠡᠬᠦ ᠦᠭᠡᠢ ᠪᠣᠯ ᠪᠢ ᠦᠬᠦᠬᠦ ᠪᠣᠯᠤᠨ᠎ᠠ᠃
— ᠴᠢ ᠴᠢᠨᠢ ᠭᠠᠯᠵᠠᠭᠤ ᠶᠤᠮ ᠤᠤ? ᠴᠢ ᠦᠬᠦᠭᠰᠡᠨ ᠬᠥᠮᠦᠨ ᠦ᠌ ᠴᠣᠭᠴᠠᠰ ᠢ᠋ᠶ᠋ᠠᠷ ᠶᠠᠭᠠᠬᠢᠬᠤ ᠶᠤᠮ ᠪᠣᠢ?
—ᠪᠢ ᠬᠦᠨᠳᠦᠳᠬᠡᠯ ᠦᠵᠡᠭᠦᠯᠵᠦ ᠣᠷᠳᠣᠨ ᠤ᠋ ᠪᠠᠨ ᠣᠢᠷᠠᠯᠴᠠᠭ᠎ᠠ ᠪᠤᠩᠬᠤᠨ ᠪᠠᠷᠢᠵᠤ ᠰᠦᠨᠡᠰᠦ ᠶ᠋ᠢ ᠨᠢ ᠠᠮᠤᠭᠤᠯᠠᠩ ᠨᠣᠢᠷᠰᠤᠭᠤᠯᠤᠨ᠎ᠠ᠃
— ᠰᠠᠢᠬᠠᠨ ᠰᠡᠳᠬᠢᠯᠲᠦ ᠣᠳᠣᠢ ᠨᠠᠷ ᠬᠠᠨ ᠬᠦᠦ ᠶ᠋ᠢ ᠦᠷᠦ ᠡᠪᠡᠳᠴᠦ ᠬᠦᠰᠡᠯᠲᠡ ᠶ᠋ᠢ ᠨᠢ ᠵᠥᠪᠰᠢᠶᠡᠷᠡᠪᠡ᠃ ᠬᠠᠨ ᠬᠦᠦ ᠶ᠋ᠢᠨ ᠲᠤᠰᠢᠶᠠᠯ ᠢ᠋ᠶ᠋ᠠᠷ ᠵᠠᠷᠤᠴᠠ ᠨᠠᠷ ᠠᠪᠰᠠ ᠶ᠋ᠢ ᠮᠥᠷᠦᠨ ᠳᠡᠭᠡᠷ᠎ᠡ ᠪᠡᠨ ᠡᠷᠭᠦᠵᠦ ᠶᠠᠪᠤᠪᠠ᠃ ᠭᠡᠪᠡᠴᠦ ᠳᠠᠷᠠᠭ᠎ᠠ ᠨᠢ ᠠᠪᠰᠠ ᠡᠷᠭᠦᠵᠦ ᠶᠠᠪᠤᠭᠰᠠᠨ ᠨᠢᠭᠡ ᠵᠠᠷᠤᠴᠠ ᠴᠢᠯᠠᠭᠤᠨ ᠳ᠋ᠤ᠌ ᠪᠦᠳᠦᠷᠢᠵᠦ ᠴᠠᠰᠤᠩᠭᠤᠸ᠎ᠠ ᠶ᠋ᠢᠨ ᠬᠠᠵᠠᠭᠰᠠᠨ ᠬᠣᠣᠷ ᠲᠠᠢ ᠠᠯᠢᠮ᠎ᠠ ᠶ᠋ᠢ ᠠᠮᠠᠨ ᠠ᠋ᠴᠠ ᠨᠢ ᠭᠠᠷᠭᠠᠴᠢᠬᠠᠯ᠎ᠠ᠂ ᠬᠠᠨ ᠬᠦᠦ ᠲᠡᠷᠡ ᠳᠠᠷᠤᠢ ᠭᠦᠶᠦᠵᠦ ᠣᠴᠢᠭᠠᠳ ᠠᠪᠰᠠᠨ ᠠ᠋ᠴᠠ ᠪᠠᠷᠢᠵᠤ ᠠᠪᠤᠪᠠ᠃ ᠴᠠᠰᠤᠩᠭᠤᠸ᠎ᠠ ᠶ᠋ᠢ ᠮᠣᠳᠣᠨ ᠳᠣᠣᠷ᠎ᠠ ᠲᠠᠯᠪᠢᠭᠠᠳ ᠬᠡᠰᠡᠭ ᠰᠢᠷᠳᠡᠯ᠎ᠡ᠃ ᠥᠬᠢᠨ ᠬᠥᠭᠡᠷᠦᠬᠦᠨ ᠬᠡᠪ ᠢ᠋ᠶ᠋ᠡᠷ ᠢ᠋ᠶ᠋ᠡᠨ ᠪᠠᠢᠯ᠎ᠠ᠂ ᠶᠠᠭ ᠯᠠ ᠠᠮᠢᠳᠤ ᠶᠤᠮ ᠰᠢᠭ᠋᠂ ᠬᠠᠨ ᠬᠦᠦ ᠳᠤᠬᠤᠨ ᠳᠡᠭᠡᠷ᠎ᠡ ᠨᠢ ᠦᠨᠦᠰᠦᠯ᠎ᠡ᠂ ᠴᠠᠰᠤᠩᠭᠤᠸ᠎ᠠ ᠶ᠋ᠢ ᠦᠨᠦᠰᠦᠭᠰᠡᠨ ᠳᠠᠷᠤᠢ ᠳ᠋ᠤ᠌ ᠲᠡᠷᠡ ᠨᠢᠳᠦ ᠪᠡᠨ ᠨᠡᠭᠡᠭᠡᠯ᠎ᠡ᠂ ᠴᠠᠰᠤᠩᠭᠤᠸ᠎ᠠ ᠠᠮᠢ ᠣᠷᠣᠵᠤ ᠥᠨᠳᠡᠢᠨ ᠰᠠᠭᠤᠯ᠎ᠠ᠃
— ᠪᠤᠷᠬᠠᠨ ᠮᠢᠨᠢ᠂ ᠪᠢ ᠬᠠᠮᠢᠭ᠎ᠠ ᠪᠠᠢᠨ᠎ᠠ?
—ᠴᠢ ᠨᠠᠳᠠ ᠲᠠᠢ ᠬᠠᠮᠲᠤ ᠪᠠᠢᠨ᠎ᠠ᠂ ᠪᠢ ᠪᠣᠯ ᠬᠠᠨ ᠬᠦᠦ
—ᠬᠠᠨ ᠬᠦᠦ ᠶᠠᠭᠤ ᠪᠣᠯᠤᠭᠰᠠᠨ ᠢ᠋ ᠶᠠᠷᠢᠵᠤ ᠥᠭᠭᠦᠯ᠎ᠡ᠃
— ᠠᠢ᠂ ᠪᠤᠷᠬᠠᠨ ᠮᠢᠨᠢ᠂ ᠲᠠ ᠨᠠᠮ᠎ᠠ ᠶ᠋ᠢ ᠦᠬᠦᠭᠰᠡᠨ ᠪᠠᠢᠭᠰᠠᠨ ᠴᠤ᠌ ᠠᠪᠴᠤ ᠶᠠᠪᠤᠬᠤ ᠶ᠋ᠢ ᠬᠦᠰᠡᠭᠰᠡᠨ ᠭᠡᠵᠢ ᠤᠤ? ᠭᠡᠬᠦ ᠳ᠋ᠡᠭᠡᠨ ᠶᠠᠭᠠᠬᠢᠭᠠᠳ?
— ᠴᠢ ᠪᠣᠯ ᠮᠢᠨᠦ ᠵᠡᠭᠦᠳᠦᠨ ᠳ᠋ᠦ᠍ ᠣᠷᠣᠳᠠᠭ ᠭᠠᠭᠴᠠ ᠪᠦᠰᠡᠭᠦᠢ᠂ ᠪᠢ ᠴᠢᠮ᠎ᠠ ᠳ᠋ᠤ᠌ ᠡᠨᠡ ᠬᠣᠷᠸ᠎ᠠ ᠶ᠋ᠢᠨ ᠶᠠᠭᠤ ᠶᠠᠭᠤᠨ ᠠ᠋ᠴᠠ ᠴᠤ᠌ ᠢᠯᠡᠭᠦᠦ ᠬᠠᠢᠷᠠᠲᠠᠢ᠂ ᠨᠠᠳᠠ ᠲᠠᠢ ᠬᠠᠮᠲᠤ ᠰᠢᠯᠲᠦᠭᠡᠨ ᠤᠷᠤᠭᠤ ᠶᠠᠪᠤᠭᠠᠴᠢ ᠳᠠ᠂ ᠨᠠᠳᠠ ᠲᠠᠢ ᠭᠡᠷᠯᠡᠵᠦ ᠬᠠᠲᠤᠨ ᠮᠢᠨᠢ ᠪᠣᠯᠤᠭᠠᠴᠢ!
—ᠲᠡᠭᠡᠶ᠎ᠡ᠂ ᠰᠠᠢᠬᠠᠨ ᠬᠠᠨ ᠬᠦᠦ ᠮᠢᠨᠢ᠂ ᠭᠡᠪᠡᠴᠦ ᠪᠢ ᠡᠬᠢᠯᠡᠭᠡᠳ ᠠᠪᠤ ᠲᠠᠢ ᠪᠠᠨ ᠠᠭᠤᠯᠵᠠᠮᠠᠷ ᠪᠠᠢᠨ᠎ᠠ᠂ ᠠᠪᠤ ᠪᠠᠷ ᠢ᠋ᠶ᠋ᠠᠨ ᠭᠡᠷᠯᠡᠯᠲᠡ ᠪᠡᠨ ᠵᠥᠪᠰᠢᠶᠡᠷᠡᠭᠦᠯᠦᠮᠡᠷ ᠪᠠᠢᠨ᠎ᠠ᠃
—ᠭᠡᠬᠦ ᠳ᠋ᠡᠭᠡᠨ ᠪᠢ ᠠᠪᠤ ᠶ᠋ᠢ ᠴᠢᠨᠢ ᠬᠠᠮᠢᠭ᠎ᠠ ᠨᠢᠭᠡᠲᠡᠢ ᠲᠥᠭᠡᠷᠢᠭᠡᠳ ᠡᠵᠡᠨᠲᠦ ᠭᠦᠷᠦᠨ ᠳ᠋ᠡᠭᠡᠨ ᠢᠷᠡᠭᠡ ᠦᠭᠡᠢ ᠤᠳᠠᠵᠤ ᠪᠠᠢᠭ᠎ᠠ ᠭᠡᠵᠦ ᠲᠤᠭᠤᠯᠤᠭᠰᠠᠨ ᠶᠤᠮ ᠠ᠋᠃
—ᠬᠣᠷᠣᠨ ᠰᠠᠨᠠᠭᠠᠲᠤ ᠬᠣᠢᠲᠤ ᠡᠬᠡ ᠶ᠋ᠢᠨ ᠮᠢᠨᠢ ᠬᠢᠵᠦ ᠪᠠᠢᠭ᠎ᠠ ᠬᠡᠷᠡᠭ᠂ ᠠᠪᠤ ᠶ᠋ᠢ ᠮᠢᠨᠢ ᠣᠯᠬᠤ ᠶᠠᠮᠠᠷ ᠨᠢᠭᠡ ᠶᠠᠭᠤᠮ᠎ᠠ ᠬᠢᠭᠡᠴᠢ ᠳᠡ᠃
— ᠲᠡᠭᠡᠶ᠎ᠡ᠂ ᠣᠷᠳᠣᠨ ᠤᠷᠤᠭᠤ ᠣᠴᠢᠵᠤ ᠠᠪᠤ ᠶ᠋ᠢ ᠴᠢᠨᠢ ᠬᠠᠢᠵᠠᠭᠠᠶ᠎ᠠ᠃
—ᠢᠩᠭᠢᠭᠡᠳ ᠬᠠᠨ ᠬᠦᠦ ᠠᠯᠠᠭ᠎ᠠ ᠪᠣᠯᠤᠭᠰᠠᠨ ᠠᠪᠤ ᠶ᠋ᠢ ᠨᠢ ᠬᠠᠢᠬᠤ ᠪᠠᠷ ᠰᠢᠢᠳᠦᠯ᠎ᠡ᠂ ᠬᠠᠨ ᠬᠦᠦ ᠬᠣᠷᠣᠨ ᠬᠠᠲᠤᠨ ᠠ᠋ᠴᠠ ᠴᠠᠰᠤᠩᠭᠤᠸ᠎ᠠ ᠶ᠋ᠢᠨ ᠡᠵᠡᠨᠲᠦ ᠤᠯᠤᠰ ᠢ᠋ ᠪᠤᠯᠢᠶᠠᠵᠤ ᠠᠪᠤᠪᠠ᠃ ᠲᠡᠳᠡ ᠣᠷᠳᠣᠨ ᠠ᠋ᠴᠠ ᠬᠠᠲᠤᠨ ᠤ᠋ ᠨᠢᠭᠤᠴᠠ ᠥᠷᠥᠭᠡ ᠶ᠋ᠢ ᠣᠯᠤᠯ᠎ᠠ᠃ ᠲᠡᠨᠳᠡ ᠨᠢᠭᠤᠴᠠ ᠱᠣᠷᠣᠩ ᠳ᠋ᠤ᠌ ᠴᠠᠰᠤᠩᠭᠤᠸ᠎ᠠ ᠶ᠋ᠢᠨ ᠠᠪᠤ ᠶ᠋ᠢ ᠬᠣᠷᠢᠭᠰᠠᠨ ᠪᠠᠢᠬᠤ ᠶ᠋ᠢ ᠣᠯᠵᠤ ᠰᠤᠯᠠᠯᠠᠪᠠ᠃ ᠭᠡᠲᠡᠯ᠎ᠡ ᠬᠠᠭᠠᠨ ᠤ᠋ ᠰᠤᠯᠠᠯᠠᠭᠳᠠᠬᠤ ᠶ᠋ᠢ ᠬᠠᠷᠠᠭᠰᠠᠨ ᠬᠠᠲᠤᠨ᠂ ᠬᠠᠭᠠᠨ ᠪᠣᠯᠤᠨ ᠪᠤᠰᠤᠳ ᠬᠥᠮᠦᠰ ᠡᠴᠡ ᠠᠶᠤᠵᠤ ᠳᠠᠬᠢᠨ ᠬᠡᠵᠢᠶ᠎ᠡ ᠴᠤ᠌ ᠬᠠᠷᠠᠭᠳᠠᠬᠤ ᠦᠭᠡᠢ ᠪᠡᠷ ᠡᠵᠡᠨᠲᠦ ᠤᠯᠤᠰ ᠠ᠋ᠴᠠ ᠵᠢᠭᠤᠲᠠᠯ᠎ᠠ᠃
ᠣᠷᠳᠣᠨ ᠤ᠋ ᠲᠠᠩᠬᠢᠮ ᠳ᠋ᠤ᠌ ᠬᠠᠭᠠᠨ ᠥᠬᠢᠨ ᠦ᠌ ᠪᠡᠨ ᠬᠤᠷᠢᠮ ᠤ᠋ᠨ ᠲᠣᠪ ᠢ᠋ ᠵᠠᠷᠯᠠᠯ᠎ᠠ᠃ ᠴᠠᠰᠤᠩᠭᠤᠸ᠎ᠠ ᠨᠢᠵᠢᠭᠡᠷ ᠬᠤᠷᠢᠮ ᠨᠠᠢᠷ ᠬᠢᠭᠰᠡᠨ ᠶᠦᠮ᠃ ᠢᠩᠭᠢᠭᠡᠳ ᠪᠦᠭᠦᠳᠡ ᠠᠮᠤᠷ ᠰᠠᠢᠬᠠᠨ ᠳ᠋ᠠᠭᠠᠨ ᠵᠢᠷᠭᠠᠯ᠎ᠠ᠃

   ᠦᠰᠦᠭ ᠠᠮᠢᠯᠠᠭᠤᠯᠤᠭᠰᠠᠨ ᠨᠢ᠄ ᠲ· ᠲᠥᠮᠡᠨᠴᠡᠴᠡᠭ
   ᠦᠰᠦᠭ ᠬᠠᠳᠠᠭᠴᠢ᠄ ᠲᠣᠳᠣᠭᠡᠷᠡᠯ
   ᠬᠢᠨᠠᠭᠴᠢ᠄ ᠤᠶᠠᠳᠠᠨ᠎ᠠ᠂ ᠢᠷᠡᠭᠡᠳᠦᠢ