ᠮᠢᠨᠦ ᠬᠥᠭᠡᠷᠦᠬᠦᠨ ᠰᠢᠳᠦᠨ ᠦ ᠠᠶᠠᠯᠠᠯМиний Хөөрхөн Шүдний Аялал
ᠮᠢᠨᠦ ᠬᠥᠭᠡᠷᠦᠬᠦᠨ ᠰᠢᠳᠦᠨ ᠦ ᠠᠶᠠᠯᠠᠯ
ᠦᠯᠢᠭᠡᠷ ᠳᠣᠮᠣᠭ
ᠮᠢᠨᠦ ᠬᠥᠭᠡᠷᠦᠬᠦᠨ ᠰᠢᠲᠦᠨ ᠦ᠌ ᠠᠶᠠᠯᠠᠯ
ᠰᠢᠳᠦᠨ ᠦ᠌ ᠡᠪᠡᠳᠴᠢᠨ ᠡᠴᠡ ᠰᠡᠷᠭᠡᠢᠯᠡᠵᠡᠭᠡᠶᠡ
ᠡᠨᠳᠡ ᠪᠢ ᠲᠠ ᠨᠠᠷ ᠲᠤ᠌ ᠪᠠᠨ
ᠡᠩ ᠦ᠋ᠨ ᠪᠢᠰᠢ ᠨᠢᠭᠡᠨ ᠲᠡᠦᠬᠡ ᠶ᠋ᠢ ᠥᠭᠦᠯᠡᠶ᠎ᠡ
ᠡᠷᠬᠡ ᠳᠤᠷ᠎ᠠ ᠪᠠᠷ ᠢ᠋ᠶ᠋ᠠᠨ ᠮᠤᠨᠤᠨ ᠬᠦᠦ ᠳ᠋ᠦ᠍
ᠡᠢᠮᠦ ᠨᠢᠭᠡᠨ ᠶᠠᠪᠤᠳᠠᠯ ᠲᠣᠬᠢᠶᠠᠯᠳᠤᠵᠠᠢ ᠭᠡᠨ᠎ᠡ
ᠵᠡᠭᠦᠳᠦ ᠨᠣᠢᠷ ᠤ᠋ᠨ ᠶᠢᠷᠲᠢᠨᠴᠦ ᠳ᠋ᠤ᠌ ᠭᠡᠨ᠎ᠡ
ᠵᠠᠬ᠎ᠠ ᠬᠢᠵᠠᠭᠠᠷ ᠦᠭᠡᠢ ᠭᠠᠵᠠᠷ ᠲᠤ᠌ ᠭᠡᠨ᠎ᠡ
ᠠᠯᠤᠰ ᠬᠣᠯᠠ ᠶ᠋ᠢᠨ ᠴᠠᠬᠢᠭᠤᠷ ᠴᠠᠭᠠᠨ ᠭᠠᠷᠠᠭ ᠲᠤ᠌
ᠠᠴᠢᠯᠠᠯ ᠢᠲᠡᠭᠡᠯᠲᠦ 》 ᠥᠨᠢᠷ ᠥᠳᠬᠡᠨ ᠠᠢᠯ
ᠠᠮᠢᠳᠤᠷᠠᠨ ᠰᠠᠭᠤᠳᠠᠭ ᠭᠡᠨ᠎ᠡ
ᠲᠡᠳᠡᠨ ᠦ᠌ ᠲᠡᠭᠷᠢ ᠶ᠋ᠢᠨ ᠣᠳᠣ ᠰᠢᠭ᠋
ᠲᠣᠭᠠᠯᠠᠵᠤ ᠪᠠᠷᠠᠮ᠎ᠠ ᠦᠭᠡᠢ
ᠰᠢᠳᠦᠨ ᠦ᠌ ᠣᠯᠠᠨ ᠬᠡᠦᠬᠡᠳ ᠦ᠋ᠳ ᠲᠡᠢ ᠪᠥᠭᠡᠳ
ᠥᠰᠴᠦ ᠥᠨᠳᠡᠢᠮᠡᠭᠴᠡ ᠲᠡᠳᠡ ᠬᠥᠮᠦᠨ ᠦ᠌ ᠶᠢᠷᠲᠢᠨᠴᠦ ᠶ᠋ᠢᠨ
ᠠᠮᠠᠨ ᠤ᠋ ᠬᠥᠨᠳᠡᠢ ᠳ᠋ᠦ᠍ ᠣᠴᠢᠵᠤ
ᠠᠵᠢᠯ ᠬᠢᠬᠦ ᠪᠡᠷ ᠶᠠᠪᠤᠳᠠᠭ ᠶᠤᠮ ᠰᠠᠨᠵᠠᠢ᠃
ᠬᠥᠮᠦᠨ ᠦ᠌ ᠶᠢᠷᠲᠢᠨᠴᠦ ᠤᠷᠤᠭᠤ ᠲᠡᠳᠡᠨ ᠢ᠋
ᠮᠥᠩᠭᠥᠨ ᠳᠠᠭᠢᠨᠢ ᠬᠥᠯᠭᠡ ᠣᠩᠭᠣᠴᠠ ᠪᠠᠷ ᠢ᠋ᠶ᠋ᠠᠨ
ᠬᠦᠷᠭᠡᠵᠦ ᠥᠭᠭᠦᠭᠡᠳ ᠪᠤᠴᠠᠳᠠᠭ ᠭᠡᠨ᠎ᠡ᠃
ᠡᠨᠡ ᠤᠳᠠᠭ᠎ᠠ ᠮᠥᠩᠭᠥᠨ ᠳᠠᠭᠢᠨᠢ
ᠡᠭᠦᠳᠡᠨ᠎ᠡ᠂ ᠰᠣᠶᠣᠭᠠᠨᠠ᠂ ᠠᠷᠠᠭᠠᠬᠠᠢ ᠭᠡᠬᠦ
ᠰᠢᠲᠦᠨ ᠬᠡᠦᠬᠡᠳ ᠢ᠋ ᠮᠤᠨᠤᠨ ᠬᠦᠦ ᠶ᠋ᠢᠨ
ᠠᠮᠠᠨ ᠬᠥᠨᠳᠡᠢ ᠳ᠋ᠦ᠍ ᠬᠦᠷᠭᠡᠵᠦ ᠥᠭᠭᠦᠭᠡᠳ
《ᠡᠷᠡᠭᠦᠯ ᠡᠩᠬᠡ ᠪᠠᠢᠭᠠᠷᠠᠢ 》 ᠭᠡᠵᠦ ᠢᠷᠥᠭᠡᠨ
ᠡᠷᠭᠢᠭᠡᠳ ᠴᠠᠬᠢᠭᠤᠷ ᠴᠠᠭᠠᠨ ᠭᠠᠷᠠᠭ ᠤᠷᠤᠭᠤ ᠪᠠᠨ ᠪᠤᠴᠠᠯ᠎ᠠ᠃
ᠠᠮᠠᠨ ᠬᠥᠨᠳᠡᠢ ᠶ᠋ᠢ ᠡᠵᠡᠩᠨᠡᠭᠰᠡᠨ
ᠤᠮᠳᠠᠭᠠᠬᠠ ᠰᠢᠬᠢᠷᠭᠡᠨ ᠬᠣᠶᠠᠷ ᠲᠡᠳᠡᠨ ᠢ᠋ ᠤᠭᠲᠤᠨ ᠮᠡᠳᠦᠴᠢᠯᠡᠯᠡ᠃
《ᠰᠠᠢᠨ ᠤᠤ ᠰᠢᠲᠦᠨ ᠬᠡᠦᠬᠡᠳ ᠦ᠋ᠳ ᠠ᠋!
ᠰᠠᠢᠨ ᠶᠠᠪᠤᠭᠠᠳ ᠢᠷᠡᠪᠡᠦ⁈
ᠠᠮᠠᠨ ᠬᠥᠨᠳᠡᠢ ᠳ᠋ᠦ᠍ ᠪᠡᠨ ᠲᠠᠪᠠᠲᠠᠢ ᠮᠣᠷᠢᠯᠠᠵᠤ
ᠠᠮᠲᠠᠲᠤ ᠪᠢᠳᠡᠨ ᠲᠡᠢ ᠨᠠᠢᠵᠠᠯᠠᠭᠠᠷᠠᠢ
ᠮᠤᠨᠤᠨ ᠡᠵᠡᠨ ᠦ᠌ ᠳᠤᠷ᠎ᠠ ᠲᠠᠢ
ᠮᠠᠭᠠᠳ ᠪᠦᠬᠦ ᠬᠡᠦᠬᠡᠳ ᠦ᠋ᠳ ᠦ᠋ᠨ ᠳᠤᠷ᠎ᠠ ᠲᠠᠢ
ᠤᠮᠳᠠᠭᠠᠬᠠᠨ ᠰᠢᠬᠢᠷᠭᠡᠨ ᠭᠡᠵᠦ ᠪᠢᠳᠡ ᠪᠠᠢᠨ᠎ᠠ 》
ᠠ᠋ ᠬᠡ᠂ ᠨᠠᠢᠵᠠ ᠨᠤᠭᠤᠳ ᠠ᠋
ᠪᠦᠭᠦᠳᠡᠭᠡᠷ ᠢ᠋ᠶ᠋ᠡᠨ ᠬᠠᠮᠲᠤ ᠳ᠋ᠠᠭᠠᠨ ᠨᠠᠭᠠᠳᠤᠨ ᠴᠡᠩᠭᠡᠯᠳᠦᠵᠡᠭᠡᠶᠡ
ᠲᠡᠢᠮᠦ ᠠ᠋᠂ ᠪᠦᠭᠦᠳᠡᠭᠡᠷ ᠢ᠋ᠶ᠋ᠡᠨ ᠲᠣᠭᠯᠠᠵᠠᠭᠠᠶᠠ
ᠠᠷᠠᠭᠠᠬᠠᠢ ᠨᠠᠢᠵᠠ ᠮᠢᠨᠢ ᠪᠣᠯᠭᠣᠮᠵᠢᠲᠠᠢ
《ᠤᠮᠳᠠᠭᠠᠨ ᠰᠢᠬᠢᠷᠭᠡᠨ ᠮᠠᠭᠤ ᠰᠢᠦ 》 ᠭᠡᠵᠦ
ᠤᠬᠠᠭᠠᠨᠲᠤ ᠪᠤᠭᠤᠷᠤᠯ ᠮᠥᠩᠭᠥᠨ ᠴᠠᠭᠠᠨ ᠡᠪᠦᠭᠡ ᠬᠡᠯᠡᠭᠰᠡᠨ
《ᠴᠠᠰᠤᠨ ᠴᠠᠭᠠᠨ ᠰᠢᠳᠦᠨ ᠬᠡᠦᠬᠡᠳ ᠨᠦ᠍ᠭᠦᠳ ᠢ᠋ ᠴᠤᠭᠤᠯᠠᠵᠤ
ᠡᠪᠡᠳᠬᠡᠳᠡᠭ ᠠᠢᠬᠤᠪᠲᠤᠷ ᠮᠠᠭᠤᠬᠠᠢ ᠶ᠋ᠢ ᠤᠮᠳᠠᠭᠠᠨ ᠰᠢᠬᠢᠷᠭᠡᠨ ᠠᠪᠴᠢᠷᠠᠳᠠᠭ 》 ᠭᠡᠵᠦ ᠤᠷᠢᠳᠤ ᠡᠮᠦᠨ᠎ᠡ ᠮᠥᠩᠭᠥᠨ ᠳᠠᠭᠢᠨᠢ ᠴᠤ᠌ ᠪᠠᠰᠠ ᠰᠠᠨᠠᠭᠤᠯᠤᠭᠰᠠᠨ᠃
ᠴᠠᠬᠢᠭᠤᠷ ᠴᠠᠭᠠᠨ ᠭᠠᠷᠠᠭ ᠤ᠋ᠨ ᠢ᠋ᠶ᠋ᠠᠨ ᠦᠨᠡᠨᠴᠢ ᠰᠠᠢᠨ ᠨᠠᠢᠵᠠ ᠨᠤᠭᠤᠳ ᠤ᠋ᠨ ᠦᠭᠡ ᠶ᠋ᠢ ᠠᠷᠠᠭᠠᠬᠠᠢ ᠰᠣᠨᠣᠰᠤᠭᠰᠠᠨ ᠦᠭᠡᠢ᠂ ᠤᠮᠳᠠᠭᠠᠨ ᠰᠢᠬᠢᠷᠭᠡᠨ ᠦ᠌ ᠠᠮᠲᠠ ᠦᠨᠦᠷ ᠲᠦ᠍ ᠠᠪᠲᠠᠨ᠂ ᠨᠠᠢᠵᠢᠯᠠᠬᠤ ᠪᠣᠯᠵᠤ ᠦᠷᠭᠦᠯᠵᠢ ᠴᠣᠭ ᠪᠠᠢᠬᠤ ᠪᠣᠯᠵᠠᠢ᠃
ᠡᠷᠡᠭᠦᠯ ᠪᠠᠢᠬᠤ ᠳ᠋ᠤ᠌ ᠴᠢᠨᠢ ᠪᠢᠳᠡ ᠲᠤᠰᠠᠯᠠᠶ᠎ᠠ
ᠦᠵᠦᠮ ᠦ᠋ᠨ ᠰᠢᠬᠢᠷ ᠡᠰᠢᠲᠡᠢ ᠰᠢᠬᠢᠷ
ᠦᠨᠡᠬᠡᠷ ᠭᠣᠶᠣᠬᠠᠨ ᠠᠮᠲᠠᠲᠠᠢ ᠳᠠ
ᠠᠯᠢᠮ᠎ᠠ ᠰᠢᠬᠢᠷ ᠠᠶᠠᠯᠠᠬᠤ ᠳᠤᠮᠳᠠ ᠪᠠᠨ
ᠠᠯᠵᠢᠶᠠᠯ ᠦᠭᠡᠢ ᠱᠤᠭᠤᠭᠠᠳ
ᠠᠯᠠᠭ ᠴᠣᠬᠣᠷ ᠪᠣᠯᠭᠠᠨ᠎ᠠ ᠳᠠ
ᠠᠩᠬᠢᠯᠤᠮ᠎ᠠ ᠰᠠᠢᠬᠠᠨ ᠦᠨᠦᠷ ᠢ᠋ᠶ᠋ᠡᠷ ᠨᠢ
ᠠᠷᠵᠠᠭᠠᠬᠠᠢ ᠨᠠᠢᠵᠠ ᠮᠢᠨᠢ ᠢᠷᠡᠨ᠎ᠡ ᠳᠠ
ᠠᠷᠠᠭ᠎ᠠ ᠰᠠᠢᠬᠠᠨ ᠰᠢᠲᠦ ᠶ᠋ᠢ ᠴᠢᠨᠢ
ᠠᠯᠠᠭ ᠴᠣᠬᠣᠷ ᠪᠣᠯᠭᠠᠨ᠎ᠠ ᠳᠠ
ᠠᠮᠲᠠᠲᠤ ᠰᠢᠬᠢᠷ ᠳᠡ ᠠᠢ ᠳᠠ ᠰᠠᠢᠬᠠᠨ ᠳᠠ
ᠤᠮᠳᠠᠭᠠᠨ ᠰᠢᠬᠢᠷᠭᠡᠨ ᠦ᠌ ᠠᠮᠲᠠᠨ ᠳ᠋ᠤ᠌ ᠬᠠᠭᠤᠷᠲᠠᠭᠰᠠᠭᠠᠷ
ᠬᠠᠷ᠎ᠠ ᠴᠣᠬᠣᠷ ᠪᠣᠯᠴᠢᠬᠠᠵᠠᠢ ᠠᠷᠠᠭᠠᠬᠠᠨ ᠮᠠᠨᠢ
ᠤᠳᠠᠬᠤ ᠦᠭᠡᠢ ᠡᠭᠦᠳᠡᠨ᠎ᠡ ᠰᠣᠶᠣᠭᠠᠨᠠ ᠨᠤᠭᠤᠳ ᠴᠤ᠌
ᠪᠠᠰᠠ ᠬᠠᠷ᠎ᠠ ᠴᠣᠬᠣᠷ ᠲᠣᠯᠪᠣ ᠨᠠᠭᠠᠯᠳᠤᠴᠢᠬᠠᠪᠠ
ᠤᠳᠠᠬᠤ ᠦᠭᠡᠢ ᠮᠤᠨᠤᠨ ᠬᠦᠦ ᠲᠡᠳᠡᠨ ᠢ᠋
ᠤᠬᠢᠶᠠᠵᠤ ᠴᠡᠪᠡᠷᠯᠡᠬᠦ ᠶ᠋ᠢ ᠵᠠᠯᠬᠠᠭᠤᠷᠠᠭᠰᠠᠨ ᠡᠴᠡ
ᠬᠣᠣᠷᠤᠨ ᠰᠠᠨᠠᠭ᠎ᠠ ᠲᠠᠢ ᠠᠷᠵᠠᠭᠠᠬᠠᠢ
ᠠᠮᠠᠨ ᠬᠥᠨᠳᠡᠢ ᠶ᠋ᠢ ᠳᠦᠭᠦᠷᠭᠡᠵᠦ
ᠡᠷᠡᠭᠦᠯ ᠴᠠᠭᠠᠨ ᠰᠢᠲᠦᠨ ᠳᠡᠭᠡᠷ᠎ᠡ
ᠬᠥᠨᠳᠡᠢᠯᠡᠵᠦ ᠴᠤᠭᠤᠯᠤᠭᠠᠳ ᠡᠪᠡᠳᠬᠡᠵᠡᠢ
ᠶᠣᠣ ᠶᠣᠣ᠂᠂᠂᠂ ᠰᠥᠨᠢ ᠳᠤᠮᠳᠠ ᠶ᠋ᠢᠨ ᠨᠣᠢᠷ ᠦᠷᠭᠦᠭᠡᠨ᠎ᠡ
ᠮᠤᠨᠤᠨ ᠬᠦᠦ ᠶᠣᠣᠯᠠᠨ ᠰᠡᠷᠡᠯ᠎ᠡ
ᠡᠷᠭᠢᠨ ᠲᠣᠭᠣᠷᠢᠨ ᠢ᠋ᠶ᠋ᠠᠨ ᠠᠵᠢᠯᠠ᠃
ᠮᠡᠳᠡᠬᠦ ᠦᠭᠡᠢ ᠭᠠᠵᠠᠷ ᠢᠷᠡᠭᠰᠡᠨ ᠪᠠᠢᠯ᠎ᠠ
ᠠ᠋᠂ ᠶᠠᠩᠵᠤ ᠪᠦᠷᠢ ᠶ᠋ᠢᠨ ᠰᠢᠲᠦᠨ ᠬᠡᠦᠬᠡᠳ ᠦ᠋ᠳ ᠲᠡᠢ
ᠶᠠᠮᠠᠷ ᠭᠠᠵᠠᠷ ᠢᠷᠡᠴᠢᠬᠡᠪᠡ? ᠡᠨᠡ ᠴᠢᠨᠢ ᠣᠳᠣ
ᠡᠷᠬᠡ ᠳᠤᠷ᠎ᠠ ᠪᠠᠷ ᠢ᠋ᠶ᠋ᠠᠨ ᠵᠠᠩ ᠲᠠᠢ
ᠡᠵᠢ ᠠᠪᠤ ᠶ᠋ᠢᠨ ᠢ᠋ᠶ᠋ᠡᠨ ᠦᠭᠡᠨ ᠳ᠋ᠦ᠍ ᠣᠷᠣᠳᠠᠭ ᠦᠭᠡᠢ
ᠠᠮᠲᠠᠲᠠᠨ ᠢᠳᠡᠬᠦ ᠳᠤᠷᠠᠲᠠᠢ ᠴᠤ᠌
ᠠᠮᠠ ᠪᠠᠨ ᠤᠬᠢᠶᠠᠬᠤ ᠳᠤᠷ᠎ᠠ ᠦᠭᠡᠢ
ᠮᠤᠨᠤᠨ ᠭᠡᠳᠡᠭ ᠬᠦᠦ ᠶ᠋ᠢᠨ
ᠵᠡᠭᠦᠳᠦ ᠨᠣᠢᠷ ᠤ᠋ᠨ ᠶᠢᠷᠲᠢᠨᠴᠦ ᠳ᠋ᠡᠬᠢ
ᠠᠮᠠᠨ ᠬᠥᠨᠳᠡᠢ ᠡᠨᠡ ᠪᠠᠢᠨ᠎ᠠ
ᠠ! ᠮᠤᠨᠤᠨ ᠬᠦᠦ ᠭᠡᠳᠡᠭ ᠴᠢᠨᠢ ᠪᠢ ᠪᠠᠢᠨ᠎ᠠ᠂
ᠶᠠᠭᠠᠬᠢᠭᠠᠳ ᠲᠠ ᠨᠠᠷ
ᠬᠠᠷ᠎ᠠ ᠴᠣᠬᠣᠷ ᠪᠣᠯᠴᠢᠬᠠᠭᠰᠠᠨ ᠶᠤᠮ?
ᠤᠮᠳᠠᠭᠠᠨ ᠰᠢᠬᠢᠷᠭᠡᠨ ᠬᠣᠶᠠᠷ ᠠᠷᠠᠭᠠᠬᠠᠢ ᠶ᠋ᠢ
ᠬᠠᠭᠤᠷᠴᠤ ᠠᠮᠲᠠᠲᠠᠨ ᠦᠭᠭᠦᠭᠰᠡᠭᠡᠷ ᠪᠠᠢᠭᠠᠳ
ᠬᠠᠷ᠎ᠠ ᠴᠣᠬᠣᠷ ᠪᠣᠯᠴᠢᠬᠠᠭᠰᠠᠨ
ᠮᠤᠨᠤᠨ ᠴᠢ ᠴᠦ᠍ ᠪᠠᠰᠠ ᠰᠢᠲᠦ ᠪᠡᠨ ᠤᠬᠢᠶᠠᠬᠤ ᠦᠭᠡᠢ
ᠵᠠᠯᠬᠠᠭᠤᠷᠠᠭᠰᠠᠭᠠᠷ ᠪᠠᠢᠭᠠᠳ
ᠠᠷᠠᠭᠠᠬᠠᠢ ᠪᠠᠨ ᠬᠠᠷ᠎ᠠ ᠴᠣᠬᠣᠷ ᠪᠣᠯᠭᠠᠭᠠᠳ
ᠡᠪᠡᠳᠴᠢᠯᠡᠭᠦᠯᠴᠢᠬᠡᠯᠡ
ᠪᠢᠳᠡ ᠴᠦ᠍ ᠪᠠᠰᠠ ᠬᠠᠷ᠎ᠠ ᠴᠣᠬᠣᠷ ᠪᠣᠯᠴᠢᠬᠠᠭᠰᠠᠨ
ᠣᠷᠣᠢ ᠤᠨᠲᠠᠬᠤ ᠳ᠋ᠤ᠌ ᠪᠠᠨ ᠴᠤ᠌
ᠤᠬᠢᠶᠠᠳᠠᠭ ᠦᠭᠡᠢ ᠪᠣᠯᠬᠣᠷ ᠴᠢᠨᠢ
ᠣᠯᠢᠭ ᠦᠭᠡᠢ ᠮᠠᠭᠤᠬᠠᠢ ᠠᠷᠵᠠᠭᠠᠬᠠᠢ
ᠣᠩᠭᠢᠷᠠᠵᠤ ᠢᠷᠡᠭᠡᠳ ᠴᠤᠭᠤᠯᠠᠵᠤ ᠡᠪᠡᠳᠬᠡᠭᠰᠡᠨ᠃
ᠠᠮᠠᠨ ᠬᠥᠨᠳᠡᠢ ᠠᠴᠢᠲᠤ ᠴᠠᠭᠠᠨ ᠰᠢᠳᠦ ᠪᠡᠨ
ᠠᠷᠠᠴᠢᠯᠠᠵᠤ ᠴᠡᠪᠡᠷᠯᠡᠭᠡ ᠦᠭᠡᠢ ᠨᠢ
ᠮᠢᠨᠦ ᠪᠤᠷᠤᠭᠤ ᠶᠤᠮ ᠪᠠᠢᠨ᠎ᠠ
ᠣᠳᠣ ᠬᠠᠷᠢᠨ ᠪᠢ ᠶᠠᠭᠠᠬᠢᠬᠤ ᠪᠣᠢ
ᠶᠠᠭᠠᠬᠢᠪᠠᠯ ᠪᠤᠴᠠᠭᠠᠳ ᠴᠠᠭᠠᠨ ᠪᠣᠯᠬᠤ ᠪᠣᠢ︖
ᠵᠡᠭᠦᠳᠦᠨ ᠦ᠌ ᠶᠢᠷᠲᠢᠨᠴᠦ ᠳ᠋ᠦ᠍ ᠵᠥᠪᠬᠡᠨ
ᠮᠥᠩᠭᠥᠨ ᠳᠠᠭᠢᠨᠢ ᠯᠠ ᠲᠤᠰᠠᠯᠠᠵᠤ ᠴᠢᠳᠠᠨ᠎ᠠ
ᠬᠠᠮᠲᠤ ᠳ᠋ᠠᠭᠠᠨ ᠲᠡᠭᠦᠨ ᠢ᠋ ᠳᠠᠭᠤᠳᠠᠶ᠎ᠠ
ᠬᠠᠮᠤᠭ ᠴᠢᠳᠠᠯ ᠢ᠋ᠶ᠋ᠠᠷ ᠢ᠋ᠶ᠋ᠠᠨ ᠬᠠᠰᠬᠢᠷᠤᠭᠠᠷᠠᠢ
ᠮᠥᠩᠭᠥᠨ ᠳᠠᠭᠢᠨᠢ ᠠ᠋᠂ ᠮᠥᠩᠭᠥᠨ ᠳᠠᠭᠢᠨᠢ ᠠ᠋
ᠬᠥᠭᠡᠷᠦᠬᠦᠢ ᠰᠢᠲᠦᠨ ᠬᠡᠦᠬᠡᠳ ᠦ᠋ᠳ ᠮᠢᠨᠢ
ᠬᠠᠷᠠᠯᠠᠵᠤ ᠴᠣᠭᠣᠷᠠᠭᠠᠳ ᠡᠪᠡᠳᠴᠢᠯᠡᠵᠡᠢ᠃
ᠤᠮᠳᠠᠭᠠᠨ ᠰᠢᠬᠢᠷᠭᠡᠨ ᠲᠡᠢ ᠨᠠᠢᠵᠠᠯᠠᠭᠰᠠᠨ ᠪᠣᠯᠬᠣᠷ
ᠤᠷᠰᠢᠭᠲᠤ ᠠᠷᠵᠠᠭᠠᠬᠠᠢ ᠢᠷᠡᠭᠰᠡᠨ ᠪᠣᠯᠤᠯᠲᠠᠢ
ᠮᠤᠨᠤᠨ ᠬᠦᠦ ᠮᠢᠨᠢ ᠴᠢ
ᠤᠭᠤᠯᠠᠢ᠂ ᠰᠤᠢᠵᠢᠮᠠ᠂ ᠰᠡᠯᠡᠮ᠎ᠡ᠂ ᠤᠯᠤᠰᠤᠩᠬᠠᠨ ᠳᠥᠷᠪᠡ ᠶ᠋ᠢ
ᠮᠠᠰᠢ ᠬᠤᠷᠳᠤᠨ ᠣᠯᠤᠭᠠᠳ ᠢᠷ᠎ᠡ
ᠣᠯᠳᠠᠪᠠᠯ ᠪᠠᠰᠠ ᠠᠮᠠ ᠵᠠᠢᠯᠤᠭᠴᠢ ᠶ᠋ᠢ ᠠᠪᠴᠢᠷᠠᠭᠠᠷᠠᠢ
ᠵᠠ᠂ ᠲᠡᠭᠡᠶ᠎ᠡ
ᠪᠤᠢᠯᠠ ᠰᠢᠳᠦ ᠶ᠋ᠢ ᠰᠠᠢᠨ ᠱᠦᠭᠦᠷᠳᠡᠵᠦ
ᠪᠦᠭᠦᠳᠡ ᠶ᠋ᠢ ᠭᠢᠯᠠᠯᠵᠠᠲᠠᠯ᠎ᠠ ᠴᠡᠪᠡᠷᠯᠡᠳᠡᠭ
ᠰᠤᠢᠵᠢᠮᠠ ᠪᠢ ᠢᠷᠡᠯ᠎ᠡ
ᠠᠮᠠᠨ ᠬᠥᠨᠳᠡᠢ ᠶ᠋ᠢᠨ ᠡᠪ ᠦᠭᠡᠢ ᠦᠨᠦᠷ ᠢ᠋ ᠠᠷᠢᠯᠭᠠᠳᠠᠭ
ᠠᠷᠵᠠᠭᠠᠬᠠᠢ ᠨᠤᠭᠤᠳ ᠢ᠋ ᠬᠥᠭᠡᠭᠡᠨ ᠤᠰᠠᠳᠬᠠᠬᠤ ᠴᠢᠳᠠᠪᠤᠷᠢ ᠲᠠᠢ
ᠤᠭᠤᠯᠠᠢ ᠪᠢ ᠢᠷᠡᠯ᠎ᠡ
ᠰᠢᠳᠦ ᠨᠤᠭᠦᠳ ᠦ᠋ᠨ ᠵᠠᠪᠰᠠᠷ ᠢ᠋ ᠴᠡᠪᠡᠷᠯᠡᠳᠡᠭ
ᠰᠢᠯᠢᠮᠡᠯ ᠤᠲᠠᠰᠤ ᠪᠠᠷ ᠬᠢᠭᠳᠡᠭᠰᠡᠨ ᠤᠯᠤᠰᠤᠩᠬᠠᠨ ᠪᠢ ᠢᠷᠡᠯ᠎ᠡ
ᠬᠡᠯᠡᠨ ᠳ᠋ᠦ᠍ ᠲᠣᠭᠲᠠᠭᠰᠠᠨ ᠥᠩᠭᠥᠷ ᠢ᠋
ᠬᠤᠢᠨ᠎ᠠ ᠡᠴᠡ ᠨᠢ ᠤᠷᠤᠭᠰᠢ ᠬᠤᠰᠤᠵᠤ ᠠᠷᠢᠯᠭᠠᠳᠠᠭ
ᠰᠡᠯᠡᠮ᠎ᠡ ᠪᠢ ᠢᠷᠡᠯ᠎ᠡ
ᠰᠤᠢᠵᠢᠮᠠ ᠤᠭᠤᠯᠠᠢ ᠬᠣᠶᠠᠷ ᠰᠢᠭ᠋ ᠰᠠᠢᠨ ᠴᠡᠪᠡᠷᠯᠡᠵᠦ
ᠴᠢᠳᠠᠬᠤ ᠦᠭᠡᠢ ᠴᠦ᠍᠂ ᠰᠡᠩᠭᠢᠨᠡᠭᠰᠡᠨ ᠦᠨᠦᠷ ᠲᠦᠭᠡᠭᠡᠵᠦ
ᠨᠢᠶᠠᠨ ᠤᠰᠠᠳᠬᠠᠳᠠᠭ ᠠᠮᠠ ᠵᠠᠢᠯᠤᠭᠴᠢ ᠪᠢ ᠢᠷᠡᠯ᠎ᠡ
ᠮᠤᠨᠤᠨ ᠬᠦᠦ ᠪᠢ ᠲᠠᠨ ᠤ᠋ ᠬᠡᠯᠡᠭᠰᠡᠨ ᠢ᠋ᠶ᠋ᠡᠷ
ᠠᠮᠠᠨ ᠬᠥᠨᠳᠡᠢ ᠶ᠋ᠢᠨ ᠪᠦᠬᠦ ᠨᠠᠢᠵᠠ ᠨᠠᠷ ᠢ᠋ ᠠᠪᠤᠭᠠᠳ ᠢᠷᠡᠯ᠎ᠡ
ᠬᠦᠷᠦᠯᠴᠡᠨ ᠢᠷᠡᠭᠰᠡᠨ ᠲᠠ ᠪᠦᠬᠦᠨ ᠮᠢᠨᠢ
ᠬᠥᠭᠡᠷᠦᠬᠦᠨ ᠰᠢᠲᠦᠨ ᠬᠡᠦᠬᠡᠳ ᠦ᠋ᠳ ᠢ᠋
ᠡᠷᠡᠭᠦᠯ ᠪᠠᠢᠯᠭᠠᠬᠤ ᠰᠢᠳᠢᠲᠦ ᠬᠥᠭᠡᠰᠦ ᠪᠡᠨ ᠭᠠᠷᠭᠠᠵᠤ
ᠮᠤᠨᠤᠨ ᠬᠦᠦ ᠳ᠋ᠦ᠍ ᠲᠤᠰᠠᠯᠠᠭᠠᠷᠠᠢ
ᠠᠷᠠᠭ᠎ᠠ ᠰᠢᠳᠦ ᠪᠡᠨ ᠲᠣᠭᠣᠷᠢᠭᠤᠯᠤᠨ
ᠠᠷᠤ ᠥᠪᠥᠷ ᠦᠭᠡᠢ ᠰᠠᠢᠨ ᠴᠡᠪᠡᠷᠯᠡ
ᠠᠶᠤᠯᠲᠤ ᠠᠷᠵᠠᠭᠠᠬᠠᠢ ᠦᠯᠡᠳᠡᠬᠦ ᠪᠣᠢ ᠳᠠ
ᠳᠡᠭᠡᠳᠦ ᠰᠢᠳᠦ ᠶ᠋ᠢ ᠳᠡᠭᠡᠷ᠎ᠡ ᠡᠴᠡ ᠨᠢ
ᠳᠣᠣᠷᠠᠲᠤ ᠰᠢᠲᠦ ᠶ᠋ᠢ ᠲᠤᠤᠷ᠎ᠠ ᠡᠴᠡ ᠨᠢ
ᠳᠣᠲᠣᠨ᠎ᠠ ᠭᠠᠳᠠᠨ᠎ᠠ ᠦᠭᠡᠢ ᠱᠦᠸᠠᠰᠳᠠᠭᠠᠷᠠᠢ
ᠶᠠᠭᠠᠷᠠᠬᠤ ᠬᠡᠷᠡᠭ ᠦᠭᠡᠢ ᠶᠠᠭ ᠭᠤᠷᠪᠠᠨ ᠮᠢᠨᠦ᠋ᠲ
ᠤᠭᠤᠯᠠᠢ ᠰᠤᠢᠵᠢᠮᠠ ᠲᠠᠢ ᠨᠠᠢᠵᠠᠯᠠᠭᠠᠷᠠᠢ
ᠨᠠᠷᠢᠨ ᠤᠲᠠᠰᠤ ᠪᠠᠷ ᠴᠡᠪᠡᠷᠯᠡ
ᠬᠤᠢᠨ᠎ᠠ ᠡᠴᠡ ᠤᠷᠤᠭᠰᠢ ᠪᠠᠨ ᠬᠤᠰᠤᠭᠠᠳ
ᠬᠡᠯᠡᠨ ᠦ᠌ ᠥᠩᠭᠥᠷ ᠢ᠋ᠶ᠋ᠡᠨ ᠠᠷᠢᠯᠭᠠᠭᠠᠷᠠᠢ
ᠨᠢᠭᠡ ᠬᠣᠶᠠᠷ ᠭᠤᠷᠪᠠ ᠪᠦᠭᠦᠳᠡ ᠶ᠋ᠢ ᠰᠠᠢᠲᠤᠷ ᠦᠷᠦᠭᠡᠳ
ᠪᠦᠯᠢᠶᠡᠨ ᠤᠰᠤ ᠪᠠᠷ ᠵᠠᠢᠯᠤᠭᠠᠷᠠᠢ
ᠬᠦᠢ᠂ ᠲᠠ ᠦᠨᠡᠬᠡᠷ ᠰᠢᠳᠢ ᠲᠡᠢ ᠶᠦᠮ ᠠ᠋
ᠷᠢᠳᠢ ᠰᠢᠳᠢ ᠣᠭᠲᠣᠬᠠᠨ ᠴᠤ᠌ ᠪᠢᠰᠢ ᠠ᠋ ᠬᠦᠦ ᠮᠢᠨᠢ
ᠡᠵᠢ ᠠᠪᠤ ᠶ᠋ᠢᠨ ᠢ᠋ᠶ᠋ᠡᠨ ᠦᠭᠡᠨ ᠳ᠋ᠦ᠍ ᠣᠷᠣᠭᠠᠳ
ᠤᠮᠳᠠᠭᠠᠨ ᠰᠢᠬᠢᠷᠭᠡᠨ ᠬᠣᠶᠠᠷ ᠲᠠᠢ ᠨᠠᠢᠵᠠᠯᠠᠭᠰᠠᠨ ᠪᠣᠯ
ᠰᠢᠲᠦ ᠪᠡᠨ ᠵᠠᠪᠠᠯ ᠤᠬᠢᠶᠠᠵᠤ ᠪᠠᠢᠭᠠᠷᠠᠢ
ᠴᠣᠭᠣᠷᠠᠵᠤ ᠡᠪᠡᠴᠢᠯᠡᠭᠰᠡᠨ ᠬᠥᠭᠡᠷᠦᠬᠦᠢ ᠠᠷᠠᠭᠠᠬᠠᠢ ᠶ᠋ᠢ
ᠴᠠᠭᠠᠨ ᠨᠥᠮᠥᠷᠭᠡ ᠲᠡᠢ ᠨᠠᠢᠵᠠ ᠪᠠᠷ ᠮᠢᠨᠢ ᠡᠮᠴᠢᠯᠡᠭᠦᠯᠦᠭᠡᠷᠡᠢ
ᠬᠣᠣᠷᠤᠨ ᠰᠠᠨᠠᠭ᠎ᠠ ᠲᠠᠢ ᠠᠷᠵᠠᠭᠠᠬᠠᠢ ᠶ᠋ᠢ
ᠬᠥᠭᠡᠭᠡᠵᠦ ᠤᠰᠠᠳᠬᠠᠳᠠᠭ ᠡᠮᠴᠢ ᠨᠠᠷ ᠶᠤᠮ ᠰᠢᠦ ᠲᠡᠳᠡ
ᠢᠩᠭᠢᠵᠦ ᠬᠡᠯᠡᠭᠡᠳ ᠮᠥᠩᠭᠥᠨ ᠳᠠᠭᠢᠨᠢ ᠪᠤᠴᠠᠯ᠎ᠠ᠃
ᠡᠷᠬᠡ ᠮᠤᠨᠤᠨ ᠴᠤ᠌ ᠰᠡᠷᠡᠯ᠎ᠡ᠃
ᠣᠷᠣᠨ ᠠ᠋ᠴᠠ ᠪᠠᠨ ᠪᠣᠰᠤᠮᠠᠭᠴᠠ ᠲᠡᠷᠡ
ᠣ ᠱᠤᠸᠠᠰᠠ ᠪᠠᠨ ᠠᠪᠴᠤ ᠰᠢᠳᠦ ᠪᠡᠨ ᠰᠠᠢᠲᠤᠷ ᠤᠬᠢᠶᠠᠭᠠᠳ
ᠤᠳᠠᠬᠤ ᠦᠭᠡᠢ ᠡᠮᠴᠢ ᠳᠡᠭᠡᠷ᠎ᠡ ᠣᠴᠢᠯ᠎ᠠ
ᠥᠩᠭᠥᠷ ᠲᠣᠭᠲᠠᠵᠠᠢ ᠰᠢᠲᠦᠨ ᠳ᠋ᠦ᠍ ᠴᠢᠨᠢ
ᠡᠪᠡᠳᠴᠢᠯᠡᠵᠦ ᠪᠠᠰᠠ ᠴᠣᠭᠣᠷᠠᠴᠢᠬᠠᠵᠠᠢ
ᠰᠢᠲᠦ ᠪᠡᠨ ᠤᠬᠢᠶᠠᠳᠠᠭ ᠦᠭᠡᠢ ᠶᠦᠮ ᠦᠦ?ᠲᠠ
ᠰᠢᠷᠠᠯᠠᠴᠢᠬᠠᠭᠰᠠᠨ ᠪᠠᠢᠨ᠎ᠠ ᠰᠢᠦ ᠳᠡ
ᠡᠩ᠂ ᠡᠮᠦᠨ᠎ᠡ ᠨᠢ ᠰᠢᠲᠦ ᠪᠡᠨ
ᠰᠠᠢᠨ ᠤᠬᠢᠶᠠᠵᠤ ᠪᠠᠢᠭ᠎ᠠ ᠦᠭᠡᠢ ᠴᠦ᠍
ᠥᠨᠥ ᠥᠷᠯᠥᠭᠡᠬᠡᠨ ᠮᠠᠰᠢ ᠰᠠᠢᠨ ᠤᠬᠢᠶᠠᠭᠰᠠᠨ ᠳᠠ
ᠡᠳᠦᠷ ᠪᠦᠷᠢ ᠯᠡ ᠤᠬᠢᠶᠠᠬᠤ ᠦᠭᠡᠢ ᠪᠣᠯ
ᠥᠩᠭᠥᠷ ᠲᠣᠭᠲᠠᠭᠠᠳ ᠠᠷᠢᠯᠳᠠᠭ ᠦᠭᠡᠢ ᠶᠦᠮ
ᠡᠪᠡᠳᠴᠦ ᠬᠠᠷᠠᠯᠠᠭᠠᠳ ᠴᠣᠭᠣᠷᠠᠬᠤ ᠪᠠᠷ ᠢ᠋ᠶ᠋ᠠᠨ
ᠡᠪᠡᠳᠴᠦ ᠴᠢᠮ᠎ᠠ ᠶ᠋ᠢ ᠣᠬᠢᠯᠠᠭᠤᠯᠳᠠᠭ ᠶᠤᠮ
ᠲᠡᠢᠮᠦ ᠪᠣᠯᠬᠣᠷ ᠮᠤᠨᠤᠨ ᠬᠦᠦ ᠮᠢᠨᠢ
ᠥᠷᠯᠥᠭᠡ ᠡᠳᠦᠷ ᠣᠷᠣᠢ ᠭᠡᠳ ᠡᠳᠦᠷ ᠲᠦ᠍ ᠭᠤᠷᠪᠠᠨ ᠤᠳᠠᠭ᠎ᠠ
ᠵᠠᠪᠠᠯ ᠰᠢᠳᠦ ᠪᠡᠨ ᠤᠬᠢᠶᠠᠬᠤ ᠬᠡᠷᠡᠭᠲᠡᠢ ᠶ᠋ᠢ
ᠵᠠᠬᠢᠵᠤ ᠴᠢᠮ᠎ᠠ ᠳ᠋ᠤ᠌ ᠬᠡᠯᠡᠮᠡᠷ ᠪᠠᠢᠨ᠎ᠠ
ᠬᠣᠷᠣᠮ ᠤ᠋ᠨ ᠲᠡᠳᠦᠢ ᠳ᠋ᠦ᠍ ᠡᠮᠴᠢ
ᠬᠣᠣᠷᠤᠨ ᠰᠠᠨᠠᠭᠠᠲᠤ ᠠᠷᠵᠠᠭᠠᠬᠠᠢ ᠶ᠋ᠢ ᠬᠥᠭᠡᠭᠡᠵᠦ
ᠡᠪᠡᠳᠴᠢᠨ ᠡᠴᠡ ᠨᠢ ᠰᠠᠯᠭᠠᠵᠤ ᠳᠠᠭᠤᠰᠤᠯ᠎ᠠ᠃
ᠠᠷᠠᠭ᠎ᠠ ᠰᠢᠳᠦ ᠶ᠋ᠢ ᠮᠢᠨᠢ ᠡᠮᠴᠢᠯᠡᠵᠦ ᠥᠭᠭᠦᠭᠰᠡᠨ
ᠠᠴᠢᠲᠤ ᠡᠮᠴᠢ ᠲᠠᠨ ᠳ᠋ᠤ᠌ ᠪᠠᠨ ᠪᠠᠶᠠᠷᠯᠠᠯ᠎ᠠ ᠭᠡᠵᠦ ᠬᠡᠯᠡᠭᠡᠳ
ᠮᠤᠨᠤᠨ ᠪᠠᠶᠠᠷᠯᠠᠵᠤ ᠬᠥᠭᠡᠷᠦᠨ ᠢᠨᠢᠶᠡᠯ᠎ᠡ᠃
ᠵᠡᠭᠦᠳᠦ ᠨᠣᠢᠷ ᠤ᠋ᠨ ᠶᠢᠷᠲᠢᠨᠴᠦ ᠳ᠋ᠦ᠍ ᠪᠡᠨ
ᠳᠠᠷᠠᠭ᠎ᠠ ᠪᠠᠷ ᠳᠠᠬᠢᠨ ᠠᠭᠤᠯᠵᠠᠶ᠎ᠠ
ᠵᠠᠯᠬᠠᠭᠤᠷᠠᠯ ᠦᠭᠡᠢ ᠰᠢᠳᠦ ᠪᠡᠨ ᠤᠬᠢᠶᠠᠵᠠᠭᠠᠶᠠ
ᠵᠠᠪ ᠭᠠᠷᠭᠠᠭᠠᠳ ᠡᠮᠴᠢ ᠳ᠋ᠦ᠍ ᠦᠵᠡᠭᠦᠯᠵᠡᠭᠡᠶ᠎ᠡ
ᠵᠠ ᠨᠠᠢᠵᠠ ᠨᠤᠭᠤᠳ ᠠ᠋᠂ ᠪᠠᠶᠠᠷᠲᠠᠢ! ᠪᠠᠶᠠᠷᠲᠠᠢ!
*****
ᠦᠰᠦᠭ ᠠᠮᠢᠯᠠᠭᠤᠯᠤᠭᠴᠢ᠄ᠲᠦᠮᠡᠳ ᠤᠨᠳᠤᠷᠮ᠎ᠠ
ᠦᠰᠦᠭ ᠬᠠᠲᠠᠭᠴᠢ᠄ᠲᠠᠪᠬᠤᠷᠪᠠᠶᠠᠷ
ᠬᠢᠨᠠᠭᠴᠢ᠄ᠱᠤᠳᠤᠷᠭᠤ᠂ᠤᠶᠠᠬᠠᠨ уяхан
